ᠰᠢᠨ᠎ᠡ ᠲᠢᠲᠢᠮᠯᠢᠭ ᠸᠢᠷᠦ᠋ᠰ ‍ᠤᠨ‌‍ᠰᠡᠷᠭᠡᠶᠢᠯᠡᠯᠲᠡ ᠶᠢᠨ ᠡᠷᠴᠢᠮᠵᠢᠭᠦᠯᠬᠦ ᠲᠠᠷᠢᠯᠭ᠎ᠠ ᠵᠢᠨ‌ᠦᠢᠯᠡᠳᠦᠯ ᠭᠡᠷᠡᠴᠢᠯᠡᠭᠳᠡᠪᠡ︕
ᠨᠡᠶᠢᠲᠡᠯᠡᠭᠰᠡᠨ ᠴᠠᠭ᠄
2022/5/12
        ᠥᠨᠥᠳᠦᠷ ᠪᠣᠯᠲᠠᠯ᠎ᠠ᠂ ᠬᠥᠮᠦᠨ ᠲᠥᠷᠥᠯᠬᠢᠲᠡᠨ ᠨᠢᠭᠡᠨᠲᠡ ᠰᠢᠨ᠎ᠡ  ᠲᠢᠲᠢᠮᠯᠢᠭ  ᠸᠢᠷᠦ᠋ᠰ ᠲᠠᠢ  ᠬᠤᠶᠠᠷ  ᠵᠢᠯ  ᠭᠠᠷᠤᠶ ᠲᠡᠮᠡᠴᠡᠪᠡ᠃ ᠸᠠᠺᠼᠢᠨ ᠢ ᠰᠤᠳᠤᠯᠤᠨ  ᠨᠡᠭᠡᠭᠡᠵᠦ  ᠬᠡᠷᠡᠭᠯᠡᠬᠦ ᠶᠢ  ᠲᠦᠷᠭᠡᠳᠬᠡᠵᠦ᠂  ᠸᠠᠺᠼᠢᠨ ᠤ  ᠲᠠᠷᠢᠯᠭ᠎ᠠ  ᠬᠢᠬᠦ  ᠨᠤᠷᠮ᠎ᠠ ᠵᠢ‌‍ᠲ᠋ᠡᠭᠡᠭᠰᠢᠯᠡᠭᠦᠯᠵᠦ᠂ ᠤᠯᠠᠨ ᠲᠦᠮᠡᠨ ᠤ ᠦᠯᠦ ᠬᠠᠯᠳᠠᠭᠠᠬᠤ ᠬᠠᠯᠬᠠᠪᠴᠢ ᠶᠢ ᠴᠣᠭᠴᠠᠯᠠᠬᠤ ᠳᠤ ᠮᠠᠰᠢ  ᠶᠡᠭᠡ  ᠬᠦᠰᠡᠯ  ᠡᠷᠡᠮᠡᠯᠵᠡᠯ ᠠᠪᠴᠢᠷᠠᠵᠦ ᠦᠭᠪᠡ᠃  ᠭᠡᠲᠡᠯ᠎ᠡ᠂  ᠰᠢᠨ᠎ᠡ  ᠲᠢᠲᠢᠮᠯᠢᠭ  ᠸᠢᠷᠦ᠋ᠰ ‍ᠤᠨ‌ᠤᠨᠳᠤᠤᠰᠢᠯ ᠵᠠᠯᠭᠠᠭ᠎ᠠ ᠪᠠᠷ  ᠢᠯᠡᠷᠡᠬᠦ ᠶᠢ  ᠳᠠᠭᠠᠯᠳᠤᠨ᠂ ᠸᠠᠺᠼᠢᠨ ᠤ ᠪᠦᠲᠦᠮᠵᠢᠲᠦ ᠴᠢᠨᠠᠷ ᠵᠢᠴᠢ ᠲᠡᠭᠦᠨ ᠤ ᠰᠢᠨᠡᠳᠦᠨ  ᠰᠣᠯᠢᠭᠳᠠᠬᠤ ᠨᠢ  ᠰᠢᠨᠵᠢᠯᠡᠬᠦ  ᠤᠬᠠᠭᠠᠨ ᠤ ᠎ ᠬᠢᠨ ᠤ  ᠡᠷᠬᠡᠪᠰᠢ‌‍ᠰᠢᠢᠳᠪᠤᠷᠢᠯᠡᠬᠦ ᠴᠢᠬᠤᠯᠠᠲᠠᠶ ᠴᠢᠬᠤᠯᠠ ᠠᠰᠠᠭᠤᠳᠠᠯ ᠪᠣᠯᠵᠠᠶ᠃               ᠣᠶᠢᠷ᠎ᠠ ᠳᠤ᠂ ᠨᠢᠭᠡᠨ ᠬᠠᠮᠲᠤᠷᠠᠭᠰᠠᠨ ᠰᠤᠳᠤᠯᠭᠠᠨ ᠤ ᠪᠦᠯᠬᠦᠮ ᠨᠢ  ᠮᠠᠨ ᠤ  ᠤᠯᠤᠰ ᠤᠨ  ᠲᠢᠶᠠᠨᠵᠢᠨ ᠳᠤ ᠠᠩᠬ᠎ᠠ ᠳᠡᠯᠭᠡᠷᠡᠭᠰᠡᠨ 430 ᠤᠮᠢᠺᠷᠤᠨ ︵OmicronBA . 1︶᠎   ᠡᠪᠡᠳᠴᠢᠲᠡᠨ ᠤ  ᠡᠮᠴᠢᠯᠡᠭᠡᠨ ᠤ  ᠲᠤᠭ᠎ᠠ  ᠪᠠᠷᠢᠮᠲᠠ ᠳᠤ ᠰᠠᠭᠤᠷᠢᠯᠠᠭᠰᠠᠨ ᠡᠷᠭᠢᠴᠡᠭᠦᠯᠦᠯ ᠤᠨ ᠴᠢᠨᠠᠷᠲᠠᠶ ᠰᠤᠳᠤᠯᠭᠠᠨ ᠥᠷᠨᠢᠭᠦᠯᠵᠦ᠂ 3 ᠵᠥᠢᠯ ᠤᠨ ᠢᠳᠡᠪᠬᠢ ᠥᠬᠡᠶᠢᠳᠡᠭᠦᠯᠬᠦ  ᠸᠠᠺᠼᠢᠨ‌‍ᠲ᠋ᠠᠷᠢᠪᠠᠯ ᠤᠮᠢᠺᠷᠤᠨ ᠬᠠᠯᠳᠠᠪᠤᠷᠢᠯᠠᠭᠳᠠᠭᠰᠠᠳ ᠤᠨ ᠡᠪᠡᠳᠴᠢᠨ ᠤ ᠬᠦᠨᠳᠦ ᠨᠣᠴᠢᠲᠠᠶ  ᠬᠡᠮᠵᠢᠶ᠎ᠡ ᠶᠢ  ᠢᠯᠡᠳᠲᠡ  ᠪᠠᠭᠤᠷᠠᠭᠤᠯᠵᠤ᠂ᠡᠪᠡᠳᠴᠢᠨ ᠤ ᠶᠠᠪᠤᠴᠠ ᠶᠢ ᠪᠦᠲᠦᠮᠵᠢᠲᠡᠶ ᠪᠣᠭᠤᠨᠢᠰᠬᠠᠬᠤ ᠶᠢ  ᠰᠢᠨᠵᠢᠯᠡᠬᠦ  ᠤᠬᠠᠭᠠᠨᠴᠢ ᠪᠠᠷ  ᠰᠢᠯᠭᠠᠨ  ᠨᠤᠲᠠᠯᠠᠭᠰᠠᠨ  ᠪᠥᠭᠡᠳ‌ᠦᠨᠡᠨ ᠸᠢᠷᠦ᠋ᠰ ᠤᠨ ᠳᠤᠮᠳᠠ ᠪᠠ ᠲᠤᠷᠰᠢᠯᠲᠠ ᠪᠠᠷ ᠳᠠᠮᠵᠢᠭᠤᠯᠤᠨ ᠢᠳᠡᠪᠬᠢ  ᠥᠬᠡᠶᠢᠳᠡᠭᠦᠯᠬᠦ  ᠸᠠᠺᠼᠢᠨ ᠠᠴᠠ  ᠤᠮᠢᠺᠷᠤᠨ ‍ᠦ‌ᠤᠨᠳᠤᠤᠰᠢᠯ ᠳᠤ ᠦᠵᠡᠭᠦᠯᠦᠭᠰᠡᠨ ᠪᠦᠲᠦᠮᠵᠢᠲᠡᠶ ᠴᠢᠨᠠᠷ ᠢ ᠭᠡᠷᠡᠴᠢᠯᠡᠭᠰᠡᠨ ᠪᠠᠶᠢᠨ᠎ᠠ᠃               ᠢᠳᠡᠷ ᠥᠲᠡᠯᠦᠭᠡ ᠨᠠᠰᠤᠨ ᠤ  ᠬᠥᠮᠦᠰ ᠤᠨ  ᠰᠡᠷᠭᠡᠶᠢᠯᠡᠯᠲᠡ  ᠬᠠᠮᠠᠭᠠᠯᠠᠯᠲᠠ ᠶᠢ  ᠴᠢᠩᠭᠠᠳᠬᠠᠵᠤ᠂  ᠬᠢᠵᠢᠭ  ᠣᠯᠠᠨ‌ᠨᠡᠶᠢᠲᠡ ᠶᠢᠨ ᠡᠷᠡᠭᠦᠯ ᠮᠡᠨᠳᠦ ᠳᠤ ᠤᠴᠠᠷᠠᠭᠤᠯᠬᠤ ᠬᠤᠬᠢᠷᠠᠯ ᠢ ᠪᠠᠭᠠᠰᠬᠠᠵᠤ ᠴᠢᠳᠠᠨ᠎ᠠ         ᠰᠤᠳᠤᠯᠭᠠᠲᠠᠳ ᠤᠨ ᠢᠯᠡᠷᠡᠭᠦᠯᠦᠭᠰᠡᠨ ᠢᠶᠠᠷ᠂ ᠤᠮᠢᠺᠷᠤᠨ ᠤ ᠬᠠᠯᠳᠠᠪᠤᠷᠢᠯᠠᠯ ᠤᠨ ᠳᠤᠮᠳᠠ᠂ ᠨᠠᠰᠤᠨ ᠤ  ᠨᠡᠮᠡᠭᠳᠡᠯ  ᠪᠣᠯ‌ᠡᠪᠡᠳᠴᠢᠨ ᠢ ᠬᠦᠨᠳᠦᠷᠡᠭᠦᠯᠬᠦ ᠠᠶᠤᠯᠲᠠᠶ ᠲᠤᠰᠠᠭᠠᠷ ᠬᠦᠴᠦᠨ ᠵᠥᠢᠯ  ᠮᠥᠨ᠃  87  .  8  %᠎ ᠶᠢᠨ  ᠨᠠᠰᠤᠨ ᠳᠤ ᠥᠯᠥ ᠬᠦᠷᠦᠭᠰᠡᠳ ᠵᠥᠪᠬᠡᠨ ᠬᠥᠩᠭᠡᠪᠲᠦᠷ ᠡᠪᠡᠳᠴᠢᠨ ᠤ ᠢᠯᠡᠷᠡᠯ ᠲᠠᠢ ᠪᠤᠶᠤ ᠡᠪᠡᠳᠴᠢᠨ ᠤ  ᠢᠯᠡᠷᠡᠯ  ᠥᠬᠡᠶ  ᠪᠠᠶᠢᠲᠠᠯ᠎ᠠ᠂  ᠬᠠᠷᠢᠨ‌ᠨᠠᠰᠤᠨ ᠳᠤ ᠬᠦᠷᠦᠭᠰᠡᠳ ᠤᠨ ᠳᠤᠮᠳᠠ ᠬᠥᠩᠭᠡᠨ ᠡᠪᠡᠳᠴᠢᠨ ᠲᠠᠢ ᠪᠤᠶᠤ ᠡᠪᠡᠳᠴᠢᠨ ᠤ ᠢᠯᠡᠷᠡᠯ ᠥᠬᠡᠶ ᠬᠠᠯᠳᠠᠪᠤᠷᠢᠯᠠᠭᠰᠠᠳ ‍ᠤᠨ‌ᠬᠠᠷᠢᠴᠠᠯ ᠨᠢ ᠵᠥᠪᠬᠡᠨ 35 . 4 % ᠪᠣᠯᠤᠨ᠎ᠠ᠃ ᠨᠠᠰᠤᠨ ᠳᠤ ᠥᠯᠥ ᠬᠦᠷᠦᠭᠰᠡᠳ ICU᠎ ᠶᠢᠨ  ᠡᠮᠴᠢᠯᠡᠭᠡ ᠶᠢ  ᠬᠡᠷᠡᠭᠰᠡᠬᠦ‌ᠥᠬᠡᠶ ᠮᠥᠷᠲᠡᠭᠡᠨ ᠪᠥᠭᠡᠮ ᠬᠦᠴᠢᠯ ᠨᠢ ᠪᠢᠯᠢᠭ ᠴᠢᠨᠠᠷᠲᠠᠶ ᠪᠣᠯᠤᠭᠰᠠᠨ ᠤ ᠳᠠᠷᠠᠭ᠎ᠠ ᠠᠷᠭ᠎ᠠ ᠴᠢᠨᠠᠷ ᠪᠤᠯᠵᠤ ᠬᠤᠪᠢᠷᠠᠬᠤ ᠎ ᠨᠢ  ᠨᠡᠩ‌‍ᠴᠦ᠋ᠬᠡᠨ ᠪᠠᠶᠢᠳᠠᠭ᠃            ︽ᠡᠮᠴᠢᠯᠡᠭᠡᠨ ᠤ ᠲᠤᠭ᠎ᠠ ᠪᠠᠷᠢᠮᠲᠠ ᠠᠴᠠ ᠦᠵᠡᠪᠡᠯ᠂ ᠨᠠᠰᠤ ᠠᠭᠢᠬᠤ  ᠲᠤᠲᠤᠮ  ᠡᠪᠡᠳᠴᠢᠨ ᠤ  ᠢᠯᠡᠷᠡᠯ ᠨᠢ  ᠤᠯᠠᠮ‌‍ᠬᠦ᠋ᠨᠳᠦ ᠪᠣᠯᠤᠨ᠎ᠠ᠂ ᠡᠨᠡ ᠨᠢ ᠪᠢᠳᠡᠨ ᠳᠤ ᠢᠳᠡᠷ ᠪᠠ ᠨᠠᠰᠤᠲᠠᠶᠢᠴᠤᠳ ᠤᠨ ᠬᠢᠵᠢᠭ ᠢ ᠰᠡᠷᠭᠡᠶᠢᠯᠡᠬᠦ  ᠠᠵᠢᠯ ᠢ  ᠭᠤᠤᠯᠳᠠᠯᠭ᠎ᠠ ᠲᠠᠢ ᠴᠢᠩᠭᠠᠳᠬᠠᠪᠠᠯ ᠣᠯᠠᠨ ᠨᠡᠶᠢᠲᠡ ᠶᠢᠨ ᠡᠷᠡᠭᠦᠯ ᠮᠡᠨᠳᠦ ᠳᠤ ᠤᠴᠠᠷᠠᠭᠤᠯᠬᠤ  ᠬᠢᠵᠢᠭ ᠤᠨ  ᠬᠤᠬᠢᠷᠠᠯ ᠢ  ᠪᠠᠭᠤᠷᠠᠭᠤᠯᠵᠤ  ᠴᠢᠳᠠᠨ᠎ᠠ‌‍ᠭᠡᠳᠡᠭ ᠢ ᠬᠠᠷᠠᠭᠤᠯᠵᠤ  ᠪᠠᠶᠢᠨ᠎ᠠ︾  ᠭᠡᠵᠦ  ᠨᠠᠨᠺᠠᠢ  ᠶᠡᠭᠡ  ᠰᠤᠷᠭᠠᠭᠤᠯᠢ ᠶᠢᠨ  ᠬᠠᠷᠢᠶᠠᠲᠤ  ᠨᠢᠭᠡᠳᠦᠭᠡᠷ  ᠲᠥᠪ  ᠡᠮᠨᠡᠯᠭᠡ ᠵᠢᠨ‌ᠬᠤᠷᠢᠶᠠᠨ ᠤ ᠳᠡᠳ᠋ ᠳᠠᠷᠤᠭ᠎ᠠ ᠵᠧᠩ ᠬᠤᠩ ᠬᠡᠯᠡᠪᠡ᠃             ᠡᠪᠡᠳᠴᠢᠨ ᠤ ᠦᠷᠪᠢᠰᠦᠯ ᠢ ᠪᠣᠭᠤᠨᠢᠰᠬᠠᠵᠤ ᠰᠢᠨ᠎ᠡ ᠲᠢᠲᠢᠮᠯᠢᠭ ᠸᠢᠷᠦ᠋ᠰ ᠢ ᠢᠳᠡᠪᠬᠢ  ᠦᠬᠡᠶᠢᠳᠡᠬᠦᠯᠬᠦ  ᠸᠠᠺᠼᠢᠨ ᠤ ᠦᠢᠯᠡᠳᠦᠯᠳᠦ ᠴᠢᠨᠠᠷ ᠢ ᠰᠢᠯᠭᠠᠨ ᠪᠠᠲᠤᠯᠠᠨ᠎ᠠ         ᠪᠦᠷᠢᠳᠬᠡᠯ ᠲᠤᠭ᠎ᠠ ᠪᠠᠷᠢᠮᠲᠠ ᠠᠴᠠ ᠦᠵᠡᠪᠡᠯ᠂ ᠨᠠᠰᠤᠨ ᠳᠤ ᠭᠦᠷᠦᠭᠰᠡᠳ ᠢᠳᠡᠪᠬᠢ ᠥᠬᠡᠶᠢᠳᠡᠭᠦᠯᠦᠭᠰᠡᠨ  ᠸᠠᠺᠼᠢᠨ‌‍ᠲ᠋ᠠᠷᠢᠯᠭ᠎ᠠ ᠶᠢ ᠪᠦᠬᠦ ᠶᠠᠪᠤᠴᠠ ᠪᠠᠷ ᠨᠢ ᠳᠠᠷᠢᠪᠠᠯ ᠡᠮᠴᠢᠯᠡᠭᠡᠨ ᠤ ᠰᠢᠨᠵᠢ ᠲᠡᠮᠳᠡᠭ ᠤᠨ ᠬᠦᠨᠳᠦ ᠨᠣᠴᠢᠲᠠᠶ  ᠬᠡᠮᠵᠢᠶ᠎ᠡ ᠶᠢ  ᠢᠯᠡᠳᠲᠡ‌‍ᠪᠠᠭᠤᠷᠠᠭᠤᠯᠵᠦ᠂ ICU᠎ ᠶᠢᠨ ᠣᠷᠣᠵᠤ ᠰᠠᠭᠤᠬᠤ ᠨᠣᠷᠮ᠎ᠠ ᠶᠢ ᠪᠠᠭᠠᠰᠬᠠᠨ᠂ ᠪᠥᠭᠡᠮ ᠬᠦᠴᠢᠯ ᠤᠨ ᠳᠠᠬᠢᠨ ᠢᠯᠡᠷᠡᠬᠦ  ᠨᠣᠷᠮ᠎ᠠ ᠶᠢ ᠪᠠᠭᠤᠷᠠᠭᠤᠯᠬᠤ ᠶᠢᠨ ᠬᠠᠮᠲᠤ᠂ ᠡᠮᠨᠡᠯᠭᠡ ᠳᠤ ᠰᠠᠭᠤᠬᠤ ᠪᠠ ᠡᠷᠡᠭᠦᠯᠵᠢᠬᠦ ᠴᠠᠭ ᠢ ︵ᠳᠤᠮᠳᠠᠴᠢ ᠪᠠᠷ 12  ᠡᠳᠦᠷ  ᠪᠣᠭᠤᠨᠢᠰᠬᠠᠨ᠎ᠠ︶ᠪᠣᠭᠤᠨᠢᠰᠬᠠᠨ᠎ᠠ᠃ ᠰᠤᠳᠤᠯᠭᠠᠲᠠᠳ ᠡᠪᠡᠳᠴᠢᠲᠡᠨ ᠤ ᠪᠥᠭᠡᠮ ᠬᠦᠴᠢᠯ ᠨᠢ ᠪᠢᠯᠢᠭᠵᠢᠭᠰᠡᠨ ᠤ  ᠳᠠᠷᠠᠭᠠᠬᠢ  ᠡᠷᠡᠭᠦᠯᠵᠢᠬᠦ  ᠱᠠᠲᠤᠨ ‍ᠤ‌‍ᠲ᠋ᠤᠷᠰᠢᠯᠲᠠ ᠶᠢᠨ ᠲᠠᠰᠤᠭ ᠤᠨ ᠪᠠᠶᠢᠴᠠᠭᠠᠯᠲᠠ ᠶᠢᠨ ᠦᠷ᠎ᠡ ᠳ᠋ᠦᠩ ᠳᠤ ᠵᠠᠳᠠᠯᠤᠯᠲᠠ  ᠬᠢᠭᠰᠡᠨ ᠳᠤ᠂  ᠢᠳᠡᠪᠬᠢ  ᠥᠬᠡᠶᠢᠳᠡᠭᠦᠯᠬᠦ‌‍ᠸᠠᠺᠼᠢᠨ ᠲᠠᠷᠢᠯᠭ᠎ᠠ ᠶᠢ ᠡᠷᠴᠢᠮᠵᠢᠭᠦᠯᠦᠭᠰᠡᠨ ᠬᠠᠯᠳᠠᠪᠤᠷᠢᠯᠠᠭᠰᠠᠳ ᠨᠢ ᠦᠷᠪᠢᠰᠦᠯ ᠠᠷᠢᠯᠬᠤ ᠬᠤᠭᠤᠴᠠᠭᠠᠨ ᠳᠤ  ᠨᠠᠩ  ᠲᠦᠷᠭᠡᠨ‌ᠣᠷᠣᠵᠤ᠂  ᠲᠡᠳᠡᠨ ᠤ  ᠰᠢᠰᠲ᠋ᠧᠮ ᠤᠨ  ᠴᠢᠨᠠᠷᠲᠠᠶ  ᠡᠭᠡᠯᠢᠯᠡᠭᠡ ᠶᠢᠨ  ᠦᠷᠪᠢᠰᠦᠯ ᠤᠨ  ᠢᠯᠡᠳᠬᠡᠭᠴᠢ᠂   C   ᠤᠷᠪᠠᠯ ‍ᠤᠨ‌ᠤᠭᠤᠷᠠᠭ ᠤᠨ ᠬᠢᠷᠢ ᠲᠦᠪᠰᠢᠨ ᠪᠣᠯᠤᠨ ᠯᠢᠮᠹᠠ ᠵᠢᠨ‌ᠡᠰ ᠤᠨ ᠬᠠᠷᠢᠴᠠᠯ ᠨᠢ ᠬᠠᠷᠢᠴᠠᠩᠭᠤᠶ ᠪᠠᠷ ᠨᠠᠩ ᠳᠤᠤᠷ᠎ᠠ ᠪᠠᠶᠢᠬᠤ ᠶᠢ ᠣᠯᠵᠤ ᠮᠡᠳᠡᠵᠡᠶ᠃             ︽ᠲᠤᠷᠰᠢᠯᠲᠠ ᠠᠴᠠ ᠦᠵᠡᠪᠡᠯ᠂ ᠢᠳᠡᠪᠬᠢ ᠥᠬᠡᠶᠢᠳᠡᠭᠦᠯᠬᠦ ᠸᠠᠺᠼᠢᠨ ᠳᠠᠷᠢᠭᠠᠳ 3 ᠰᠠᠷ᠎ᠠ ᠪᠣᠯᠤᠭᠰᠠᠨ ᠤ ᠳᠠᠷᠠᠭ᠎ᠠ᠂ᠪᠡᠶ᠎ᠡ  ᠮᠠᠬᠠᠪᠣᠳ ᠲᠤ  ᠰᠠᠭᠠᠷᠮᠠᠭᠵᠢᠭᠰᠠᠨ  ᠠᠨᠲ᠋ᠢᠪᠤᠳᠢ  ᠮᠦᠨ  ᠬᠦ  ᠡᠲᠦᠢ  ᠲᠡᠲᠦᠢ   ᠣᠷᠣᠰᠢᠵᠤ   ᠪᠠᠶᠢᠳᠠᠭ   ᠪᠤᠯᠪᠠᠴᠤ ᠬᠠᠯᠳᠠᠪᠤᠷᠢᠯᠠᠭᠰᠠᠳ ᠲᠤ ᠤᠮᠢᠺᠷᠤᠨ ᠳᠤ ᠴᠢᠭᠯᠡᠭᠦᠯᠦᠭᠰᠡᠨ ᠮᠠᠰᠢ ᠴᠢᠩᠭ᠎ᠠ ᠪᠡᠶ᠎ᠡ ᠶᠢᠨ ᠰᠢᠩᠭᠡᠨ ᠤ  ᠡᠭᠡᠯᠢᠯᠡᠭᠡ ᠶᠢᠨ  ᠬᠠᠯᠬᠠᠪᠴᠢ ᠪᠣᠶ ᠪᠤᠯᠳᠠᠭ᠂  ᠡᠨᠡ ᠨᠢ  ᠤᠮᠢᠺᠷᠤᠨ  ᠪᠣᠯᠤᠨ  ᠢᠷᠡᠭᠡᠳᠦᠶ ᠶᠢᠨ  ᠰᠢᠨ᠎ᠡ  ᠤᠨᠳᠤᠤᠰᠢᠭᠰᠠᠨ  ᠸᠢᠷᠦ᠋ᠰ ᠎ ᠲᠤ  ᠴᠢᠭᠯᠡᠭᠦᠯᠦᠭᠰᠡᠨ ᠰᠠᠭᠠᠷᠮᠠᠭᠵᠢᠭᠰᠠᠨ ᠠᠨᠲ᠋ᠢᠪᠤᠳᠢ ᠡᠮ ᠢ ᠰᠤᠳᠤᠯᠤᠨ ᠦᠢᠯᠡᠳᠬᠦ ᠳᠤ ᠲᠦᠢᠯ ᠤᠨ ᠵᠠᠩᠭᠢᠯᠠᠭ᠎ᠠ ᠶᠢᠨ ᠠᠴᠢ ᠬᠤᠯᠪᠣᠭᠳᠠᠯ ᠲᠠᠢ ᠶᠤᠮ︾ ᠭᠡᠵᠦ ᠨᠠᠨᠺᠠᠢ ᠶᠡᠭᠡ ᠰᠤᠷᠭᠠᠭᠤᠯᠢ ᠶᠢᠨ ᠡᠭᠡᠯᠢᠯᠡᠭᠡ ᠶᠢᠨ ᠤᠬᠠᠭᠠᠨ ᠤ ᠰᠤᠳᠤᠯᠬᠤ ᠭᠠᠵᠠᠷ ᠤᠨ  ᠳ᠋ᠣᠺᠲ᠋ᠣᠷ  ᠴᠧᠨ  ᠰᠢᠶᠤᠤ  ᠰᠤ᠋ ᠬᠡᠯᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2