ᠡᠨᠡ ᠵᠢᠯ ︽ᠢᠯᠡᠬᠦᠦ ︾ 19 ᠡᠳᠦᠷ ᠠᠵᠢᠯᠯᠠᠨ᠎ᠠ︕ ᠰᠠᠶᠢᠨ ᠴᠢᠮᠡᠭᠡ ᠭᠡᠪᠡᠯ ᠡᠨᠡ ᠵᠢᠯ ᠪᠠᠰᠠ ᠭᠡᠳᠦᠨ ᠠᠯᠲᠠᠨ ᠭᠠᠷᠠᠭ ᠤᠨ ᠠᠮᠠᠷᠠᠯᠲᠠ ᠲᠠᠢ︕
ᠨᠡᠶᠢᠲᠡᠯᠡᠭᠰᠡᠨ ᠴᠠᠭ᠄
2023/2/14
    ᠡᠨᠡ ᠵᠢᠯ ᠤᠨ ᠴᠠᠭ ᠤᠯᠠᠷᠢᠯ ᠤᠨ ᠪᠢᠴᠢᠭ ᠢ ᠤᠷᠪᠠᠭᠤᠯᠪᠠᠯ ᠪᠢᠯᠢᠭ ᠤᠨ ᠤᠯᠠᠷᠢᠯ ᠤᠨ ᠲᠠᠤᠯᠠᠢ ᠵᠢᠯ  384  ᠡᠳᠦᠷ ᠪᠠᠶᠢᠬᠤ ᠶᠢ ᠣᠯᠵᠤ ᠮᠡᠳᠡᠨ᠎ᠡ︕             ᠡᠨᠡ ᠵᠢᠯ ︽ᠢᠯᠡᠬᠦᠦ︾ 19 ᠡᠳᠦᠷ ᠠᠵᠢᠯᠯᠠᠨ᠎ᠡ᠂ ᠠᠩᠬᠠᠷᠤᠭᠠᠷᠠᠢ              ᠳᠤᠮᠳᠠᠳᠤ ᠤᠯᠤᠰ ᠪᠣᠯ ᠳᠡᠯᠡᠬᠡᠶ ᠳᠡᠭᠡᠷ᠎ᠡ ᠬᠠᠮᠤᠭ ᠡᠷᠲᠡ ᠣᠨᠣᠪᠴᠢᠲᠠᠶ ᠵᠢᠷᠤᠬᠠᠶ ᠲᠠᠢ ᠪᠤᠯᠤᠬᠰᠠᠨ ᠤᠯᠤᠰ ᠪᠣᠯᠤᠨ᠎ᠠ᠂ᠵᠢᠷᠤᠬᠠᠶ ᠶᠢᠨ ᠬᠥᠭᠵᠢᠯᠲᠡ ᠨᠢ ᠮᠠᠰᠢ ᠪᠠᠶᠠᠯᠢᠭ ᠪᠠᠶᠢᠵᠤ᠂ ᠠᠷᠭ᠎ᠠ ᠪᠢᠯᠢᠭ ᠢ ᠨᠡᠶᠢᠯᠡᠬᠦᠯᠦᠭᠰᠡᠨ ᠴᠠᠭ ᠤᠯᠠᠷᠢᠯ᠂ ᠪᠢᠯᠢᠭ ᠤᠨ  ᠴᠠᠭ‌ᠤᠯᠠᠷᠢᠯ᠂ ᠡᠰᠢ ᠡᠷᠬᠡᠲᠡᠨ ᠤ ᠴᠠᠭ ᠤᠯᠠᠷᠢᠯ ᠵᠡᠷᠭᠡ ᠪᠠᠶᠢᠳᠠᠭ᠃ ᠲᠠᠤᠯᠠᠢ ᠵᠢᠯ  384  ᠡᠳᠦᠷ ᠲᠠᠢ᠂  ᠤᠴᠢᠷ ᠨᠢ  ᠲᠡᠭᠦᠨ  ᠢ‌‍ᠲ᠋ᠤᠮᠳᠠᠳᠤ ᠤᠯᠤᠰ ᠤᠨ ᠠᠷᠭ᠎ᠠ ᠪᠢᠯᠢᠭ ᠤᠨ ᠨᠡᠢᠯᠡᠯᠭᠡ ᠪᠠᠷ ᠪᠣᠳᠣᠵᠤ ᠭᠠᠷᠭᠠᠭᠰᠠᠨ ᠶᠤᠮ᠃           ᠣᠳᠣ ᠳᠤᠮᠳᠠᠳᠤ ᠤᠯᠤᠰ ᠲᠤ ᠨᠡᠶᠢᠳᠡᠮ ᠨᠡᠷᠡᠶᠢᠳᠴᠦ ᠪᠠᠶᠢᠭ᠎ᠠ ᠪᠢᠯᠢᠭ ᠤᠨ ᠤᠯᠠᠷᠢᠯ ᠪᠣᠯ ᠨᠢᠭᠡ  ᠵᠦᠢᠯ ᠤᠨ  ᠠᠷᠭ᠎ᠠ‌‍ᠪᠢᠯᠢᠭ ᠢ ᠨᠡᠶᠢᠯᠡᠭᠦᠯᠦᠭᠰᠡᠨ ᠴᠠᠭ ᠤᠯᠠᠷᠢᠯ ᠪᠣᠯᠤᠨ᠎ᠠ᠂ ᠬᠠᠮᠤᠭ ᠣᠷᠣᠶ ᠎ ᠨᠢ  ᠪᠠᠷᠠᠭᠤᠨ  ᠬᠠᠨ  ᠤᠯᠤᠰ ᠤᠨ  ᠱᠣ᠋  ᠤᠯᠤᠰ ‍ᠤᠨ‌‍ᠬᠥ᠋ᠮᠦᠨ ᠯᠤᠤ ᠰᠢᠶᠠ ᠬᠤᠩ ᠵᠡᠷᠭᠡ ︽ᠲᠠᠶᠢᠴᠤ ᠶᠢᠨ ᠴᠠᠭ ᠤᠯᠠᠷᠢᠯ︾ ︵ᠨᠡᠶᠢᠲᠡ ᠶᠢᠨ ᠣᠨ ᠲᠣᠭᠠᠯᠠᠯ ᠠᠴᠠ  ᠡᠮᠦᠨ᠎ᠡ  104ᠣᠨ︶᠎ ᠢ ᠡᠬᠢᠯᠡᠨ ᠬᠡᠷᠡᠭᠯᠡᠵᠦ᠂ ᠦᠶ᠎ᠡ  ᠦᠶ᠎ᠡ ᠶᠢᠨ  ᠡᠷᠳᠡᠮᠲᠡᠳ ᠤᠨ  ᠥᠭᠡᠷᠡᠴᠢᠯᠡᠯᠲᠡ ᠪᠠᠷ  ᠳᠠᠮᠵᠢᠭᠠᠳ  ᠣᠳᠣ  ᠪᠣᠯᠲᠠᠯ᠎ᠠ‌‍ᠬᠡᠷᠡᠭᠯᠡᠭᠰᠡᠭᠡᠷ ᠪᠠᠶᠢᠨ᠎ᠠ᠂ ᠡᠭᠦᠨ ᠢ ᠪᠠᠰᠠ ᠪᠢᠯᠢᠭ ᠤᠨ ᠴᠠᠭ ᠤᠯᠠᠷᠢᠯ᠂ ᠵᠤᠨ ᠤ ᠴᠠᠭ ᠤᠯᠠᠷᠢᠯ ᠭᠡᠳᠡᠭ᠃            ᠨᠡᠶᠢᠲᠡ ᠶᠢᠨ ᠣᠨ ᠲᠣᠭᠠᠯᠠᠯ ᠤᠨ ᠨᠢᠭᠡ ᠵᠢᠯ ᠤᠨ ᠬᠤᠭᠤᠴᠠᠭ᠎ᠠ ᠨᠢ ᠬᠡᠷᠡᠭ ᠳᠡᠭᠡᠷ᠎ᠡ ᠪᠠᠨ ᠪᠠᠷᠤᠭ 365.24 ᠡᠳᠦᠷ‌‍ᠪᠠᠶᠢᠵᠤ᠂ ᠨᠢᠭᠡ ᠰᠠᠷ᠎ᠠ ᠶᠢᠨ ᠬᠤᠭᠤᠴᠠᠭ᠎ᠠ ᠨᠢ ᠬᠡᠷᠡᠭ ᠳᠡᠭᠡᠷ᠎ᠡ ᠪᠠᠨ ᠪᠠᠷᠤᠭ 29.56 ᠡᠳᠦᠷ ᠪᠠᠶᠢᠳᠠᠭ᠂  ᠢᠡᠭᠭᠢᠵᠦ  ᠪᠤᠳᠤᠪᠠᠯ12 ᠰᠠᠷ᠎ᠠ ᠨᠢ ᠦᠨᠡᠨ ᠳᠡᠭᠡᠨ ᠪᠠᠷᠤᠭ 354.37 ᠡᠳᠦᠷ ᠪᠤᠯᠬᠤ ᠪᠦᠭᠡᠳ ᠨᠡᠶᠢᠳᠡ ᠶᠢᠨ ᠤᠨ ᠲᠤᠭᠠᠯᠠᠯ ᠤᠨ ᠨᠢᠭᠡ ᠵᠢᠯ ‍ᠤᠨ‌ᠡᠳᠦᠷ ᠬᠤᠭᠤᠴᠠᠭ᠎ᠠ ᠳᠤ ᠬᠦᠷᠬᠦ ᠦᠭᠡᠢ ᠶᠤᠮ᠃ ᠬᠡᠷᠪᠡ ᠤᠷᠲᠤ ᠬᠤᠭᠤᠴᠠᠭ᠎ᠠ ᠪᠠᠷ  ᠬᠡᠷᠡᠭᠯᠡᠪᠡᠯ᠂  10  ᠵᠢᠯ ᠤᠨ  ᠳᠠᠷᠠᠭ᠎ᠠ᠂ᠬᠤᠶᠠᠭᠤᠯᠠ ᠲᠠᠷᠦᠢ ᠭᠤᠷᠪᠠᠨ ᠰᠠᠷ᠎ᠠ ᠢᠯᠡᠭᠦᠦ ᠬᠤᠭᠤᠴᠠᠭ᠎ᠠ ᠵᠥᠷᠢᠨ᠎ᠡ᠃            ᠴᠠᠭ ᠤᠯᠠᠷᠢᠯ ᠤᠨ ᠠᠷᠭ᠎ᠠ ᠨᠢ ᠨᠠᠷᠠ  ᠰᠠᠷᠠ  ᠪᠠ  ᠳᠡᠯᠡᠬᠡᠶ ᠶᠢᠨ  ᠪᠥᠮᠪᠥᠷᠴᠡᠭ ᠤᠨ  ᠬᠠᠷᠢᠴᠠᠭ᠎ᠠ ᠶᠢ  ᠬᠠᠮᠲᠤ ᠳᠤᠨᠢ ᠬᠠᠷᠠᠭᠠᠯᠵᠠᠵᠤ᠂ ᠬᠤᠶᠠᠭᠤᠯᠠ ᠶᠢᠨ ᠬᠤᠭᠤᠷᠣᠨᠳᠣᠬᠢ ᠡᠳᠦᠷ ᠤᠨ ᠲᠤᠭ᠎ᠠ ᠶᠢ ᠵᠣᠬᠢᠴᠠᠭᠤᠯᠬᠤ ᠶᠢᠨ ᠲᠥᠯᠥᠭᠡ᠂ ᠳᠠᠷᠤᠶ  ︽ᠢᠯᠡᠭᠦᠦ‌‍ᠰᠠᠷ᠎ᠠ ᠭᠠᠷᠭᠠᠬᠤ ᠠᠷᠭ᠎ᠠ︾᠎ ᠶᠢ ᠬᠡᠷᠡᠭᠯᠡᠪᠡ᠂ ᠡᠨᠡ ᠪᠣᠯ ᠨᠢᠭᠡ ᠵᠦᠢᠯ ᠤᠨ ᠵᠣᠬᠢᠶᠠᠮᠠᠯ ᠲᠣᠭᠲᠠᠭᠠᠯ ᠪᠣᠯᠤᠨ᠎ᠠ᠃             ᠣᠳᠣᠬᠠᠨ ᠳᠤ ᠬᠡᠷᠡᠭᠯᠡᠵᠦ ᠪᠠᠶᠢᠭ᠎ᠠ ᠢᠯᠡᠭᠦᠦ ᠰᠠᠷ᠎ᠠ ᠭᠠᠷᠭᠠᠵᠤ ᠪᠤᠳᠤᠬᠤ ᠠᠷᠭ᠎ᠠ ᠪᠣᠯ  ︽ᠠᠷᠪᠠ  ᠶᠢᠰᠦᠨ  ᠵᠢᠯ ᠎ ᠳᠤ ᠲᠤᠯᠤᠭᠠᠨ ᠢᠯᠡᠭᠦᠦ ᠰᠠᠷ᠎ᠠ ᠲᠠᠢ︾ ᠪᠠᠶᠢᠳᠠᠭ᠂ ᠠᠷᠪᠠ ᠶᠢᠰᠦᠨ ᠵᠢᠯ ᠳᠤ ᠠᠷᠪᠠᠨ ᠬᠤᠶᠠᠷ ᠡᠩ ᠤᠨ ᠵᠢᠯ᠂ ᠨᠢᠭᠡ ᠵᠢᠯ ᠳᠤ ᠠᠷᠪᠠᠨ‌ᠬᠤᠶᠠᠷ ᠰᠠᠷ᠎ᠠ ᠲᠠᠢ ᠪᠠᠶᠢᠳᠠᠭ︔ ᠳᠣᠯᠣᠭᠠᠨ ᠢᠯᠡᠭᠦᠦ ᠰᠠᠷ᠎ᠠ ᠲᠠᠢ ᠵᠢᠯ ᠪᠠᠶᠢᠵᠤ᠂ ᠨᠢᠭᠡ ᠵᠢᠯ ᠎ ᠳᠤ ᠠᠷᠪᠠᠨ ᠭᠤᠷᠪᠠᠨ ᠰᠠᠷ᠎ᠠ  ᠲᠠᠢ‌‍ᠪᠠᠶᠢᠳᠠᠭ︔ ᠬᠤᠶᠠᠷ ᠠᠴᠠ ᠭᠤᠷᠪᠠᠨ ᠵᠢᠯ ᠪᠤᠯᠬᠤ ᠪᠦᠷᠢ ᠨᠢᠭᠡ ᠰᠠᠷ᠎ᠠ ᠨᠡᠮᠡᠵᠦ᠂ ᠳᠥᠷᠪᠡᠨ  ᠤᠯᠠᠷᠢᠯ ᠠᠴᠠ  ᠰᠠᠯᠤᠩᠭᠢᠷᠠᠬᠤ ᠡᠴᠠ‌‍ᠬᠢᠴᠢᠶᠡᠳᠡᠭ ᠪᠠᠶᠢᠨ᠎ᠠ᠃             ᠳᠤᠮᠳᠠᠳᠤ ᠤᠯᠤᠰ ᠤᠨ ᠪᠢᠯᠢᠭ ᠤᠨ ᠤᠯᠠᠷᠢᠯ ᠤᠨ ᠴᠠᠭᠠᠨ ᠰᠠᠷ᠎ᠠ ᠶᠢᠨ ᠡᠳᠦᠷ ᠪᠣᠯ ᠠᠷᠭ᠎ᠠ ᠪᠢᠯᠢᠭ ᠢ ᠨᠡᠶᠢᠯᠡᠬᠦᠯᠦᠭᠰᠡᠨ‌‍ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠪᠣᠯᠤᠨ᠎ᠠ᠃ ᠲᠠᠤᠯᠠᠢ ᠵᠢᠯ ᠪᠣᠯ ᠶᠠᠭ ᠢᠯᠡᠭᠦᠦ ᠰᠠᠷ᠎ᠠ ᠲᠠᠢ ᠵᠢᠯ ᠪᠤᠯᠬᠤ ᠶᠤᠮ᠂ ᠲᠡᠶᠢᠨ ᠬᠦ‌ᠨᠢᠭᠡ ᠵᠢᠯ ᠠᠷᠪᠠᠨ ᠭᠤᠷᠪᠠᠨ ᠰᠠᠷ᠎ᠠ ᠲᠠᠢ᠂ ᠨᠢᠭᠡ ᠵᠢᠯ ᠤᠨ ᠡᠳᠦᠷ ᠤᠨ ᠶᠡᠷᠦᠩᠬᠡᠶ ᠲᠤᠭ᠎ᠠ ᠨᠢ 384 ᠡᠳᠦᠷ ᠪᠤᠯᠤᠨ᠎ᠠ᠃              ᠡᠶᠢᠮᠦ ᠠᠴᠠ ᠡᠨᠡ ᠵᠢᠯ ︽ᠢᠯᠡᠬᠦᠦ︾ 19 ᠡᠳᠦᠷ ᠠᠵᠢᠯᠯᠠᠨ᠎ᠠ           ᠰᠠᠶᠢᠨ ᠴᠢᠮᠡᠭᠡ ᠬᠡᠪᠡᠯ ᠡᠨᠡ ᠵᠢᠯ ᠪᠠᠰᠠ ᠬᠡᠳᠦᠨ ᠠᠯᠲᠠᠨ ᠭᠠᠷᠠᠭ ᠤᠨ ᠠᠮᠠᠷᠠᠯᠲᠠ ᠲᠠᠢ︕        ᠬᠠᠩᠰᠢ ᠶᠢᠨ ᠡᠳᠦᠷ 1 ᠡᠳᠦᠷ ᠠᠮᠠᠷᠠᠨ᠎ᠠ             ᠡᠨᠡ ᠵᠢᠯ ᠤᠨ ᠬᠠᠩᠰᠢ ᠶᠢᠨ ᠡᠳᠦᠷ ᠪᠣᠯ ᠭᠠᠷᠠᠭ ᠤᠨ ᠭᠤᠷᠪᠠᠨ᠂ 4 ᠰᠠᠷ᠎ᠠ ᠶᠢᠨ 5᠎ ᠤ ᠡᠳᠦᠷ  ᠴᠢᠯᠥᠭᠡ  ᠲᠠᠯᠪᠢᠨ᠎ᠠ᠂ᠨᠡᠶᠢᠲᠡ 1 ᠡᠳᠦᠷ ᠠᠮᠠᠷᠠᠨ᠎ᠠ᠂ ᠭᠠᠷᠠᠭ ᠤᠨ ᠵᠢᠷᠭᠤᠭᠠᠨ ᠭᠠᠷᠠᠭ ᠤᠨ ᠡᠳᠦᠷ ᠢ ᠰᠢᠯᠵᠢᠭᠦᠯᠦᠨ ᠠᠮᠠᠷᠠᠭᠤᠯᠬᠤ ᠦᠭᠡᠢ᠃             ᠬᠥᠳᠡᠯᠮᠦᠷᠢᠴᠢᠳ ᠤᠨ ᠪᠠᠶᠠᠷ ᠲᠤ 5 ᠡᠳᠦᠷ ᠠᠮᠠᠷᠠᠨ᠎ᠠ            ᠡᠨᠡ ᠵᠢᠯ ᠤᠨ ᠬᠥᠳᠡᠯᠮᠦᠷᠢᠴᠢᠳ ᠤᠨ ᠪᠠᠶᠠᠷ ᠲᠤ 4 ᠰᠠᠷ᠎ᠠ ᠶᠢᠨ 29᠎ ᠤ ᠡᠳᠦᠷ ᠠᠴᠠ 5 ᠰᠠᠷ᠎ᠠ ᠶᠢᠨ  3᠎ ᠤ  ᠡᠳᠦᠷ‌‍ᠪᠣᠯᠲᠠᠯ᠎ᠠ ᠨᠡᠶᠢᠲᠡ 5 ᠡᠳᠦᠷ ᠠᠮᠠᠷᠠᠨ᠎ᠠ᠃ 4 ᠰᠠᠷ᠎ᠠ ᠶᠢᠨ 23᠎ ᠤ ᠡᠳᠦᠷ ︵ᠭᠠᠷᠠᠭ ᠤᠨ ᠡᠳᠦᠷ︶᠂ 5 ᠰᠠᠷ᠎ᠠ ᠶᠢᠨ 6᠎ ᠤ  ᠡᠳᠦᠷ︵ᠭᠠᠷᠠᠭ ᠤᠨ ᠵᠢᠷᠭᠤᠭᠠᠨ︶ ᠠᠵᠢᠯᠯᠠᠨ᠎ᠠ᠃          ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠤ ᠪᠠᠶᠠᠷ ᠲᠤ 3 ᠡᠳᠦᠷ ᠠᠮᠠᠷᠠᠨ᠎ᠠ           ᠡᠨᠡ ᠵᠢᠯ ᠤᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠤ ᠪᠠᠶᠠᠷ ᠲᠤ 6 ᠰᠠᠷ᠎ᠠ ᠶᠢᠨ 22᠎ ᠤᠨ ᠡᠳᠦᠷ ᠠᠴᠠ 24 ‍ᠤ‌ᠡᠳᠦᠷ ᠪᠣᠯᠲᠠᠯ᠎ᠠ 3 ᠡᠳᠦᠷ ᠠᠮᠠᠷᠠᠨ᠎ᠠ᠃ 6 ᠰᠠᠷ᠎ᠠ ᠶᠢᠨ 25᠎ ᠤ ᠡᠳᠦᠷ ︵ᠭᠠᠷᠠᠭ ᠤᠨ ᠡᠳᠦᠷ︶ ᠠᠵᠢᠯᠯᠠᠨ᠎ᠠ᠃             ᠨᠠᠢᠮᠠᠨ ᠰᠠᠷ᠎ᠠ ᠶᠢᠨ ᠲᠡᠷᠭᠡᠯ ᠪᠠᠶᠠᠷ᠂ ᠤᠯᠤᠰ ᠤᠨ ᠪᠠᠶᠠᠷ ᠲᠤ 8 ᠡᠳᠦᠷ ᠠᠮᠠᠷᠠᠨ᠎ᠠ           ᠡᠨᠡ ᠵᠢᠯ ᠤᠨ ᠨᠠᠢᠮᠠᠨ ᠰᠠᠷ᠎ᠠ ᠶᠢᠨ ᠲᠡᠷᠭᠡᠯ ᠪᠠᠶᠠᠷ ᠪᠠ ᠤᠯᠤᠰ ᠤᠨ  ᠪᠠᠶᠠᠷ ᠤᠨ  ᠠᠮᠠᠷᠠᠯᠲᠠ ᠶᠢᠨ  ᠬᠤᠭᠤᠴᠠᠭ᠎ᠠ  ᠎ ᠶᠢ︽ᠨᠡᠶᠢᠯᠡᠭᠦᠯᠦᠨ︾ ᠠᠮᠠᠷᠠᠭᠤᠯᠵᠤ᠂ 8 ᠡᠳᠦᠷ ᠤᠨ ᠠᠯᠲᠠᠨ  ᠭᠠᠷᠠᠭ ᠎ ᠤᠨ  ᠠᠮᠠᠷᠠᠯᠳᠠ  ᠪᠤᠯᠭᠠᠨ  ᠪᠦᠷᠢᠯᠳᠦᠬᠦᠯᠦᠨ᠎ᠡ᠂     ᠭᠡᠪᠡᠴᠦ ᠪᠠᠶᠠᠷ ᠤᠨ ᠡᠳᠦᠷ ᠤᠨ ᠳᠠᠷᠠᠭ᠎ᠠ 7 ᠡᠳᠦᠷ ᠳᠠᠷᠠᠭᠠᠯᠠᠨ ᠠᠵᠢᠯᠯᠠᠬᠤ ᠴᠢᠬᠤᠯᠠᠳᠠᠢ᠃ 9 ᠰᠠᠷ᠎ᠠ ᠶᠢᠨ 29᠎ ᠤ  ᠡᠳᠦᠷ ᠠᠴᠠ  10ᠰᠠᠷ᠎ᠠ ᠶᠢᠨ 6᠎ ᠤ ᠡᠳᠦᠷ ᠪᠣᠯᠲᠠᠯ᠎ᠠ 8 ᠡᠳᠦᠷ ᠠᠮᠠᠷᠠᠨ᠎ᠠ᠃ 10 ᠰᠠᠷ᠎ᠠ ᠶᠢᠨ 7᠎ ᠤ ᠡᠳᠦᠷ ︵ᠭᠠᠷᠠᠭ ᠤᠨ  ᠵᠢᠷᠭᠤᠭᠠᠨ︶᠂  10ᠰᠠᠷ᠎ᠠ ᠶᠢᠨ 8᠎ ᠤ ᠡᠳᠦᠷ ︵ᠭᠠᠷᠠᠭ ᠤᠨ ᠡᠳᠦᠷ︶ ᠠᠵᠢᠯᠯᠠᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2