ᠵᠢᠭᠡᠯᠡᠭᠰᠡᠨ ᠵᠣᠭᠤᠰ ᠢᠶᠠᠨ ᠤᠷᠢᠳᠴᠢᠯᠠᠨ ᠪᠤᠴᠠᠭᠠᠭᠰᠠᠨ ᠤ ᠳᠠᠷᠠᠭ᠎ᠠ᠂ ᠬᠦᠦ ᠮᠥᠩᠭᠦ ᠶᠢ ᠬᠡᠷᠬᠢᠨ ᠪᠣᠳᠣᠬᠤ ᠪᠤᠢ︖
ᠨᠡᠶᠢᠲᠡᠯᠡᠭᠰᠡᠨ ᠴᠠᠭ᠄
2022/10/21
       ᠬᠡᠷᠡᠭ ᠤᠨ ᠵᠢᠱᠢᠶ᠎ᠡ         ᠯᠢ ᠣᠪᠣᠭᠲᠤ ᠯᠢᠦ ᠣᠪᠣᠭᠲᠤ ᠠᠴᠠ ᠨᠢᠭᠡ ᠵᠢᠯ ᠤᠨ ᠬᠤᠭᠤᠴᠠᠭ᠎ᠠ ᠲᠠᠢ ᠪᠠᠷ 10 ᠲᠦᠮᠡᠨ  ᠲᠥᠭᠦᠷᠢᠭ  ᠵᠢᠭᠡᠯᠡᠵᠡᠢ᠂ᠡᠨᠡ ᠬᠦ ᠵᠢᠭᠡᠯᠡᠯᠭᠡ ᠶᠢᠨ ᠵᠢᠯ ᠤᠨ ᠬᠦᠦ ᠮᠥᠩᠭᠦ ᠶᠢᠨ  ᠨᠣᠷᠮ᠎ᠠ ᠨᠢ  14%  ᠪᠣᠯᠤᠨ᠎ᠠ᠃  ᠬᠠᠭᠠᠰ  ᠵᠢᠯ ᠤᠨ  ᠳᠠᠷᠠᠭ᠎ᠠ᠂  ᠯᠢ ᠣᠪᠣᠭᠲᠤ ᠱᠠᠩᠨᠠᠯᠲᠤ ᠰᠤᠭᠤᠯᠤᠭ᠎ᠠ ᠰᠤᠭᠤᠯᠤᠨ ᠣᠯᠵᠤ᠂  ᠵᠢᠭᠡᠯᠡᠭᠰᠡᠨ  ᠵᠣᠭᠤᠰ ᠢᠶᠠᠨ  ᠤᠷᠢᠳᠴᠢᠯᠠᠨ  ᠪᠤᠴᠠᠭᠠᠬᠤ ᠪᠠᠷ  ᠯᠢᠦ‌ᠣᠪᠣᠭᠲᠤ ᠲᠠᠢ  ᠵᠥᠪᠳᠡᠯᠴᠡᠵᠡᠶ᠃  ᠯᠢᠦ  ᠣᠪᠣᠭᠲᠤ  ᠤᠷᠢᠳᠴᠢᠯᠠᠨ  ᠪᠤᠴᠠᠭᠠᠬᠤ ᠶᠢ ᠎ ᠨᠢ  ᠵᠥᠪᠰᠢᠶᠡᠷᠡᠭᠰᠡᠨ  ᠪᠣᠯᠪᠠᠴᠤ  ᠯᠢ ᠣᠪᠣᠭᠲᠤ ᠶᠢ 1 ᠵᠢᠯ ᠤᠨ ᠵᠢᠭᠡᠯᠡᠭᠰᠡᠨ ᠬᠤᠭᠤᠴᠠᠭ᠎ᠠ ᠪᠠᠷ ᠬᠦᠦ ᠮᠥᠩᠭᠦ ᠲᠦᠯᠦᠬᠦᠯᠬᠦ ᠪᠠᠷ  ᠱᠠᠭᠠᠷᠳᠠᠵᠠᠢ᠃  ᠡᠭᠦᠨ ᠢ ᠎ ᠨᠢ  ᠯᠢ‌ᠣᠪᠣᠭᠲᠤ ᠵᠦᠪᠰᠢᠶᠡᠷᠡᠭᠰᠡᠨ ᠦᠭᠡᠢ᠂ ᠵᠥᠪᠬᠡᠨ ᠬᠠᠭᠠᠰ ᠵᠢᠯ ᠤᠨ ᠬᠦᠦ ᠮᠥᠩᠭᠦ ᠶᠢ ᠲᠥᠯᠥᠨ᠎ᠡ ᠭᠡᠵᠡᠢ᠃  ᠯᠢ  ᠣᠪᠣᠭᠲᠤ ᠶᠢᠨ ᠬᠢᠳᠡᠯ ᠨᠢ ᠬᠠᠤᠯᠢ ᠳᠤ ᠨᠡᠶᠢᠴᠡᠨ᠎ᠡ ᠦᠦ︖             ᠬᠡᠷᠡᠭ ᠢᠶᠠᠷ ᠬᠠᠥᠯᠢ ᠶᠠᠷᠢᠶ᠎ᠠ           ᠬᠠᠤᠯᠢ ᠶᠢ ᠵᠥᠷᠢᠴᠡᠨ᠎ᠡ᠃ ᠢᠷᠭᠡᠨ ᠤ ᠬᠠᠤᠯᠢ ᠶᠢᠨ ᠪᠢᠴᠢᠭ ᠤᠨ ᠵᠢᠷᠭᠤᠭᠠᠨ ᠵᠠᠭᠤ ᠲᠠᠯᠠᠨ ᠳᠣᠯᠣᠳᠤᠭᠠᠷ  ᠵᠦᠢᠯ ᠳᠤ᠂ ᠵᠣᠭᠤᠰ  ᠵᠢᠭᠡᠯᠡᠭᠴᠢ  ᠵᠢᠭᠡᠯᠡᠭᠰᠡᠨ  ᠵᠣᠭᠤᠰ ᠢᠶᠠᠨ  ᠤᠷᠢᠳᠴᠢᠯᠠᠨ  ᠪᠤᠴᠠᠭᠠᠵᠤ  ᠥᠭᠪᠡᠯ᠂  ᠵᠣᠭᠤᠰ  ᠵᠢᠭᠡᠯᠡᠭᠰᠡᠨ ᠪᠤᠳᠠᠲᠠᠢ ᠬᠤᠭᠤᠴᠠᠭ᠎ᠠ ᠪᠠᠷ ᠬᠦᠦ ᠮᠥᠩᠭᠦ ᠶᠢ ᠪᠤᠳᠤᠬᠤ ᠬᠡᠷᠡᠭᠲᠡᠢ᠂ ᠲᠤᠬᠠᠢ ᠶᠢᠨ  ᠬᠥᠮᠦᠨ  ᠠᠰᠲᠠᠭᠠᠨ  ᠪᠣᠯᠵᠣᠯ ᠎ ᠲᠠᠢ ᠎ ᠨᠢ  ᠡᠭᠦᠨ ᠳ᠋ᠦ‌‍ᠪᠠᠭᠲᠠᠬᠤ ᠦᠭᠡᠢ ᠭᠡᠵᠦ ᠲᠣᠭᠲᠠᠭᠠᠵᠠᠢ᠃                                    ᠢᠷᠡᠯᠲᠡ᠄ ᠠᠷᠠᠳ ᠤᠨ ᠰᠦᠯᠵᠢᠶ᠎ᠡ 
 
ᠢᠷᠡᠯᠲᠡ᠄ ᠬᠦᠦ ᠮᠥᠩᠭᠦ ᠶᠢ ᠬᠡᠷᠬᠢᠨ ᠪᠣᠳᠣᠬᠤ ᠪᠤᠢ︖
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2