ᠬᠡᠦᠬᠡᠳ ᠰᠦᠯᠵᠢᠶᠡᠨ ᠳᠡᠭᠡᠷ᠎ᠡ ᠬᠢᠴᠢᠶᠡᠯ ᠣᠷᠣᠬᠤ ᠳᠤ ᠬᠥᠬᠡ ᠭᠡᠷᠡᠯ ᠰᠡᠷᠭᠡᠶᠢᠯᠡᠬᠦ ᠨᠢᠳᠦᠨ ᠰᠢᠯ ᠵᠡᠭᠦᠬᠦ ᠴᠢᠬᠤᠯᠠ ᠲᠠᠢ ᠦᠦ︖
ᠨᠡᠶᠢᠲᠡᠯᠡᠭᠰᠡᠨ ᠴᠠᠭ᠄
2022/6/8
        ᠬᠡᠦᠬᠡᠳ ᠰᠦᠯᠵᠢᠶᠡᠨ ᠳᠡᠭᠡᠷ᠎ᠡ ᠬᠢᠴᠢᠶᠡᠯ ᠣᠷᠣᠬᠤ ᠳᠤ ᠬᠥᠬᠡ ᠭᠡᠷᠡᠯ ᠠᠴᠠ ᠰᠡᠷᠭᠡᠶᠢᠯᠡᠬᠦ ᠨᠢᠳᠦᠨ ᠰᠢᠯ ᠵᠡᠭᠦᠬᠦ ᠦᠦ︖ᠡᠭᠦᠨ ᠤ ᠲᠤᠬᠠᠶ ᠪᠡᠭᠡᠵᠢᠩ ᠬᠤᠲᠠ ᠶᠢᠨ ᠨᠢᠳᠦᠨ ᠤ ᠰᠠᠯᠠᠭᠠᠨ ᠤ ᠰᠤᠳᠤᠯᠬᠤ ᠭᠠᠵᠠᠷ ᠤᠨ ᠳᠠᠷᠤᠭ᠎ᠠ᠂ ᠡᠷᠬᠢᠯᠡᠭᠴᠢ ᠡᠮᠴᠢ᠂ ᠪᠦᠬᠦ‌ᠤᠯᠤᠰ ᠤᠨ ᠬᠠᠷᠠᠭ᠎ᠠ ᠠᠯᠳᠠᠬᠤ ᠶᠢ ᠰᠡᠷᠭᠡᠶᠢᠯᠡᠬᠦ ᠠᠵᠢᠯ ᠤᠨ ᠠᠯᠪᠠᠨ ᠭᠡᠷ ᠤᠨ ᠬᠠᠷᠢᠭᠤᠴᠠᠯᠭᠠᠲᠠᠨ ᠶᠢᠨ ᠽᠢ ᠪᠢᠩ ᠫᠷᠤᠹᠧᠰᠰᠤᠷ᠂ᠮᠧᠯᠪᠧᠨ ᠶᠡᠭᠡ ᠰᠤᠷᠭᠠᠭᠤᠯᠢ ᠶᠢᠨ ᠨᠢᠳᠦᠨ ᠤ ᠰᠢᠨᠵᠢᠯᠡᠬᠦ  ᠤᠬᠠᠭᠠᠨ ᠤ  ᠫᠷᠤᠹᠧᠰᠰᠤᠷ  ᠾᠧ  ᠮᠢᠩ  ᠭᠤᠸᠠᠩ  ᠬᠠᠷᠢᠭᠤᠯᠲᠠ‌ᠥᠭᠴᠡᠶ᠃        ᠎ ᠶᠢᠨ ᠽᠢ ᠪᠢᠩ ᠫᠷᠤᠹᠧᠰᠰᠤᠷ ᠲᠠᠨᠢᠯᠴᠠᠭᠤᠯᠬᠤ ᠳᠠᠭᠠᠨ᠂ ︽ᠡᠯᠧᠺᠲᠷᠣᠨ ᠦᠢᠯᠡᠳᠭᠦᠨ ᠤ ᠳᠣᠲᠣᠷᠠᠬᠢ ᠳᠡᠯᠭᠡᠴᠡ ᠡᠴᠠ‌ᠭᠠᠳᠠᠨ᠎ᠠ᠂ ᠪᠠᠶᠢᠭᠠᠯᠢ ᠶᠢᠨ ᠬᠡᠷᠡᠯ ᠳᠤ ᠪᠠᠰᠠ ᠡᠯ᠎ᠡ ᠳᠣᠯᠭᠢᠶᠠᠨ ᠪᠠᠭ ᠤᠨ ᠬᠡᠷᠡᠯ ᠪᠠᠶᠢᠳᠠᠭ᠂  ᠡᠭᠦᠨ ᠳᠤ  ᠣᠬᠤᠷ  ᠳᠣᠯᠭᠢᠶᠠᠨ ‍ᠤ‌‍ᠬᠥ᠋ᠬᠡ ᠬᠡᠷᠡᠯ ᠪᠠᠭᠲᠠᠨ᠎ᠠ᠃ ᠣᠳᠣᠬᠠᠨ ᠤ ᠰᠢᠨᠵᠢᠯᠡᠬᠦ ᠤᠬᠠᠭᠠᠨ ᠤ ᠭᠡᠷᠡᠴᠢ ᠪᠠᠷᠢᠮᠲᠠ ᠳᠤ ᠬᠥᠬᠡ ᠬᠡᠷᠡᠯ ᠪᠣᠯ  ᠣᠶᠢᠷ᠎ᠠ  ᠬᠠᠷᠠᠭ᠎ᠠ‌ᠡᠭᠦᠰᠭᠡᠬᠦ ᠭᠤᠤᠯ ᠰᠢᠯᠲᠠᠭᠠᠨ ᠮᠥᠨ᠂ ᠮᠥᠨ ᠴᠦ ᠪᠣᠶ ᠪᠥᠬᠦᠶ ᠬᠥᠬᠡ ᠬᠡᠷᠡᠯ ᠨᠢ ᠴᠥᠮ ᠬᠥᠮᠦᠨ ᠤ ᠪᠡᠶ᠎ᠡ ᠳᠤ ᠬᠤᠤᠷᠲᠠᠶ ᠪᠢᠰᠢ᠂ᠪᠠᠰᠠ ᠵᠢᠱᠢᠶᠡᠯᠡᠪᠡᠯ ᠠᠮᠢᠳᠤ ᠪᠣᠳᠠᠰ ᠤᠨ ᠬᠡᠮᠨᠡᠯ᠂ ᠠᠮᠢᠳᠤ ᠪᠣᠳᠠᠰ ᠤᠨ ᠦᠶᠡᠯᠡᠯ ᠢ ᠲᠣᠬᠢᠷᠠᠭᠤᠯᠬᠤ ᠵᠡᠷᠭᠡ ᠦᠢᠯᠡᠳᠤᠯ ᠪᠠᠶᠢᠳᠠᠭ︾ᠭᠡᠯ᠎ᠡ᠃ ᠲᠡᠷᠡ᠄ ︽ᠪᠢᠳᠡ ᠬᠥᠬᠡ ᠭᠡᠷᠡᠯ ᠤᠨ ᠬᠤᠤᠷ ᠬᠦᠨᠤᠭᠡᠯ ᠢ ᠬᠡᠲᠦᠷᠬᠡᠶ ᠲᠤᠮᠤᠷᠠᠭᠤᠯᠵᠤ ᠪᠣᠯᠬᠤ ᠦᠭᠡᠶ᠂  ᠭᠡᠪᠡᠴᠤ  ᠬᠥᠬᠡ‌‍ᠭᠡᠷᠡᠯ ᠢ ᠪᠠᠰᠠ ᠴᠢᠬᠤᠯᠠᠴᠢᠯᠠᠵᠤ ᠦᠵᠡᠬᠦ ᠬᠡᠷᠡᠭᠲᠡᠶ︾ ᠭᠡᠵᠡᠢ᠃             ᠬᠥᠬᠡ ᠭᠡᠷᠡᠯ ᠰᠡᠷᠭᠡᠶᠢᠯᠡᠬᠦ  ᠨᠢᠳᠦᠨ ᠰᠢᠯ ᠦᠨᠡᠬᠡᠷ  ᠬᠡᠷᠡᠭᠴᠡᠭᠡ ᠲᠠᠢ  ᠦᠦ  ᠦᠭᠡᠢ  ᠦᠦ︖᠎ ᠶᠢᠨ  ᠽᠢ  ᠪᠢᠩ ‍ᠤᠨ‌ᠦᠵᠡᠬᠦ ᠪᠠᠷ᠂ ᠬᠢᠷᠢ ᠲᠡᠩᠴᠡᠭᠰᠡᠨ ᠬᠥᠬᠡ ᠬᠡᠷᠡᠯ ᠢ ᠰᠡᠷᠭᠡᠶᠢᠯᠡᠬᠦ ᠨᠢᠳᠦᠨ ᠰᠢᠯ ᠨᠢ ᠦᠨᠡᠬᠡᠷ ᠶᠠᠮᠠᠷ ᠨᠢᠭᠡᠨ ᠳᠣᠯᠭᠢᠶᠠᠨ ᠲᠠᠰᠤᠯᠪᠤᠷᠢ‌‍ᠪᠤᠶᠤ ᠬᠡᠳᠦᠨ ᠳᠣᠯᠭᠢᠶᠠᠨ ᠲᠠᠰᠤᠯᠪᠤᠷᠢ ᠶᠢᠨ ᠬᠡᠷᠡᠯ ᠢ ᠬᠠᠯᠬᠠᠯᠠᠵᠤ ᠲᠠᠶᠢᠯᠤᠨ᠎ᠠ᠃  ᠲᠡᠷᠡ  ᠰᠠᠨᠠᠭᠤᠯᠬᠤ ᠳᠠᠭᠠᠨ᠂  ︽ᠡᠯᠧᠺᠲᠷᠣᠨ‌ᠦᠢᠯᠡᠳᠭᠦᠨ  ᠢ ᠣᠷᠳᠣ ᠬᠤᠭᠤᠴᠠᠭ᠎ᠠ ᠪᠠᠷ  ᠬᠡᠷᠡᠭᠯᠡᠬᠦ  ᠴᠢᠬᠤᠯᠠᠲᠠᠶ  ᠨᠠᠰᠤᠨ ᠳᠤ  ᠭᠦᠷᠦᠭᠰᠡᠳ  ᠥᠪᠡᠷ ᠤᠨ  ᠪᠠᠶᠢᠳᠠᠯ ᠵᠶ᠋ᠠᠨ‌ᠦᠨᠳᠦᠰᠦᠯᠡᠨ ᠬᠢᠷᠢ ᠲᠡᠩᠴᠡᠭᠰᠡᠨ ᠬᠥᠬᠡ ᠬᠡᠷᠡᠯ ᠤᠨ ᠰᠡᠷᠭᠡᠶᠢᠯᠡᠯᠲᠡ ᠶᠢᠨ ᠨᠢᠳᠦᠨ ᠰᠢᠯ ᠢ ᠰᠣᠩᠭᠤᠨ ᠬᠡᠷᠡᠭᠯᠡᠬᠦ ᠪᠤᠯᠤᠨ᠎ᠠ᠂ ᠠᠳᠡ‌‍ᠬᠢᠷᠢ ᠲᠡᠩᠴᠡᠭᠦ ᠳᠤ ᠬᠥᠬᠡ ᠬᠡᠷᠡᠯ ᠤᠨ ᠰᠢᠭᠦᠷᠡᠯᠲᠡ ᠶᠢᠨ ᠬᠠᠷᠢᠴᠠᠯ᠂ ᠬᠥᠬᠡ ᠬᠡᠷᠡᠯ ᠤᠨ ᠳᠣᠯᠭᠢᠶᠠᠨ ᠲᠠᠰᠤᠯᠪᠤᠷᠢ᠂  ᠪᠠᠷᠢᠮᠵᠢᠶᠠᠲᠤ‌‍ᠬᠡᠷᠡᠯ ᠤᠨ  ᠤᠬᠠᠭᠠᠨ ᠤ  ᠫᠠᠷᠠᠮᠧᠲᠷ  ᠵᠡᠷᠭᠡ  ᠪᠠᠭᠲᠠᠨ᠎ᠠ︾  ᠭᠡᠪᠡ᠃  ᠡᠭᠦᠨ ᠤ  ᠬᠠᠮᠲᠤ  ᠲᠡᠷᠡ   ᠪᠠᠰᠠ᠄   ︽ᠦᠰᠦᠯᠲᠠ ᠪᠤᠶᠢᠵᠢᠯᠲᠠ ᠶᠢᠨ ᠬᠤᠭᠤᠴᠠᠭᠠᠨ ᠳᠠᠭᠠᠨ ᠪᠠᠶᠢᠭ᠎ᠠ ᠬᠡᠦᠬᠡᠳ ᠪᠠᠭᠠᠴᠤᠳ ᠲᠤ ᠰᠢᠭᠤᠳ ᠬᠥᠬᠡ ᠬᠡᠷᠡᠯ ᠠᠴᠠ ᠰᠡᠷᠭᠡᠶᠢᠯᠡᠬᠦ  ᠨᠢᠳᠦᠨ‌‍ᠰᠢᠯ ᠵᠡᠭᠦᠯᠭᠡᠬᠦ ᠶᠢ ᠰᠠᠨᠠᠭᠠᠴᠢᠯᠠᠬᠤ ᠥᠬᠡᠶ᠂ ᠬᠠᠷᠢᠨ ᠡᠯᠧᠺᠲᠷᠣᠨ ᠦᠢᠯᠡᠳᠭᠦᠨ‌‍ᠤ ᠬᠡᠷᠡᠭᠯᠡᠬᠦ  ᠴᠠᠭ ᠢ  ᠬᠢᠵᠠᠭᠠᠷᠯᠠᠵᠤ᠂  ᠬᠡᠷ ‍ᠤᠨ‌ᠭᠠᠳᠠᠨᠠᠬᠢ ᠬᠥᠳᠡᠯᠭᠡᠭᠡᠨ ᠢ ᠢᠯᠡᠭᠦᠬᠡᠨ ᠬᠢᠬᠦ ᠬᠡᠷᠡᠭᠲᠡᠶ︾ ᠭᠡᠯ᠎ᠡ᠃             ᠾᠧ ᠮᠢᠩ ᠭᠤᠸᠠᠩ ᠫᠷᠤᠹᠧᠰᠰᠤᠷ ᠪᠠᠰᠠ ᠬᠥᠬᠡ ᠬᠡᠷᠡᠯ ᠎ ᠢ ᠰᠡᠷᠭᠡᠶᠢᠯᠡᠬᠦ ᠨᠢᠳᠦᠨ ᠰᠢᠯ ᠨᠢ ᠵᠣᠬᠢᠬᠤ ᠦᠢᠯᠡᠳᠤᠯ ᠲᠠᠢ᠂ᠭᠡᠪᠡᠴᠦ ᠬᠡᠲᠦᠷᠡᠭᠦᠯᠵᠦ ᠪᠣᠯᠬᠤ ᠥᠬᠡᠶ᠂ ︽ᠣᠲᠣ ᠪᠢᠳᠡ ᠮᠠᠰᠢ ᠣᠯᠠᠨ  ᠡᠯᠧᠺᠲᠷᠣᠨ  ᠳᠡᠯᠭᠡᠴᠡ ᠶᠢ  ᠬᠡᠷᠡᠭᠯᠡᠬᠦ ᠳᠤ  ᠦᠨᠡᠬᠡᠷ‌‍ᠬᠥ᠋ᠬᠡ ᠬᠡᠷᠡᠯ ᠤᠨ ᠬᠠᠷᠢᠴᠠᠯ ᠨᠢ ᠥᠨᠳᠥᠷ ᠪᠠᠶᠢᠳᠠᠭ᠂ ᠡᠶᠢᠮᠦ ᠠᠴᠠ ᠵᠠᠷᠢᠮ ᠦᠶ᠎ᠡ ᠳᠤ  ᠬᠥᠬᠡ  ᠬᠡᠷᠡᠯ ᠤᠨ  ᠰᠢᠯ ᠢ  ᠵᠣᠬᠢᠰᠲᠠᠶ‌‍ᠬᠡᠷᠡᠭᠯᠡᠬᠦ ᠨᠢ  ᠨᠢᠳᠦ ᠶᠢ  ᠬᠠᠮᠠᠭᠠᠯᠠᠬᠤ ᠳᠤ  ᠵᠢᠭᠠᠬᠠᠨ  ᠦᠢᠯᠡᠳᠤᠯ ᠎ ᠲᠠᠢ  ᠪᠠᠶᠢᠵᠤ   ᠮᠡᠳᠡᠨ᠎ᠡ᠂   ᠨᠢᠳᠦᠨ ᠤ   ᠡᠪᠡᠳᠴᠢᠨ ᠢ‌‍ᠰᠡᠷᠭᠡᠶᠢᠯᠡᠬᠦ ᠎ ᠪᠠᠷ ᠠᠪᠴᠤ ᠬᠡᠯᠡᠪᠡᠯ ᠦᠢᠯᠡᠳᠤᠯ ᠨᠢ ᠲᠡᠶᠢᠮᠦ ᠶᠡᠭᠡ ᠪᠢᠰᠢ  ᠶᠤᠮ᠃  ᠭᠡᠪᠡᠴᠦ  ᠬᠥᠬᠡ  ᠭᠡᠷᠡᠯ ᠠᠴᠠ  ᠰᠡᠷᠭᠡᠶᠢᠯᠡᠬᠦ‌ᠨᠢᠳᠦᠨ  ᠰᠢᠯ  ᠬᠡᠷᠡᠭᠯᠡᠪᠡᠯ᠂  ᠨᠢᠳᠤᠨ ᠤ  ᠲᠠᠭᠠᠯᠠᠮᠵᠢᠲᠠᠢ  ᠬᠡᠮᠵᠢᠶ᠎ᠡ   ᠦᠨᠡᠬᠡᠷ  ᠳᠡᠭᠡᠭᠰᠢᠯᠡᠨ᠎ᠡ  ᠭᠡᠳᠡᠭ ᠎ ᠢ   ᠨᠢᠭᠡ   ᠬᠡᠰᠡᠭ ᠰᠤᠳᠤᠯᠭᠠᠨ ᠲᠤᠷᠰᠢᠯᠲᠠ ᠪᠠᠷ ᠳᠠᠮᠵᠢᠨ ᠭᠡᠷᠡᠴᠢᠯᠡᠵᠦ ᠥᠩᠭᠡᠷᠡᠭᠰᠡᠨ ᠶᠤᠮ︾ ᠭᠡᠰᠡᠨ ᠪᠠᠶᠢᠨ᠎ᠠ᠃               ᠢᠷᠡᠯᠲᠡ᠄ ᠠᠷᠠᠳ ᠤᠨ ᠰᠦᠯᠵᠢᠶ᠎ᠡ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2