ᠡᠶᠢᠮᠦ ᠦᠢᠯᠡ ᠠᠵᠢᠯᠯᠠᠭ᠎ᠠ ᠲᠠᠢ ᠲᠠᠩᠰᠠᠨ ᠨᠣᠮᠧᠷ ᠢ ᠪᠢᠳᠡᠬᠦᠮᠵᠢᠯᠡᠨ᠎ᠡ︕ ᠸᠢᠴᠠᠲ ᠤᠨ ᠬᠢᠨ ᠤ ᠬᠠᠮᠤᠭ ᠰᠢᠨ᠎ᠡ ᠠᠯᠪᠠᠨ ᠵᠠᠷ
ᠨᠡᠶᠢᠲᠡᠯᠡᠭᠰᠡᠨ ᠴᠠᠭ᠄
2023/2/28
     ᠣᠶᠢᠷ᠎ᠠ ᠳᠤ᠂ ᠸᠢᠴᠠᠲ ᠤᠨ ᠠᠮᠤᠷ ᠲᠦᠪᠰᠢᠨ ᠤ ᠲᠥᠪ ᠠᠴᠠ  ᠬᠠᠮᠤᠭ ᠤᠨ  ᠰᠢᠨ᠎ᠡ  ᠠᠯᠪᠠᠨ  ᠵᠠᠷ  ᠨᠡᠶᠢᠲᠡᠯᠡᠪᠠ᠄ ᠰᠦᠯᠵᠢᠶ᠎ᠡ ᠪᠠᠷ ᠮᠡᠬᠡᠯᠡᠬᠦ ᠦᠢᠯᠡ ᠠᠵᠢᠯᠯᠠᠭ᠎ᠠ ᠳᠤ ᠴᠢᠩᠭ᠎ᠠ ᠴᠣᠬᠢᠯᠲᠠ ᠥᠭᠴᠦ᠂ ᠮᠡᠬᠡᠯᠡᠯ ᠤᠨ ᠦᠢᠯᠡ ᠠᠵᠢᠯᠯᠠᠭ᠎ᠠ ᠣᠷᠣᠰᠢᠵᠤ‌‍ᠪᠠᠶᠢᠬᠤ ᠪᠠᠷ ᠨᠤᠳᠠᠯᠠᠬᠳᠠᠬᠰᠠᠨ ᠲᠠᠩᠰᠠᠨ ᠨᠣᠮᠧᠷ᠂ ᠲᠣᠭᠠᠴᠠᠭ᠎ᠠ ᠬᠢᠬᠦ ᠲᠠᠩᠰᠠᠨ ᠡᠷᠦᠬᠡ ᠶᠢ ᠪᠢᠲᠡᠭᠦᠮᠵᠢᠯᠡᠬᠦ᠂  ᠴᠡᠪᠳᠡᠭᠯᠡᠬᠦ  ᠵᠡᠷᠭᠡ‌ᠠᠷᠭ᠎ᠠ ᠠᠪᠤᠨ᠎ᠠ ᠬᠡᠪᠡ᠃            ᠪᠠᠶᠢᠩᠭᠤ ᠲᠣᠬᠢᠶᠠᠯᠳᠤᠳᠠᠭ ᠣᠯᠠᠨ ᠡᠭᠦᠰᠳᠡᠭ ᠮᠡᠬᠡᠯᠡᠯ ᠤᠨ ᠲᠥᠷᠥᠯ ᠳᠤ᠄        ᠬᠠᠭᠤᠳᠠᠰᠤ ᠰᠢᠷᠪᠢᠬᠦ ᠶᠢ ᠬᠠᠪᠰᠤᠷᠭᠠᠬᠰᠠᠨ ᠲᠥᠷᠥᠯ ᠤᠨ  ᠮᠡᠬᠡᠯᠡᠯ᠂  ᠰᠦᠯᠵᠢᠶᠡᠨ ᠤ  ᠵᠢᠭᠡᠯᠡᠯᠭᠡ ᠶᠢᠨ  ᠲᠥᠷᠥᠯ ‍ᠤᠨ‌ᠮᠡᠬᠡᠯᠡᠯ᠂ ᠵᠣᠴᠢᠳ ᠤᠨ ᠦᠢᠯᠡᠴᠢᠯᠡᠭᠡ ᠪᠠᠷ ᠣᠪᠯᠠᠵᠤ ᠵᠣᠭᠤᠰ ᠪᠤᠴᠠᠭᠠᠬᠤ ᠲᠥᠷᠥᠯ ᠤᠨ ᠮᠡᠬᠡᠯᠡᠯ᠂  ᠪᠠᠯᠠ  ᠣᠷᠣᠭᠤᠯᠵᠤ  ᠡᠳ᠋‌ᠬᠠᠮᠢᠶᠠᠷᠬᠤ ᠲᠥᠷᠥᠯ ᠤᠨ ᠮᠡᠬᠡᠯᠡᠯ᠂ ᠪᠠᠷᠠᠭ᠎ᠠ ᠬᠤᠳᠠᠯᠳᠤᠨ ᠠᠪᠬᠤ ᠬᠤᠳᠠᠯ ᠬᠠᠭᠤᠷᠮᠠᠭ ᠦᠢᠯᠡᠴᠢᠯᠡᠭᠡᠨ ᠤ ᠲᠥᠷᠥᠯ ᠤᠨ ᠮᠡᠬᠡᠯᠡᠯ᠂︽ᠭᠠᠭ᠋ᠠᠶ ᠠᠯᠠᠬᠤ ᠲᠠᠪᠠᠭ︾᠎ ᠤᠨ ᠮᠡᠬᠡᠯᠡᠯ᠂ ᠤᠳᠤᠷᠢᠳᠤᠯᠭ᠎ᠠ ᠪᠤᠯᠤᠨ ᠲᠠᠨᠢᠯ ᠬᠥᠮᠦᠨ ᠎ ᠢᠶᠠᠷ  ᠤᠪᠯᠠᠬᠤ  ᠲᠥᠷᠥᠯ ᠤᠨ  ᠮᠡᠬᠡᠯᠡᠯ᠂︽ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠪᠠᠶᠢᠴᠠᠭᠠᠬᠤ ᠬᠤᠷᠢᠶ᠎ᠠ ᠰᠢᠭᠦᠬᠦ ᠬᠤᠷᠢᠶ᠎ᠠ︾᠎ ᠶᠢᠨ ᠬᠢᠨ ᠢᠶᠠᠷ ᠤᠪᠯᠠᠬᠤ  ᠲᠥᠷᠥᠯ ‍ᠤᠨ‌ᠮᠡᠬᠡᠯᠡᠯ᠂ ᠰᠦᠯᠵᠢᠶᠡᠨ ᠤ ᠲᠣᠭᠯᠠᠭᠠᠮ ᠤᠨ ᠬᠤᠳᠠᠯ ᠬᠠᠭᠤᠷᠮᠠᠭ ᠢᠶᠠᠷ  ᠠᠷᠠᠯᠵᠢᠶᠠᠯᠠᠬᠤ  ᠲᠥᠷᠥᠯ ᠤᠨ  ᠮᠡᠬᠡᠯᠡᠯ᠂  ᠵᠢᠭᠡᠯᠡᠯᠭᠡ ᠵᠢᠨ‌ᠢᠲᠡᠭᠡᠮᠵᠢ ᠶᠢᠨ ᠺᠠᠷᠲ ᠤᠨ ᠲᠥᠷᠥᠯ᠁ ᠪᠤᠢ᠃               ᠡᠲᠡᠭᠡᠷ ᠮᠡᠬᠡᠯᠡᠬᠦ ᠠᠵᠢᠯᠯᠠᠭ᠎ᠠ ᠨᠢ ᠸᠢᠴᠠᠲ ᠤᠨ  ᠬᠡᠷᠡᠭᠯᠡᠭᠴᠢ ᠶᠢᠨ  ᠬᠠᠤᠯᠢ  ᠶᠣᠰᠣᠨ ᠤ  ᠡᠷᠬᠡ  ᠠᠰᠢᠭ ᠢ  ᠬᠦᠨᠳᠦ‌ᠨᠣᠴᠢᠲᠠᠶ ᠨᠥᠯᠥᠭᠡᠯᠡᠵᠦ᠂ ᠲᠠᠪᠴᠠᠩ ᠤᠨ ᠠᠮᠢ ᠠᠬᠤᠶ ᠶᠢᠨ ᠣᠷᠴᠢᠨ ᠨᠥᠬᠦᠴᠡᠯ ᠢ ᠡᠪᠳᠡᠳᠡᠭ᠃ ᠸᠢᠴᠠᠲ ᠎ ᠤᠨ ᠬᠢᠨᠢ ᠲᠠᠪᠴᠠᠩ‌‍ᠲ᠋ᠣᠲᠣᠷ᠎ᠠ ᠡᠭᠦᠰᠦᠭᠰᠡᠨ ᠡᠯ᠎ᠡ ᠲᠥᠷᠥᠯ ᠤᠨ ᠮᠡᠬᠡᠯᠡᠯ ᠤᠨ ᠠᠵᠢᠯᠯᠠᠭ᠎ᠠ ᠶᠢ  ᠭᠤᠤᠯᠳᠠᠯᠭ᠎ᠠ ᠲᠠᠢ  ᠠᠩᠬᠠᠷᠴᠤ᠂  ᠡᠷᠡᠰ  ᠰᠢᠭᠤᠷᠬᠠᠢ‌‍ᠰᠢᠢᠳᠪᠦᠷᠢᠯᠡᠵᠦ᠂ ᠴᠢᠩᠭ᠎ᠠ ᠴᠣᠬᠢᠯᠲᠠ ᠥᠭᠭᠦᠭᠰᠡᠭᠡᠷ ᠢᠷᠡᠵᠡᠶ᠃               ᠤᠯᠤᠰ ᠤᠨ ᠬᠠᠮᠢᠶ᠎ᠠ ᠪᠥᠬᠦᠶ ᠬᠠᠤᠯᠢ ᠴᠠᠭᠠᠵᠠ ᠬᠠᠤᠯᠢ ᠲᠣᠭᠲᠠᠭᠠᠯ ᠵᠢᠴᠢ ︽ᠲᠧᠩ ᠰᠢᠶᠦ᠋ᠨ ᠸᠢᠴᠠᠲ ᠤᠨ  ᠵᠥᠭᠡᠯᠡᠨ‌‍ᠲ᠋ᠣᠨᠤᠭ ᠤᠨ ᠵᠥᠪᠰᠢᠶᠡᠷᠡᠯ ᠵᠢᠴᠢ ᠦᠢᠯᠡᠴᠢᠯᠡᠭᠡᠨ ᠤ ᠵᠥᠪᠯᠡᠯᠴᠡᠭᠡᠷ︾᠂ ︽ᠸᠢᠴᠠᠲ ᠤᠨ ᠬᠤᠪᠢ ᠬᠥᠮᠦᠨ ᠤ ᠲᠠᠩᠰᠠᠨ  ᠨᠣᠮᠧᠷ ᠢ‌‍ᠬᠡᠷᠡᠭᠯᠡᠬᠦ ᠵᠢᠷᠤᠮᠵᠢᠯ︾᠎ ᠢ ᠦᠨᠳᠦᠰᠦᠯᠡᠨ᠂ ᠬᠡᠷᠡᠭᠯᠡᠭᠴᠢ ᠶᠢᠨ  ᠵᠠᠭᠠᠯᠳᠤᠯᠭ᠎ᠠ ᠳᠤ  ᠲᠤᠰᠢᠶᠠᠭᠰᠠᠨ  ᠭᠡᠷᠡᠴᠢ  ᠪᠠᠷᠢᠮᠲᠠ ᠶᠢ  ᠬᠢᠨᠠᠨ‌ᠬᠠᠷᠭᠤᠭᠤᠯᠤᠭᠰᠠᠨ ᠤ ᠳᠠᠷᠠᠭ᠎ᠠ᠂ ᠮᠡᠬᠡᠯᠡᠯ ᠤᠨ ᠦᠢᠯᠡ  ᠠᠵᠢᠯᠯᠠᠭ᠎ᠠ  ᠣᠷᠣᠰᠢᠵᠤ  ᠪᠠᠶᠢᠬᠤ ᠎ ᠪᠠᠷ  ᠨᠤᠳᠠᠯᠠᠬᠳᠠᠬᠰᠠᠨ  ᠲᠠᠩᠰᠠᠨ‌ᠨᠣᠮᠧᠷ᠂ ᠸᠢᠴᠠᠲ ᠤᠨ ᠬᠢᠨ ᠢ ᠲᠣᠭᠲᠠᠭᠠᠯ ᠠᠴᠠ  ᠵᠥᠷᠢᠴᠡᠭᠰᠡᠨ  ᠬᠡᠮᠵᠢᠶ᠎ᠡ ᠶᠢ ᠨᠢ  ᠦᠵᠡᠵᠦ  ᠪᠠᠶᠢᠭᠠᠳ  ᠴᠢᠳᠠᠮᠵᠢ ᠎ ᠶᠢ  ᠨᠢ‌‍ᠬᠢᠵᠠᠭᠠᠷᠯᠠᠬᠤ᠂ ᠲᠠᠩᠰᠠᠨ ᠨᠣᠮᠧᠷ ᠢ ᠨᠢ ᠪᠢᠲᠡᠭᠦᠮᠵᠢᠯᠡᠬᠦ ᠵᠡᠷᠭᠡ ᠱᠠᠲᠤᠯᠢᠭ ᠬᠡᠯᠪᠡᠷᠢ ᠪᠠᠷ ᠰᠢᠢᠳᠪᠦᠷᠢᠯᠡᠨ᠎ᠡ︔ ᠮᠡᠬᠡᠯᠡᠯ ᠤᠨ ᠦᠢᠯᠡ‌ᠠᠵᠢᠯᠯᠠᠭ᠎ᠠ ᠲᠠᠢ ᠪᠠᠷ ᠨᠤᠳᠠᠯᠠᠬᠳᠠᠬᠰᠠᠨ ᠲᠣᠭᠠᠴᠠᠭ᠎ᠠ ᠬᠢᠬᠦ ᠳᠠᠩᠰᠠᠨ ᠡᠷᠦᠬᠡ ᠶᠢ ᠴᠡᠪᠳᠡᠭᠯᠡᠬᠦ ᠵᠡᠷᠭᠡ ᠪᠠᠷ ᠰᠢᠢᠳᠪᠦᠷᠢᠯᠡᠨ᠎ᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2