ᠨᠠᠰᠤᠳᠠᠶᠢᠴᠤᠳ ᠪᠡᠶ᠎ᠠ ᠶᠢᠨ ᠡᠷᠡᠭᠦᠯ ᠮᠡᠨᠳᠦ ᠪᠠᠨ ᠦᠪᠡᠷ ᠢᠶᠠᠨ ᠰᠢᠯᠭᠠᠵᠤ ᠮᠡᠳᠡᠬᠦ ᠠᠷᠭ᠎ᠠ
ᠨᠡᠶᠢᠲᠡᠯᠡᠭᠰᠡᠨ ᠴᠠᠭ᠄
2018/5/9
   ᠨᠢᠭᠡ᠂ ᠦᠷᠯᠦᠭᠡ ᠪᠤᠰᠤᠬᠰᠠᠭᠠᠷ ᠪᠡᠶ᠎ᠠ ᠶᠢᠨ ᠠᠯᠢ ᠭᠡᠰᠡᠭ ᠲᠤ ᠡᠪ ᠦᠭᠡᠢ ᠪᠠᠶᠢᠬᠤ ᠪᠠᠨ ᠪᠠᠶᠢᠴᠠᠭᠠᠬᠤ    1᠂ ᠲᠤᠯᠤᠭᠠᠢ ᠬᠠᠪᠤᠳᠬᠤ᠃ ᠦᠷᠯᠦᠭᠡ ᠪᠤᠰᠬᠤ ᠦᠶ᠎ᠠ ᠳᠤ ᠲᠤᠯᠤᠭᠠᠢ ᠬᠠᠪᠤᠳᠬᠤ᠂ ᠨᠢᠭᠤᠷ ᠴᠢᠷᠠᠢ ᠬᠦᠭᠡᠵᠤ᠂ ᠨᠢᠳᠦ ᠰᠡᠯᠬᠦᠷᠡᠨ ᠪᠡᠶ ᠎ᠠ ᠭᠡᠢ ᠬᠠᠪᠤᠡᠭ ᠲᠠᠢ ᠪᠠᠶᠢᠪᠠᠯ ᠲᠠᠷᠤᠢ ᠲᠤᠳᠤᠷ ᠪᠦᠭᠡᠷ ᠎ᠠ ᠶᠢᠨ ᠡᠪᠡᠳᠴᠢᠨ ᠪᠤᠶᠤ ᠵᠢᠷᠦᠭᠡᠨ ᠤ ᠡᠪᠡᠳᠴᠢᠨ ᠤ ᠢᠯᠡᠷᠡᠯ ᠪᠠᠶᠢᠵᠤ ᠮᠡᠳᠡᠨ᠎ᠠ᠃ ᠴᠢᠰᠤ ᠲᠤᠳᠠᠬᠳᠠᠬᠤ ᠡᠪᠡᠳᠴᠢᠨ ᠲᠠᠢ ᠬᠦᠮᠦᠨ ᠳᠤ ᠴᠤ ᠡᠶᠢᠮᠦ ᠪᠠᠶᠢᠳᠠᠯ ᠢᠯᠡᠷᠡᠳᠡᠭ᠃ ᠭᠡᠪᠡᠴᠤ ᠬᠦᠭᠡᠵᠤ ᠬᠠᠪᠤᠳᠬᠤ ᠪᠠᠶᠢᠳᠠᠯ ᠨᠢ ᠬᠦᠡᠭᠭᠡᠪᠳᠦᠷ ᠪᠠᠶᠢᠳᠠᠬ᠃    2᠂ ᠦᠶ᠎ᠠ ᠭᠡᠰᠢᠬᠦᠤ ᠬᠦᠰᠢᠬᠦ᠃ ᠦᠷᠯᠦᠭᠡ ᠪᠤᠰᠬᠤ ᠦᠶ᠎ᠠ ᠳᠤ ᠨᠠᠰᠤᠳᠠᠢ ᠬᠦᠮᠦᠰ ᠤᠨ ᠦᠶ᠎ᠠ ᠭᠡᠰᠢᠬᠦᠦ ᠪᠠᠭ᠎ᠠ ᠰᠠᠭ᠎ᠠ ᠬᠦᠰᠢᠵᠤ ᠡᠪᠡᠳᠬᠦ ᠪᠠᠶᠢᠳᠠᠯ ᠢᠯᠡᠷᠡᠬᠦ ᠨᠢ ᠡᠩ ᠤᠨ ᠦᠵᠡᠭᠳᠡᠯ᠃ ᠭᠡᠷᠪᠡ ᠪᠦᠬᠦ ᠪᠡᠶ᠎ᠠ ᠶᠢᠨ ᠦᠶ᠎ᠠ ᠭᠡᠰᠢᠬᠦᠦ ᠰᠦᠷᠡᠭᠡᠢ ᠬᠦᠰᠢᠵᠤ᠂ ᠪᠤᠯᠴᠢᠩ ᠭᠡᠴᠡᠬᠦᠦ ᠡᠪᠡᠳᠬᠦ ᠪᠠᠶᠢᠳᠠᠯ ᠲᠠᠢ ᠪᠤᠯ ᠲᠠᠷᠤᠢ ᠬᠤᠶᠠᠩ ᠡᠪᠡᠳᠴᠢᠨ᠂ ᠮᠦᠭᠡᠷᠰᠦ ᠤᠷᠭᠤᠬᠤ ᠮᠡᠳᠦ ᠶᠢᠨ ᠡᠪᠡᠳᠴᠢᠨ ᠲᠠᠢ ᠪᠤᠯᠵᠤ ᠪᠠᠶᠢᠭ᠎ᠠ ᠶᠢᠨ ᠢᠯᠡᠷᠡᠯ ᠮᠦᠨ᠃ ᠬᠠᠷᠰᠢᠮᠠᠳᠠᠭᠠᠢ ᠴᠢᠨᠠᠷᠳᠠᠢ ᠡᠪᠡᠳᠴᠢᠨ ᠭᠡᠮ ᠲᠠᠢ ᠪᠤᠯᠤᠬᠰᠠᠨ ᠦᠶ᠎ᠠ ᠳᠤ ᠴᠤ ᠡᠶᠢᠮᠦ ᠪᠠᠶᠢᠳᠠᠯ ᠢᠯᠡᠷᠡᠨ᠎ᠠ᠃    3᠂ ᠵᠢᠷᠦᠭᠡ ᠪᠠᠴᠢᠮᠳᠠᠵᠤ ᠦᠯᠦᠰᠬᠦ᠃ ᠦᠷᠯᠦᠭᠡ 4 — 5 ᠴᠠᠬ ᠤᠨ ᠦᠶ᠎ᠠ ᠪᠠᠷ ᠰᠡᠷᠢᠬᠦ ᠳᠤ ᠲᠡᠰᠪᠦᠷᠢᠯᠡᠬᠦᠶ᠎ᠠ ᠪᠡᠷᠭᠡ ᠦᠯᠦᠰᠴᠤ᠂ ᠵᠢᠷᠦᠭᠡ ᠪᠠᠴᠢᠮᠳᠠᠨ ᠪᠡᠶ᠎ᠠ ᠶᠡᠭᠡ ᠯᠡ ᠶᠠᠳᠠᠷᠠᠬᠰᠠᠨ ᠪᠠᠶᠢᠳᠠᠯ ᠲᠠᠢ ᠪᠠᠶᠢᠵᠤ᠂ ᠵᠢᠭᠠᠬᠠᠨ ᠶᠠᠭᠤᠮ᠎ᠠ ᠢᠳᠡᠪᠡᠯ ᠰᠠᠶ᠋ᠢ ᠨᠠᠮᠳᠠᠳᠠᠬ᠃ ᠭᠡᠪᠡᠴᠤ ᠮᠦᠨ ᠯᠡ ᠭᠡᠯᠡ ᠠᠮᠠ ᠬᠠᠳᠠᠵᠤ ᠤᠮᠳᠠᠭᠠᠰᠬᠤ ᠪᠠᠶᠢᠳᠠᠯ ᠢᠯᠡᠷᠡᠵᠤ ᠦᠷᠯᠦᠭᠡ ᠶᠢᠨ ᠬᠤᠭᠤᠯᠠ ᠢᠳᠡᠭᠰᠡᠨ ᠤ ᠲᠠᠷᠠᠭ᠎ᠠ ᠰᠠᠶ᠋ᠢ ᠭᠡᠪ ᠤᠨ ᠪᠠᠶᠢᠳᠠᠯ ᠳᠠᠭᠠᠨ ᠤᠷᠤᠳᠠᠬ᠃ ᠡᠨᠡ ᠪᠤᠯ ᠲᠠᠷᠤᠢ ᠴᠢᠰᠤᠨ ᠰᠢᠬᠢᠷ ᠴᠢᠨᠢ ᠦᠨᠳᠦᠷ ᠪᠠᠶᠢᠵᠤ ᠰᠢᠬᠢᠷ ᠰᠢᠵᠢᠩ ᠡᠪᠡᠳᠴᠢᠨ ᠲᠠᠢ ᠪᠤᠯᠵᠤ ᠪᠠᠶᠢᠭ᠎ᠠ ᠶᠢᠨ ᠢᠯᠡᠷᠡᠯ ᠮᠦᠨ᠃    4᠂ ᠲᠤᠯᠤᠭᠠᠢ ᠬᠦᠨᠳᠦᠷᠡᠵᠤ ᠡᠪᠡᠳᠬᠦ᠃ ᠡᠩ ᠤᠨ ᠪᠠᠶᠢᠳᠠᠯ ᠲᠤᠤᠷ᠎ᠠ ᠦᠷᠯᠦᠭᠡ ᠰᠡᠷᠢᠬᠦ ᠦᠶ᠎ᠠ ᠳᠤ ᠲᠠᠷᠢᠬᠢ ᠲᠤᠯᠤᠭᠠᠢ ᠰᠡᠷᠭᠡᠭ᠂ ᠪᠡᠶ᠎ᠠ ᠬᠦᠡᠭᠭᠡᠨ ᠪᠠᠶᠢᠳᠠᠬ᠃ ᠭᠡᠳᠡᠯ᠎ᠠ ᠦᠷᠯᠦᠭᠡ ᠰᠡᠷᠢᠬᠦ ᠦᠶ᠎ᠠ ᠳᠤ ᠲᠤᠯᠤᠭᠠᠢ ᠬᠦᠨᠳᠦᠷᠡᠵᠤ ᠡᠷᠬᠢᠬᠦ ᠪᠠᠶᠢᠳᠠᠯ ᠲᠠᠢ ᠪᠠᠶᠢᠭ᠎ᠠ ᠪᠤᠯ ᠬᠦᠵᠦᠭᠦᠨ ᠶᠠᠰᠤᠨ ᠤ ᠮᠦᠭᠡᠷᠰᠦ ᠤᠷᠭᠤᠬᠤ ᠡᠪᠡᠳᠴᠢᠨ ᠤᠯᠵᠤ ᠪᠠᠶᠢᠭ᠎ᠠ ᠰᠢᠯᠳᠠᠭᠠᠨ ᠪᠠᠶᠢᠵᠤ ᠮᠡᠳᠡᠨ᠎ᠠ᠃ ᠢᠡᠭᠭᠢᠭᠰᠡᠨ ᠠᠴᠠ ᠲᠠᠷᠢᠬᠢᠨ ᠤ ᠴᠢᠰᠤᠨ ᠤ ᠬᠠᠨᠭ᠍ᠭᠠᠯᠭ᠎ᠠ ᠲᠤᠳᠠᠬᠳᠠᠨ ᠬᠦᠨᠳᠦᠷᠡᠵᠤ᠂ ᠲᠤᠯᠤᠭᠠᠢ ᠡᠷᠬᠢᠬᠦ ᠢᠯᠡᠷᠡᠯ ᠡᠬᠦᠰᠴᠤ ᠮᠡᠳᠡᠨ᠎ᠠ᠃    5᠂ ᠦᠷᠯᠦᠭᠡ ᠡᠷᠳᠡ ᠰᠡᠷᠢᠪᠡᠯ ᠨᠦᠢᠷ ᠬᠤᠯᠵᠢᠬᠤ᠃ ᠦᠷᠯᠦᠭᠡ ᠡᠷᠳᠡ 3 — 4 ᠴᠠᠬ ᠤᠨ ᠦᠶ ᠎ᠠ ᠪᠠᠷ ᠰᠡᠷᠢᠪᠡᠯ ᠲᠠᠬᠢᠨ ᠤᠨᠳᠠᠵᠤ ᠤᠷᠤᠬᠤ ᠦᠭᠡᠢ ᠦᠵᠡᠭᠳᠡᠯ ᠢ ᠡᠮᠴᠢᠯᠡᠭᠡ ᠶᠢᠨ ᠤᠬᠠᠭᠠᠨ ᠳᠤ ᠡᠷᠳᠡ ᠶᠢᠨ ᠨᠦᠢᠷ ᠬᠤᠯᠵᠢᠬᠤ ᠭᠡᠳᠡᠭ᠃ ᠡᠨᠡ ᠬᠦ ᠦᠵᠡᠭᠳᠡᠯ ᠨᠢ ᠭᠤᠤᠯᠳᠠᠭᠤ ᠰᠡᠳᠬᠢᠯ ᠰᠠᠨᠠᠭ᠎ᠠ ᠵᠤᠪᠠᠵᠤ ᠪᠤᠬᠢᠨᠢᠳᠤᠬᠰᠠᠨ ᠪᠤᠶᠤ ᠤᠶᠤᠨ ᠰᠠᠨᠠᠭᠠᠨ ᠤ ᠲᠠᠯ᠎ᠠ ᠶᠢᠨ ᠬᠠᠷᠰᠢ ᠰᠠᠭᠠᠳ ᠠᠴᠠ ᠪᠤᠯᠵᠤ ᠪᠠᠶᠢᠭ᠎ᠠ ᠶᠤᠮ᠃ ᠮᠡᠳᠡᠷᠡᠯ ᠮᠠᠭᠤᠳᠠᠬᠤ ᠡᠪᠡᠳᠴᠢᠨ ᠲᠠᠢ ᠬᠦᠮᠦᠨ ᠳᠤ ᠴᠤ ᠪᠠᠰᠠ ᠡᠶᠢᠮᠦ ᠦᠵᠡᠭᠳᠡᠯ ᠢᠯᠡᠷᠡᠳᠡᠭ᠃    ᠬᠤᠶᠠᠷ᠂ ᠲᠠᠪᠤᠨ ᠡᠷᠭᠡᠳᠡᠨ ᠤ ᠰᠡᠳᠡᠯᠳᠡ ᠠᠴᠠ ᠪᠠᠨ ᠮᠡᠳᠡᠵᠤ ᠪᠤᠯᠬᠤ ᠡᠪᠡᠳᠴᠢᠨ ᠨᠦᠭᠦᠳ    1᠂ ᠨᠢᠳᠦ ᠭᠡᠨᠡᠳᠳᠡ ᠪᠠᠷ ᠪᠠᠯᠠᠷᠠᠵᠤ ᠶᠠᠭᠤᠮ᠎ᠠ ᠤᠯᠵᠤ ᠦᠵᠡᠬᠦ ᠪᠠᠨ ᠪᠠᠶᠢᠬᠤ᠃ ᠡᠨᠡ ᠪᠤᠯ ᠡᠯᠢᠭᠡᠨ ᠤ ᠠᠵᠢᠯᠯᠠᠭ᠎ᠠ ᠮᠠᠭᠤᠳᠠᠵᠤ ᠪᠠᠶᠢᠬᠤ ᠶᠢᠨ ᠢᠯᠡᠷᠡᠯ ᠮᠦᠨ᠃    2᠂ ᠦᠨᠦᠷᠯᠡᠬᠦ ᠰᠡᠷᠡᠯ ᠤᠯᠠᠮ ᠢᠶᠠᠷ ᠮᠠᠭᠤᠳᠠᠬᠤ᠃ ᠡᠨᠡ ᠪᠤᠯ ᠠᠭᠤᠰᠬᠢᠨ ᠤ ᠠᠵᠢᠯᠯᠠᠭ᠎ᠠ ᠮᠠᠭᠤᠳᠠᠵᠤ ᠪᠠᠶᠢᠬᠤ ᠶᠢᠨ ᠢᠯᠡᠷᠡᠯ᠃    3᠂ ᠤᠷᠤᠭᠤᠯ ᠬᠦᠰᠢᠬᠦᠨ ᠪᠤᠯᠬᠤ᠃ ᠡᠨᠡ ᠪᠤᠯ ᠨᠦᠢᠷ ᠤᠨ ᠡᠷᠭᠡᠳᠡᠨ ᠤ ᠠᠵᠢᠯᠯᠠᠭ᠎ᠠ ᠮᠠᠭᠤᠳᠠᠵᠤ ᠪᠠᠶᠢᠬᠤ ᠶᠢᠨ ᠢᠯᠡᠷᠡᠯ᠃    4᠂ ᠰᠤᠨᠤᠷ ᠮᠠᠭᠤᠳᠠᠬᠤ᠃ ᠡᠨᠡ ᠪᠤᠯ ᠲᠤᠳᠤᠷ ᠪᠦᠭᠡᠷ᠎ᠠ ᠶᠢᠨ ᠠᠵᠢᠯᠯᠠᠭ᠎ᠠ ᠮᠠᠭᠤᠳᠠᠵᠤ ᠪᠠᠶᠢᠬᠤ ᠶᠢᠨ ᠢᠯᠡᠷᠡᠯ᠃ ᠤᠷᠳᠤ ᠴᠠᠬ ᠢᠶᠠᠷ ᠰᠠᠭᠤᠬᠤ ᠬᠦᠮᠦᠰ ᠤᠨ ᠰᠤᠨᠤᠷ ᠮᠠᠭᠤᠳᠠᠬᠤ ᠨᠢ ᠤᠯᠠᠨ ᠪᠠᠶᠢᠳᠠᠬ᠃    5᠂ ᠠᠮᠳᠠᠯᠠᠬᠤ ᠰᠡᠷᠡᠯ ᠤᠯᠠᠮ ᠢᠶᠠᠷ ᠮᠠᠭᠤᠳᠠᠬᠤ᠃ ᠡᠨᠡ ᠪᠤᠯ ᠵᠢᠷᠦᠭᠡᠨ ᠠᠵᠢᠯᠯᠠᠭ᠎ᠠ ᠮᠠᠭᠤᠳᠠᠵᠤ ᠪᠠᠶᠢᠬᠤ ᠶᠢᠨ ᠢᠯᠡᠷᠡᠯ᠃    ᠭᠤᠷᠪᠠ᠂ ᠵᠢᠷᠭᠤᠭᠠᠨ ᠵᠦᠢᠯ ᠤᠨ ᠬᠢᠮᠤᠷᠠᠭ᠎ᠠ ᠳᠤ ᠪᠤᠯᠭᠤᠮᠵᠢᠳᠠᠢ ᠬᠠᠨᠳᠤᠬᠤ ᠨᠢ ᠴᠢᠬᠤᠯᠠ    1᠂ ᠬᠢᠮᠤᠷᠠᠭᠠᠳ ᠭᠡᠳᠦᠨ ᠡᠳᠦᠷ ᠪᠤᠯᠴᠢᠬᠠᠭᠠᠳ ᠬᠠᠯᠠᠭᠤᠷᠠᠬᠤ ᠨᠢ ᠵᠤᠬᠰᠤᠬᠤ ᠦᠭᠡᠢ᠂ ᠬᠠᠷᠢᠨ ᠠᠬᠰᠢᠭᠤᠨ ᠴᠠᠷ ᠲᠠᠢ ᠬᠠᠨᠢᠶᠠᠭᠠᠳ ᠯᠡ ᠪᠠᠶᠢᠪᠠᠯ ᠰᠠᠯᠪᠤᠷᠢ ᠮᠦᠭᠡᠷᠰᠦᠨ ᠬᠤᠭᠤᠯᠠᠢ ᠶᠢᠨ ᠦᠷᠪᠢᠰᠦᠯ ᠪᠤᠯᠵᠤ ᠬᠤᠪᠢᠷᠠᠬᠤ ᠠᠴᠠ ᠪᠤᠯᠭᠤᠮᠵᠢᠯᠠᠬᠤ ᠨᠢ ᠴᠢᠬᠤᠯᠠ᠃    2᠂ ᠬᠠᠯᠠᠭᠤᠷᠠᠬᠤ ᠮᠦᠷᠳᠡᠭᠡᠨ ᠰᠦᠷᠡᠭᠡᠢ ᠲᠤᠷᠠᠪᠠᠯᠵᠠᠵᠤ᠂ ᠲᠠᠬᠢᠨ ᠲᠠᠬᠢᠨ ᠪᠦᠭᠡᠯᠵᠢᠬᠦᠯᠦᠭᠡᠳ ᠪᠠᠶᠢᠪᠠᠯ ᠲᠠᠷᠢᠬᠢᠨ ᠤ ᠡᠪᠡᠳᠴᠢᠨ ᠪᠤᠯᠵᠤ ᠬᠤᠪᠢᠷᠠᠬᠤ ᠠᠴᠠ ᠪᠤᠯᠭᠤᠮᠵᠢᠯᠠᠭᠠᠷᠠᠢ᠃    3᠂ ᠬᠠᠯᠠᠭᠤᠷᠠᠬᠤ ᠮᠦᠷᠳᠡᠭᠡᠨ ᠲᠤᠰᠤᠯᠢᠬ ᠢᠳᠡᠭᠡᠨ ᠢᠳᠡᠬᠦ ᠲᠤᠷ᠎ᠠ ᠦᠭᠡᠢ ᠪᠠᠶᠢᠵᠤ ᠲᠤᠷᠠᠪᠠᠯᠵᠠᠵᠤ ᠪᠦᠭᠡᠯᠵᠢᠬᠦᠯᠦᠭᠡᠳ ᠪᠠᠶᠢᠪᠠᠯ ᠬᠠᠯᠳᠠᠪᠤᠷᠢᠳᠤ ᠴᠢᠨᠠᠷᠳᠠᠢ ᠡᠯᠢᠭᠡᠨ ᠦᠷᠪᠢᠰᠦᠯ ᠪᠤᠯᠵᠤ ᠬᠤᠪᠢᠷᠠᠬᠤ ᠠᠴᠠ ᠪᠤᠯᠭᠤᠮᠵᠢᠯᠠᠭᠠᠷᠠᠢ᠃    4᠂ ᠬᠢᠮᠤᠷᠠᠭᠠᠳ ᠨᠢᠭᠡ ᠭᠠᠷᠠᠬ ᠪᠤᠯᠴᠢᠬᠠᠭᠠᠳ ᠪᠠᠰᠠ ᠲᠤᠳᠤᠷ ᠪᠠᠴᠢᠮᠳᠠᠨ ᠪᠤᠬᠢᠨᠢᠳᠤᠵᠤ᠂ ᠠᠮᠢᠰᠬᠤᠭᠠᠳᠠᠵᠤ᠂ ᠵᠢᠷᠦᠭᠡᠨ ᠲᠡᠭᠡᠷ᠎ᠠ ᠡᠪᠡᠳᠬᠦ ᠮᠡᠳᠦ ᠶᠢᠨ ᠢᠯᠡᠷᠡᠯ ᠲᠠᠢ ᠪᠠᠶᠢᠵᠤ᠂ ᠡᠬᠦᠨ ᠳᠤ ᠤᠨᠴᠠᠭᠠᠢᠢᠯᠠᠨ ᠵᠢᠷᠦᠭᠡᠨ ᠴᠤᠬᠢᠯᠭ᠎ᠠ ᠲᠦᠷᠭᠡᠰᠴᠤ᠂ ᠨᠢᠭᠡ ᠮᠢᠨᠦ᠋ᠲ ᠲᠤ 100 ᠤᠳᠠᠭ᠎ᠠ ᠠᠴᠠ ᠲᠠᠪᠠᠵᠤ ᠪᠠᠶᠢᠪᠠᠯ ᠵᠢᠷᠦᠭᠡᠨ ᠪᠤᠯᠴᠢᠩ ᠤᠨ ᠦᠷᠪᠢᠰᠦᠯ ᠪᠤᠯᠵᠤ ᠬᠤᠪᠢᠷᠠᠬᠤ ᠠᠴᠠ ᠪᠤᠯᠭᠤᠮᠵᠢᠯᠠᠬᠤ ᠶᠢ ᠠᠩᠬᠠᠷᠬᠤ ᠴᠢᠬᠤᠯᠠ ᠲᠠᠢ᠃    5᠂ ᠭᠡᠨᠡᠳᠳᠡ ᠪᠠᠷ ᠬᠢᠮᠤᠷᠠᠬᠤ ᠦᠶᠡᠰ ᠲᠠᠭᠠᠷᠠᠳᠠᠰᠤ ᠬᠦᠷᠴᠤ ᠪᠠᠶᠢᠬᠰᠠᠨ ᠢᠶᠠᠨ ᠪᠡᠶ᠎ᠠ ᠬᠠᠯᠠᠭᠤᠷᠠᠭᠠᠳ ᠪᠠᠭᠤᠷᠠᠬᠤ ᠦᠭᠡᠢ ᠪᠠᠶᠢᠵᠤ᠂ ᠪᠦᠬᠦ ᠪᠡᠶ᠎ᠠ ᠡᠪᠡᠳᠦᠨ ᠢᠳᠡᠰᠢᠨ ᠳᠤ ᠲᠤᠷᠠᠯᠠᠬᠤ ᠦᠭᠡᠢ ᠪᠠᠶᠢᠳᠠᠯ ᠢᠯᠡᠷᠡᠵᠤ᠂ ᠤᠢᠢᠷ᠎ᠠ ᠬᠠᠪᠢ ᠶᠢᠨ ᠬᠦᠮᠦᠰ ᠤᠨ ᠲᠤᠳᠤᠷ᠎ᠠ ᠴᠤ ᠡᠶᠢᠮᠦᠷᠭᠡᠤ ᠬᠢᠮᠤᠷᠠᠭ᠎ᠠ ᠶᠢᠨ ᠪᠠᠶᠢᠳᠠᠯ ᠢᠯᠡᠷᠡᠵᠤ ᠪᠠᠶᠢᠭ᠎ᠠ ᠪᠤᠯ ᠡᠨᠡ ᠨᠢ ᠲᠠᠷᠤᠢ ᠬᠠᠯᠳᠠᠪᠤᠷᠢᠳᠤ ᠬᠢᠮᠤᠷᠠᠭ᠎ᠠ ᠪᠠᠶᠢᠵᠤ ᠮᠡᠳᠡᠬᠦ ᠶᠤᠮ᠃    6᠂ ᠬᠠᠯᠠᠭᠤᠷᠠᠬᠰᠠᠨ ᠤ ᠲᠠᠷᠠᠭᠠᠬᠢ ᠲᠠᠪᠤᠳᠤᠭᠠᠷ ᠡᠳᠦᠷ ᠠᠴᠠ ᠡᠬᠢᠯᠡᠨ ᠪᠡᠶ᠎ᠠ ᠲᠡᠭᠡᠷ᠎ᠠ ᠤᠯᠠᠭᠠᠨ ᠪᠢᠵᠢᠷᠠᠤ ᠭᠠᠷᠴᠤ᠂ ᠡᠯᠢᠭᠡ ᠲᠡᠯᠢᠬᠦᠦ ᠬᠠᠪᠤᠳᠠᠷ ᠲᠠᠢ ᠪᠤᠯᠵᠤ᠂ ᠲᠤᠳᠤᠷ ᠡᠭᠡᠳᠡᠷᠡᠬᠦ ᠪᠠᠶᠢᠳᠠᠯ ᠲᠠᠢ ᠪᠠᠶᠢᠳᠠᠯ ᠨᠢ ᠡᠰᠡᠷᠭᠡᠨ᠎ᠠ ᠬᠢᠵᠢᠭ ᠪᠠᠶᠢᠵᠤ ᠮᠡᠳᠡᠨ᠎ᠠ᠃ ᠡᠶᠢᠮᠦ ᠠᠴᠠ ᠨᠠᠰᠤᠳᠠᠶᠢᠴᠤᠳ ᠲᠡᠭᠡᠷᠡᠬᠢ ᠮᠡᠳᠦ ᠶᠢᠨ ᠡᠪᠡᠳᠴᠢᠨ ᠤ ᠢᠯᠡᠷᠡᠯ ᠭᠠᠷᠪᠠᠯ ᠡᠷᠭᠡᠪᠰᠢ ᠡᠮᠨᠡᠯᠭᠡ ᠳᠤ ᠬᠦᠷᠴᠤ ᠡᠮᠴᠢ ᠪᠠᠷ ᠲᠤᠳᠤᠯᠠᠭᠤᠯᠤᠭᠠᠳ ᠡᠮᠨᠡᠨ ᠵᠠᠰᠠᠭᠤᠯᠬᠤ ᠭᠡᠷᠡᠭᠳᠡᠢ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2