ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠣᠷᠭᠢᠯ ᠳᠠᠭᠠᠨ ᠲᠤᠯᠤᠬᠰᠠᠨ ᠤ ᠳᠠᠷᠠᠭ᠎ᠠ᠂ ᠪᠠᠰᠠ ᠡᠯᠢᠭᠡᠨ ᠤ ᠭᠡᠮᠲᠦᠯ ᠤᠨ ᠪᠠᠭ᠎ᠠ ᠣᠷᠭᠢᠯ ᠢᠯᠡᠷᠡᠨ᠎ᠠ ᠤᠤ︖
ᠨᠡᠶᠢᠲᠡᠯᠡᠭᠰᠡᠨ ᠴᠠᠭ᠄
2023/2/23
     ︽1 ᠰᠠᠷ᠎ᠠ ᠳᠤ ᠰᠢᠨ᠎ᠡ  ᠲᠢᠲᠢᠮᠯᠢᠭ  ᠠᠭᠤᠰᠬᠢᠨ  ᠦᠷᠪᠢᠰᠦᠯ ᠤᠨ  ᠣᠷᠭᠢᠯ ᠤᠨ  ᠦᠶ᠎ᠡ ᠳᠤ᠂  ᠡᠪᠡᠳᠴᠢᠲᠡᠨ ‍ᠤ‌‍ᠲ᠋ᠣᠭᠤᠷᠢᠭ ᠤᠨ ᠬᠢᠨ ᠰᠢᠨ᠎ᠡ ᠲᠢᠲᠢᠮᠯᠢᠭ ᠠᠭᠤᠰᠬᠢᠨ ᠦᠷᠪᠢᠰᠦᠯ ᠳᠤ  ᠬᠠᠯᠳᠠᠪᠤᠷᠢᠯᠠᠭᠳᠠᠭᠰᠠᠨ  ᠮᠠᠰᠢ  ᠣᠯᠠᠨ  ᠡᠪᠡᠳᠴᠢᠲᠡᠨ ᠢ‌‍ᠭᠥ᠋ᠯᠢᠶᠡᠨ ᠠᠪᠴᠤ ᠡᠮᠨᠡᠨ ᠵᠠᠰᠠᠪᠡ᠂ ᠡᠮᠨᠡᠯᠭᠡ ᠳᠤ ᠰᠠᠭᠤᠵᠤ ᠪᠠᠶᠢᠭ᠎ᠠ ᠬᠤᠭᠤᠴᠠᠭᠠᠨ  ᠎ ᠳᠤ᠂  ᠮᠠᠰᠢ  ᠣᠯᠠᠨ  ᠡᠪᠡᠳᠴᠢᠲᠡᠨ  ᠳ᠋ᠤ᠋‌ᠡᠩ ᠤᠨ ᠪᠠᠶᠢᠴᠠᠭᠠᠯᠲᠠ ᠬᠢᠭᠰᠡᠨ ᠳᠤ ᠡᠯᠢᠭᠡᠨ ᠤ ᠠᠵᠢᠯᠯᠠᠭ᠎ᠠ ᠨᠢ ᠭᠡᠮᠲᠦᠭᠰᠡᠨ ᠢ ᠣᠯᠵᠤ ᠮᠡᠳᠡᠵᠡᠶ᠃                ᠲᠠᠷᠬᠠᠯᠭ᠎ᠠ ᠶᠢᠨ ᠭᠡᠮᠲᠦᠯ᠃ ᠰᠢᠨ᠎ᠡ ᠲᠢᠲᠢᠮᠯᠢᠭ ᠸᠢᠷᠦ᠋ᠰ ᠲᠤ ᠬᠠᠯᠳᠠᠪᠤᠷᠢᠯᠠᠬᠳᠠᠬᠰᠠᠨ ᠤ ᠳᠠᠷᠠᠭ᠎ᠠ᠂ ᠡᠩ ᠲᠡᠷᠢᠭᠦᠨ ᠳ᠋ᠤ᠋‌ᠠᠮᠢᠰᠬᠤᠯ ᠤᠨ ᠵᠠᠮ᠂ ᠠᠭᠤᠰᠬᠢ ᠵᠡᠷᠭᠡ ᠶᠢ ᠭᠡᠮᠲᠦᠭᠡᠵᠦ᠂ ᠪᠡᠶ᠎ᠡ ᠮᠠᠬᠠᠪᠣᠳ ᠤᠨ ᠲᠠᠷᠬᠠᠯᠭ᠎ᠠ ᠶᠢᠨ ᠴᠡᠪᠡᠷᠯᠡᠭᠡ ᠬᠢᠬᠦ ᠶᠠᠪᠤᠴᠠ ᠳᠤ᠂ᠡᠯᠢᠭᠡᠨ ᠡᠰ ᠲᠤ ᠵᠣᠬᠢᠬᠤ ᠬᠡᠮᠵᠢᠶᠡᠨ ᠤ ᠭᠡᠮᠲᠦᠯ ᠤᠴᠠᠷᠠᠭᠤᠯᠵᠤ ᠮᠡᠳᠡᠨ᠎ᠡ᠃             ᠡᠮ ᠲᠠᠩ ᠠᠴᠠ ᠪᠤᠯᠤᠬᠰᠠᠨ ᠭᠡᠮᠲᠦᠯ᠃ ᠪᠠᠶᠢᠡᠭᠭᠤ ᠲᠤᠬᠢᠶᠠᠯᠳᠤᠳᠠᠭ ᠡᠮ ᠎ ᠢᠶᠠᠷ  ᠵᠢᠱᠢᠶᠡᠯᠡᠪᠡᠯ  ︽ᠠᠼᠤᠲ᠋ᠢᠯ  ᠠᠮᠢᠨᠣ᠋‌‍ᠹᠧᠨᠣᠯ︾᠎ ᠨᠢ ᠮᠠᠰᠢ ᠣᠯᠠᠨ ᠡᠮ ᠤᠨ ᠳᠣᠲᠣᠷ᠎ᠠ ᠴᠥᠮ ᠠᠭᠤᠯᠤᠭᠳᠠᠵᠦ ᠪᠠᠶᠢᠳᠠᠭ᠂ ᠵᠠᠷᠢᠮ  ᠡᠪᠡᠳᠴᠢᠲᠡᠨ ᠨᠢ  ᠡᠷᠡᠭᠦᠯᠵᠢᠬᠦ  ᠵᠢ‌‍ᠶᠠᠭᠠᠷᠠᠵᠤ᠂ ︽ᠬᠡᠳᠦᠨ ᠵᠦᠢᠯ ᠤᠨ  ᠡᠮ ᠢ  ᠬᠠᠮᠲᠤ ᠳᠤᠨᠢ  ᠤᠤᠭᠤᠵᠦ︾  ᠪᠠᠶᠢᠳᠠᠭ᠂  ᠢᠡᠭᠭᠢᠬᠦ ᠳᠤ  ᠭᠦᠷᠪᠡᠯ  ᠳᠠᠪᠬᠤᠴᠠᠬᠤ ᠦᠢᠯᠡᠳᠦᠯ  ᠭᠠᠷᠴᠤ᠂  ᠡᠯᠢᠭᠡ ᠶᠢ  ᠭᠡᠮᠲᠦᠭᠡᠵᠦ᠂  ᠴᠢᠨᠠᠭᠰᠢᠯᠠᠪᠠᠯ  ᠡᠯᠢᠭᠡᠨ ᠤ  ᠠᠵᠢᠯᠯᠠᠭ᠎ᠠ ᠶᠢ  ᠮᠠᠭᠤᠳᠠᠭᠤᠯᠵᠤ  ᠮᠡᠳᠡᠨ᠎ᠡ᠃ᠠᠩᠬᠠᠷᠤᠭᠤᠰᠢᠲᠠᠶ ᠨᠢ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠢ ᠡᠮᠨᠡᠨ ᠵᠠᠰᠠᠬᠤ ᠵᠠᠷᠢᠮ ︽ᠣᠨᠴᠠ  ᠲᠤᠰᠠᠲᠠᠶ  ᠡᠮ︾ ᠨᠢ‌‍ᠪᠠᠰᠠ ᠡᠲᠦᠢ ᠲᠡᠲᠦᠢ ᠭᠠᠵᠢ ᠦᠢᠯᠡᠳᠦᠯ ᠲᠠᠢ ᠪᠤᠯᠬᠤᠷ ᠡᠯᠢᠭᠡ ᠪᠥᠭᠡᠷ᠎ᠡ ᠶᠢᠨ ᠠᠵᠢᠯᠯᠠᠭ᠎ᠠ ᠶᠢ ᠭᠡᠮᠲᠦᠭᠡᠵᠦ ᠮᠡᠳᠡᠨ᠎ᠡ᠃        ᠦᠷᠪᠢᠰᠦᠯ ᠠᠴᠠ ᠪᠤᠯᠤᠬᠰᠠᠨ  ᠭᠡᠮᠲᠦᠯ᠃  ᠵᠠᠷᠢᠮ  ᠰᠤᠳᠤᠯᠭᠠᠨ ᠳᠤ  ᠢᠯᠡᠷᠡᠭᠦᠯᠦᠭᠰᠡᠨ ᠢᠶᠠᠷ᠂  ᠰᠢᠨ᠎ᠡ  ᠲᠢᠲᠢᠮᠯᠢᠭ‌ᠠᠭᠤᠰᠬᠢᠨ  ᠦᠷᠪᠢᠰᠦᠯ  ᠤᠯᠤᠬᠰᠠᠨ  ᠡᠪᠡᠳᠴᠢᠲᠡᠨ ᠤ  ᠪᠡᠶ᠎ᠡ ᠳᠠᠬᠢ  ᠸᠢᠷᠦ᠋ᠰ ᠤᠨ  ᠬᠠᠯᠳᠠᠪᠤᠷᠢᠯᠠᠯ ᠨᠢ  ᠶᠡᠭᠡ  ᠬᠡᠮᠵᠢᠶᠡᠨ ‍ᠤ‌‍ᠲ᠋ᠠᠷᠬᠠᠯᠭ᠎ᠠ ᠶᠢᠨ ᠡᠰ ᠢ ᠬᠥᠭᠵᠢᠭᠡᠵᠦ᠂ ᠦᠷᠪᠢᠰᠦᠯ ᠤᠨ ᠹᠠᠺᠲ᠋ᠧᠷ ᠤᠨ ᠰᠢᠭᠤᠷᠭ᠎ᠠ ᠶᠢ ᠡᠭᠦᠰᠭᠡᠵᠦ᠂ ᠡᠯᠢᠭᠡᠨ ᠤ ᠦᠷᠪᠢᠰᠦᠯ  ᠪᠤᠢ‌‍ᠪᠤᠯᠬᠤ ᠶᠢ ᠡᠲᠦᠢ ᠲᠡᠲᠦᠢ ᠠᠬᠢᠭᠤᠯᠳᠠᠭ ᠪᠠᠶᠢᠨ᠎ᠠ᠃              ᠨᠡᠬᠡᠳᠡᠰᠦ ᠴᠢᠰᠤ ᠳᠤᠲᠠᠭᠳᠠᠬᠰᠠᠨ ᠬᠦᠴᠢᠯᠲᠥ᠋ᠷᠥᠭᠴᠢ ᠳᠤᠲᠠᠭᠳᠠᠬᠰᠠᠨ ᠪᠠ ᠳᠠᠬᠢᠨ  ᠶᠡᠭᠦᠯᠡᠭᠰᠡᠨ ᠎ ᠠᠴᠠ  ᠪᠤᠯᠤᠬᠰᠠᠨ‌‍ᠭᠡᠮᠲᠦᠯ᠃ ᠡᠯᠢᠭᠡᠨ ᠤ ᠰᠣᠯᠢᠯᠴᠠᠭ᠎ᠠ ᠬᠥᠭᠵᠢᠩᠭᠦᠶ ᠪᠤᠯ ᠨᠡᠬᠡᠳᠡᠰᠦ ᠶᠢᠨ ᠡᠷᠬᠡᠲᠡᠨ ᠳᠤ ᠥᠨᠳᠥᠷ  ᠬᠦᠴᠢᠯᠲᠥ᠋ᠷᠥᠭᠴᠢ  ᠬᠠᠨᠭ᠍ᠭᠠᠵᠤ‌‍ᠪᠠᠶᠢᠳᠠᠭ᠂  ᠬᠡᠳᠡᠯ᠎ᠡ  ᠬᠦᠴᠢᠯᠲᠥ᠋ᠷᠥᠭᠴᠢ  ᠳᠤᠲᠠᠭᠳᠠᠬᠤ ᠳᠤ  ᠬᠦᠷᠪᠡᠯ  ᠲᠦᠢᠯ ᠤᠨ  ᠰᠡᠷᠭᠡᠭ  ᠢᠯᠡᠷᠡᠯ  ᠭᠠᠷᠳᠠᠭ᠃  ᠤᠷᠲᠤ‌ᠬᠤᠭᠤᠴᠠᠭ᠎ᠠ ᠪᠠᠷ ᠬᠦᠴᠢᠯᠲᠥᠷᠥᠭᠴᠢ ᠳᠤᠲᠠᠭᠳᠠᠬᠰᠠᠨ ᠪᠠ ᠳᠠᠬᠢᠨ ᠡᠮ ᠶᠡᠭᠦᠯᠡᠭᠰᠡᠨ ᠠᠴᠠ ᠪᠤᠯᠤᠬᠰᠠᠨ ᠬᠡᠮᠳᠦᠯ  ᠪᠤᠯ  ᠡᠯᠢᠭᠡ ᠵᠢ‌‍ᠭᠡᠮᠲᠦᠭᠡᠬᠦ ᠶᠢᠨ ᠨᠢᠭᠡ ᠰᠢᠯᠲᠠᠭᠠᠨ ᠪᠣᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2