ᠶᠠᠮᠠᠷ ᠮᠠᠲ᠋ᠧᠷᠢᠶᠠᠯ ᠤᠨ ᠴᠣᠮᠣ ᠨᠢ ᠬᠥᠮᠦᠨ ᠤ ᠪᠡᠶ᠎ᠡ ᠳᠤ ᠬᠤᠤᠷᠲᠠᠶ ᠪᠣᠶ︖
ᠨᠡᠶᠢᠲᠡᠯᠡᠭᠰᠡᠨ ᠴᠠᠭ᠄
2022/4/19
     ᠬᠥᠮᠦᠨ ᠤ ᠪᠡᠶ᠎ᠡ ᠳᠤ ᠬᠤᠣᠷᠲᠠᠢ ᠴᠣᠮᠣ ᠶᠢ ᠬᠡᠯᠡᠪᠡᠯ᠂ ᠲᠠ ᠤᠷᠢᠳ ᠢᠶᠠᠷ ᠰᠦᠯᠢᠶᠣᠣ  ᠴᠣᠮᠣ ᠶᠢ  ᠪᠤᠳᠤᠵᠤ  ᠤᠯᠬᠤ ᠪᠠᠶᠢᠬ᠎ᠠ︖ ᠭᠡᠪᠡᠴᠦ ᠰᠦᠯᠢᠶᠣᠣ ᠶᠢᠨ ᠲᠦᠷᠦᠯ ᠵᠦᠢᠯ ᠮᠠᠰᠢ ᠤᠯᠠᠨ ᠪᠠᠶᠢᠨ᠎ᠠ᠂ ᠪᠤᠢ ᠪᠦᠬᠦᠢ ᠰᠦᠯᠢᠶᠣᠣ ᠴᠣᠮᠣ ᠪᠦᠷ ᠬᠥᠮᠦᠨ ᠤ ᠪᠡᠶ᠎ᠡ ᠳᠤ ᠬᠤᠣᠷᠲᠠᠢ ᠪᠢᠰᠢ᠃         ᠣᠯᠠᠩᠬᠢ ᠰᠦᠯᠢᠶᠣᠣ ᠴᠣᠮᠣ ᠨᠢ ᠶᠡᠭᠡ ᠬᠠᠯᠠᠭᠤᠨ ᠳᠤ ᠲᠡᠰᠪᠦᠷᠢ ᠦᠭᠡᠢ᠂ ᠵᠢᠱᠢᠶᠡᠯᠡᠪᠡᠯ ᠪᠥᠭᠡᠭᠡᠨᠡᠷᠡᠯ ᠹᠧᠨᠢᠯ ᠡᠲ᠋ᠧᠨ᠂ᠪᠥᠭᠡᠭᠡᠨᠡᠷᠡᠯ ᠹᠧᠨᠢᠯ ᠬᠤᠶᠠᠷ ᠮᠧᠲ᠋ᠢᠯᠲᠦ ᠬᠦᠴᠢᠯ ᠤᠨ ᠡᠲ᠋ᠢᠯ ᠬᠤᠶᠠᠷᠴᠢ ᠡᠰᠲ᠋ᠧᠷ ᠵᠡᠷᠭᠡ ᠪᠣᠯᠤᠨ᠎ᠠ᠂  ᠳᠡᠭᠡᠷᠡᠬᠢ ᠮᠠᠲ᠋ᠧᠷᠢᠶᠠᠯ ᠵᠶ᠋ᠠᠷ‌‍ᠬᠢᠭᠰᠡᠨ ᠰᠦᠯᠢᠶᠣᠣ ᠴᠣᠮᠣᠨ ᠳᠤ ᠬᠠᠯᠠᠭᠤᠨ ᠤᠮᠳᠠᠭᠠᠨ ᠰᠠᠪᠠᠯᠠᠪᠠᠯ᠂ ᠹᠧᠨᠢᠯ ᠡᠲ᠋ᠧᠨ ᠤ ᠲᠠᠩ ᠪᠡᠶ᠎ᠡ  ᠵᠡᠷᠭᠡ  ᠬᠤᠣᠷᠲᠤ  ᠪᠣᠳᠠᠰ‌ᠡᠭᠦᠰᠦᠨ᠎ᠡ᠃ ᠭᠡᠪᠡᠴᠦ ᠡᠮ ᠤᠨ ᠬᠡᠮᠵᠢᠶ᠎ᠡ ᠶᠢ  ᠲᠠᠶᠠᠭᠳᠠᠵᠤ  ᠬᠤᠣᠷᠲᠤ  ᠴᠢᠨᠠᠷ ᠤᠨ  ᠲᠤᠬᠠᠢ  ᠶᠠᠷᠢᠬᠤ ᠨᠢ  ᠪᠠᠰᠠ  ᠰᠢᠨᠵᠢᠯᠡᠬᠦ ᠤᠬᠠᠭᠠᠨᠴᠢ ᠪᠢᠰᠢ ᠶᠤᠮ᠂ ᠹᠧᠨᠢᠯ ᠡᠲ᠋ᠧᠨ ᠤ ᠳᠠᠩ ᠪᠡᠶ᠎ᠡ ᠶᠢᠨ ᠰᠢᠯᠵᠢᠬᠦ ᠬᠡᠮᠵᠢᠶ᠎ᠡ ᠨᠢ ᠭᠤᠣᠯᠳᠠᠭᠤ ᠬᠦᠷᠦᠯᠴᠡᠭᠰᠡᠨ  ᠳᠤᠯᠠᠭᠠᠨ ᠤ ᠬᠡᠮᠵᠢᠶ᠎ᠡ᠂ ᠤᠮᠳᠠᠭᠠᠨ ᠳᠣᠲᠣᠷᠠᠬᠢ ᠥᠭᠡᠬᠦᠯᠢᠭ ᠡᠳ᠋ ᠤᠨ ᠠᠭᠤᠯᠤᠭᠳᠠᠴᠠ ᠶᠢᠨ ᠶᠡᠭᠡ ᠪᠠᠭ᠎ᠠ  ᠵᠢᠴᠢ  ᠤᠮᠳᠠᠭᠠᠨ  ᠰᠠᠪᠠᠯᠠᠬᠰᠠᠨ ᠴᠠᠭ ᠢᠶᠠᠷ ᠲᠤᠭᠲᠠᠭᠠᠭᠳᠠᠨ᠎ᠠ᠃              ᠹᠧᠨᠢᠯ ᠡᠲ᠋ᠧᠨ ᠤ ᠳᠠᠩ ᠪᠡᠶ᠎ᠡ ᠶᠢᠨ ᠰᠢᠯᠵᠢᠬᠦ ᠬᠡᠮᠵᠢᠶ᠎ᠡ ᠨᠢ ᠶᠡᠷᠦ ᠳᠡᠭᠡᠨ ᠲᠡᠭᠦᠨ ᠤ ᠠᠭᠤᠯᠤᠭᠳᠠᠴᠠ ᠶᠢᠨ 0 . 025%᠎ ᠠᠴᠠ ᠬᠡᠲᠦᠷᠡᠬᠦ ᠦᠭᠡᠢ ᠶᠤᠮ᠂ ᠬᠡᠷᠪᠡ ᠨᠢᠭᠡ ᠡᠳᠦᠷ  ᠵᠠᠭᠤᠨ  ᠴᠣᠮᠣ  ᠬᠠᠯᠠᠭᠤᠨ  ᠤᠮᠳᠠᠭᠠᠨ  ᠤᠤᠭᠤᠬᠤ  ᠦᠭᠡᠢ  ᠪᠣᠯ ᠬᠥᠮᠦᠨ ᠤ ᠪᠡᠶ᠎ᠡ ᠳᠤ ᠨᠥᠯᠥᠭᠡ ᠪᠣᠯᠬᠤ ᠦᠭᠡᠢ ᠶᠤᠮ᠃           ᠴᠠᠭᠠᠷᠢᠭ ᠬᠦᠴᠢᠯᠲᠥ᠋ᠷᠥᠭᠴᠢᠲᠦ ᠳᠠᠪᠠᠷᠬᠠᠢ ᠪᠠᠷ ᠦᠢᠯᠡᠳᠦᠭᠰᠡᠨ  ᠰᠠᠨᠰᠠᠷ ᠤᠨ  ᠴᠣᠮᠣ ᠨᠢ  ᠶᠡᠭᠡ  ᠬᠠᠯᠠᠭᠤᠨ  ᠪᠤᠶᠤ‌‍ᠭᠡᠷᠡᠯ ᠤᠨ ᠲᠣᠰᠣᠯᠳᠠ ᠳᠣᠣᠷ᠎ᠠ ᠲᠡᠭᠦᠨ ᠤ ᠳᠠᠩ ᠪᠡᠶ᠎ᠡ ᠶᠢᠨ  ᠬᠤᠣᠰ  ᠹᠧᠨᠣᠯ  A᠎ ᠶᠢ  ᠡᠭᠦᠰᠭᠡᠳᠡᠭ᠂  ᠡᠨᠡ ᠨᠢ  ᠬᠥᠮᠦᠨ ‍ᠤ‌‍ᠪᠡᠶ᠎ᠡ ᠳᠤ ᠬᠤᠣᠷᠲᠠᠢ᠂ ᠡᠶᠢᠮᠦ ᠠᠴᠠ ᠤᠳᠤ ᠣᠯᠠᠩᠬᠢ ᠰᠦᠨ ᠤ ᠯᠣᠩᠬᠤ ᠨᠢ  ᠴᠠᠭᠠᠷᠢᠭ  ᠬᠦᠴᠢᠯᠲᠥ᠋ᠷᠥᠭᠴᠢᠲᠦ  ᠳᠠᠪᠠᠷᠬᠠᠢ ᠵᠢᠨ‌ᠮᠠᠲ᠋ᠧᠷᠢᠶᠠᠯ ᠢ ᠬᠡᠷᠡᠭᠯᠡᠬᠦ ᠦᠭᠡᠢ ᠪᠣᠯᠵᠠᠶ᠃            ᠪᠠᠰᠠ ᠵᠠᠷᠢᠮ ᠬᠥᠮᠦᠨ ᠭᠠᠭᠴᠠ ᠤᠳᠠᠭ᠎ᠠ ᠬᠡᠷᠡᠭᠯᠡᠬᠦ ᠴᠠᠭᠠᠰᠤᠨ ᠴᠣᠮᠣ ᠨᠢ  ᠬᠥᠮᠦᠨ ᠤ  ᠪᠡᠶ᠎ᠡ ᠳᠤ  ᠬᠤᠣᠷᠲᠠᠢ  ᠭᠡᠵᠦ ᠦᠵᠡᠳᠡᠭ᠂ ᠦᠨᠡᠨ ᠳ᠋ᠡᠭᠡᠨ‌ᠭᠠᠭᠴᠠ ᠤᠳᠠᠭ᠎ᠠ ᠬᠡᠷᠡᠭᠯᠡᠬᠦ  ᠴᠠᠭᠠᠰᠤᠨ  ᠴᠣᠮᠣ ᠳᠤ  ᠤᠳᠠᠭᠠᠨ  ᠰᠠᠪᠠᠯᠠᠬᠤ  ᠦᠭᠡᠶ᠂  ᠬᠡᠲᠦᠷᠬᠡᠶ ᠬᠠᠯᠠᠭᠤᠨ ᠤᠮᠳᠠᠭᠠᠨ ᠢ ᠰᠠᠪᠠᠯᠠᠬᠤ ᠦᠭᠡᠶ ᠪᠣᠯ ᠲᠡᠶᠢᠮᠦ ᠶᠡᠭᠡ ᠠᠰᠠᠭᠤᠳᠠᠯ ᠭᠠᠷᠬᠤ ᠦᠭᠡᠶ ᠶᠤᠮ᠃              ᠲᠡᠭᠡᠪᠡᠯ ᠵᠢᠪᠡᠷᠡᠬᠦ ᠦᠭᠡᠢ ᠪᠣᠯᠣᠳ ᠴᠣᠮᠣ ᠶᠢᠨ ᠬᠦᠨᠳᠦ ᠲᠡᠮᠦᠷᠯᠢᠭ  ᠪᠠᠷᠢᠮᠵᠢᠶ᠎ᠠ ᠠᠴᠠ ᠬᠡᠲᠦᠷᠡᠬᠦ  ᠦᠦ︖  ᠵᠢᠪᠡᠷᠡᠬᠦ ᠦᠭᠡᠢ ᠪᠤᠯᠤᠳ ᠴᠣᠮᠣ ᠶᠢ ᠵᠢᠪᠡᠷᠡᠬᠦ ᠠᠴᠠ ᠰᠡᠷᠭᠡᠶᠢᠯᠡᠬᠦ ᠶᠢᠨ ᠲᠤᠯᠠᠲᠠ 10 %᠎ ᠠᠴᠠ ᠳᠡᠭᠡᠭᠰᠢᠬᠢ ᠨᠢᠺᠤᠯ᠂ ᠮᠠᠩᠭᠠᠨ᠂  ᠾᠷᠣᠮ‌ᠡᠯᠧᠮᠧᠨ᠋ᠲ ᠢ ᠨᠡᠮᠡᠭᠡᠳ ᠳᠣᠣᠷ᠎ᠠ  ᠨᠡᠭᠦᠷᠡᠰᠦᠲᠥ᠋ᠷᠥᠭᠴᠢᠲᠦ  ᠪᠤᠯᠤᠳ ᠢ  ᠪᠤᠢ  ᠪᠤᠯᠭᠠᠳᠠᠭ᠂  ᠭᠡᠪᠡᠴᠦ  ᠡᠳᠡᠭᠡᠷ  ᠡᠯᠧᠮᠧᠨ᠋ᠲ ᠨᠢ‌‍ᠬᠥ᠋ᠮᠦᠨ ᠤ ᠪᠡᠶ᠎ᠡ ᠳᠤ ᠴᠥᠮ ᠬᠤᠣᠷ ᠲᠠᠢ᠃ ᠲᠡᠭᠡᠪᠡᠯ ᠵᠢᠪᠡᠷᠡᠬᠦ ᠦᠭᠡᠢ ᠪᠤᠯᠤᠳ ᠴᠣᠮᠣ ᠨᠢ ᠴᠦ ᠬᠤᠣᠷ  ᠲᠠᠢ  ᠦᠦ︖  ᠴᠢᠨᠠᠷ ᠰᠠᠶᠢᠲᠠᠢ ᠵᠢᠪᠡᠷᠡᠬᠦ ᠤᠢᠭᠡᠢ ᠪᠤᠯᠤᠤᠠ ᠴᠣᠮᠣ ᠪᠣᠯ  ᠴᠥᠮ  ᠤᠯᠤᠰ ᠤᠨ  ᠲᠣᠭᠲᠠᠭᠠᠯ ᠳᠤ  ᠨᠡᠶᠢᠴᠡᠵᠦ  ᠪᠠᠶᠢᠨ᠎ᠠ᠂  ᠾᠷᠣᠮ ‍ᠤᠨ‌‍ᠰᠢᠯᠵᠢᠬᠦ ᠬᠡᠮᠵᠢᠶ᠎ᠡ‌ᠨᠢ 04 ᠮᠢᠯᠢᠭᠷᠡᠮ / ᠺᠦᠸᠠᠳ᠋ ᠮᠧᠲᠷ ᠠᠴᠠ ᠬᠡᠲᠦᠷᠡᠬᠦ ᠤᠢᠭᠡᠢ ᠪᠣᠯ‌ᠤᠷᠳᠦ  ᠬᠤᠭᠤᠴᠠᠭ᠎ᠠ ᠪᠠᠷ ᠬᠦᠴᠢᠯᠯᠢᠭ ᠣᠷᠴᠢᠨ ᠲᠣᠭᠤᠷᠢᠨ ᠳᠤ ᠪᠠᠶᠢᠯ᠎ᠠ ᠴᠤ ᠭᠡᠰᠡᠨ ᠾᠷᠣᠮ ᠤᠨ ᠢᠶᠣᠨ ᠤ ᠰᠢᠯᠵᠢᠬᠦ  ᠬᠡᠮᠵᠢᠶ᠎ᠡ ᠎ ᠨᠢ  ᠪᠠᠷᠢᠮᠵᠢᠶ᠎ᠠ ᠎ ᠠᠴᠠ  ᠬᠡᠲᠦᠷᠡᠬᠦ‌ᠤᠢᠭᠡᠢ ᠶᠤᠮ᠃              ᠱᠠᠭᠠᠵᠠᠩ  ᠴᠣᠮᠣ  ᠪᠤᠶᠤ  ᠰᠢᠯ  ᠴᠣᠮᠣ  ᠬᠡᠷᠡᠭᠯᠡᠬᠦ ᠶᠢ  ᠰᠠᠨᠠᠭᠠᠴᠢᠯᠠᠨ᠎ᠠ᠂  ᠡᠨᠡ  ᠬᠤᠶᠠᠷ  ᠵᠦᠢᠯ  ᠎ ᠤᠨ   ᠴᠣᠮᠣ ᠦᠨᠳᠦᠰᠦᠨ ᠳᠡᠭᠡᠨ ᠬᠤᠤᠷᠲᠤ ᠪᠣᠳᠠᠰ ᠣᠷᠣᠰᠢᠬᠤ ᠦᠭᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2