ᠡᠨᠡ ᠵᠢᠯ ᠤᠨ ᠶᠡᠭᠡ ᠳᠡᠭᠡᠳᠦ ᠰᠤᠷᠭᠠᠭᠤᠯᠢ ᠳᠤ ᠰᠢᠯᠭᠠᠬᠤ ᠰᠢᠯᠭᠠᠯᠲᠠ ᠡᠬᠢᠯᠡᠯ᠎ᠡ
ᠨᠡᠶᠢᠲᠡᠯᠡᠭᠰᠡᠨ ᠴᠠᠭ᠄
2022/6/8
        2022 ᠣᠨ ᠤ ᠶᠡᠭᠡ ᠳᠡᠭᠡᠳᠦ ᠰᠤᠷᠭᠠᠭᠤᠯᠢ ᠳᠤ ᠰᠢᠯᠭᠠᠬᠤ ᠰᠢᠯᠭᠠᠯᠲᠠ 7᠎ ᠤ ᠡᠳᠦᠷ ᠡᠬᠢᠯᠡᠯ᠎ᠡ᠃ ᠡᠨᠡ ᠵᠢᠯ  ᠪᠦᠬᠦ‌ᠤᠯᠤᠰ ᠤᠨ ᠶᠡᠭᠡ ᠳᠡᠭᠡᠳᠦ ᠰᠤᠷᠭᠠᠭᠤᠯᠢ ᠳᠤ ᠰᠢᠯᠭᠠᠬᠤ ᠪᠠᠷ ᠨᠡᠷ᠎ᠡ ᠮᠡᠳᠡᠭᠦᠯᠦᠭᠰᠡᠨ ᠬᠥᠮᠥᠨ ᠤ  ᠲᠤᠭ᠎ᠠ  1193  ᠲᠦᠮᠡ ᠳ᠋ᠦ‌‍ᠬᠦ᠋ᠷᠴᠦ᠂ ᠨᠢᠳᠤᠨᠤᠨ ᠵᠢᠯ ᠤᠨ ᠬᠢ ᠠᠴᠠ 115 ᠲᠦᠮᠡ  ᠨᠡᠮᠡᠭᠳᠡᠵᠦ᠂  ᠲᠡᠦᠬᠡ ᠶᠢᠨ  ᠬᠠᠮᠤᠭ ᠤᠨ  ᠥᠨᠳᠥᠷ  ᠬᠡᠮᠵᠢᠶᠡᠨ ᠳ᠋ᠦ‌‍ᠬᠦ᠋ᠷᠦᠭᠰᠡᠨ ᠪᠠᠶᠢᠨ᠎ᠠ᠃ ᠡᠯ᠎ᠡ ᠭᠠᠵᠠᠷ ᠤᠨ ᠬᠢᠨ ᠣᠯᠠᠨ ᠵᠦᠢᠯ ᠤᠨ ᠠᠷᠭ᠎ᠠ ᠬᠡᠮᠵᠢᠶ᠎ᠡ ᠠᠪᠴᠤ ᠶᠡᠭᠡ  ᠳᠡᠭᠡᠳᠦ  ᠰᠤᠷᠭᠠᠭᠤᠯᠢ ᠳ᠋ᠤ᠋‌‍ᠰᠢᠯᠭᠠᠬᠤ ᠰᠢᠯᠭᠠᠯᠲᠠ ᠶᠢᠨ ᠬᠤᠭᠤᠴᠠᠭᠠᠨ ᠳᠤ ᠬᠢᠵᠢᠭ ᠠᠴᠠ ᠰᠡᠷᠭᠡᠶᠢᠯᠡᠬᠦ ᠪᠠ ᠡᠯ᠎ᠡ ᠵᠦᠢᠯ ᠤᠨ ᠪᠡᠯᠡᠳᠬᠡᠯ ᠠᠵᠢᠯ ᠢᠶᠠᠨ  ᠰᠠᠶᠢᠨ‌‍ᠬᠢᠵᠦ᠂ ᠶᠡᠭᠡ ᠳᠡᠭᠡᠳᠦ ᠰᠤᠷᠭᠠᠭᠤᠯᠢ ᠳᠤ ᠰᠢᠯᠭᠠᠬᠤ ᠰᠤᠷᠤᠭᠴᠢᠳ ᠢ ᠪᠦᠬᠦ ᠬᠦᠴᠦᠨ ᠢᠶᠠᠷ ᠢᠶᠠᠨ  ᠬᠠᠮᠠᠭᠠᠯᠠᠬᠤ  ᠠᠵᠢᠯ ᠢ  ᠬᠢᠵᠦ ᠪᠠᠶᠢᠨ᠎ᠠ᠃             ᠡᠨᠡ ᠵᠢᠯ ᠤᠨ ᠶᠡᠭᠡ ᠳᠡᠭᠡᠳᠦ ᠰᠤᠷᠭᠠᠭᠤᠯᠢ ᠳᠤ ᠰᠢᠯᠭᠠᠬᠤ ᠰᠢᠯᠭᠠᠯᠲᠠ ᠳᠤ᠂ ᠪᠦᠬᠦ ᠤᠯᠤᠰ ᠲᠤ ᠨᠡᠶᠢᠲᠡ  1  ᠲᠦᠮᠡ800  ᠰᠢᠯᠭᠠᠬᠤ  ᠴᠡᠭ᠂  46  ᠲᠦᠮᠡ  6000  ᠰᠢᠯᠭᠠᠯᠲᠠ ᠶᠢᠨ  ᠲᠠᠯᠠᠪᠤᠷ  ᠲᠣᠬᠢᠷᠠᠭᠤᠯᠵᠤ᠂  ᠡᠭᠦᠨ ᠤ  ᠳᠣᠲᠣᠷ᠎ᠠ‌‍ᠲ᠋ᠤᠰᠠᠭᠠᠷᠯᠠᠬᠤ ᠳᠤ ᠪᠡᠯᠡᠳᠬᠡᠭᠰᠡᠨ ᠰᠢᠯᠭᠠᠯᠲᠠ ᠶᠢᠨ ᠲᠠᠯᠠᠪᠤᠷ 13 ᠲᠦᠮᠡ 6000 ᠪᠠᠶᠢᠬᠤ ᠶᠤᠮ᠃ ᠰᠤᠷᠭᠠᠨ  ᠬᠥᠮᠥᠵᠢᠯ ‍ᠦᠨ‌‍ᠶᠠᠮᠤᠨ ᠤ ᠶᠡᠭᠡ ᠳᠡᠭᠡᠳᠦ ᠰᠤᠷᠭᠠᠭᠤᠯᠢ ᠶᠢᠨ ᠣᠶᠤᠲᠠᠳ ᠤᠨ ᠠᠵᠢᠯ  ᠬᠠᠷᠢᠭᠤᠴᠠᠭᠰᠠᠨ  ᠲᠣᠪᠴᠢᠶᠠᠨ ᠤ  ᠳᠡᠳ᠋  ᠳᠠᠷᠤᠭ᠎ᠠ  ᠯᠢ‌‍ᠴᠢᠶᠠᠩ ᠢᠯᠡᠷᠬᠡᠶᠢᠯᠡᠬᠦ ᠳᠡᠭᠡᠨ᠂ ᠰᠢᠨᠵᠢᠯᠡᠬᠦ ᠤᠬᠠᠭᠠᠨ ᠢ ᠵᠢᠷᠤᠮᠯᠠᠬᠤ᠂ ᠵᠥᠪ ᠣᠨᠣᠪᠴᠢᠲᠠᠢ ᠪᠠᠶᠢᠬᠤ ᠪᠠ  ᠳᠦᠷᠢᠮ  ᠵᠢᠷᠤᠮ  ᠲᠠᠢ‌‍ᠪᠠᠶᠢᠬᠤ ᠵᠠᠷᠴᠢᠮ ᠶᠣᠰᠣᠭᠠᠷ ᠰᠢᠯᠭᠠᠯᠲᠠ ᠳᠤ ᠣᠷᠣᠯᠴᠠᠭᠰᠠᠳ ᠤᠨ ᠬᠢᠵᠢᠭ ᠠᠴᠠ ᠰᠡᠷᠭᠡᠶᠢᠯᠡᠬᠦ ᠠᠵᠢᠯ ᠢ ᠰᠠᠶᠢᠨ  ᠬᠢᠬᠦ  ᠪᠣᠯᠣᠨ᠎ᠠ‌‍ᠭᠡᠵᠡᠢ᠃              ᠢᠷᠡᠯᠲᠡ᠄ ᠠᠷᠠᠳ ᠤᠨ ᠰᠦᠯᠵᠢᠶ᠎ᠡ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2