ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠩᠬᠠᠳᠠᠭᠴᠢ ᠠᠯᠤᠰ ᠰᠡᠷᠡᠯ ᠤᠨ ᠳᠠᠭᠠᠭᠤᠯᠢ ᠤᠳᠤ ︽ᠥᠪᠥᠷ ᠮᠣᠩᠭᠤᠯ ᠨᠢᠭᠡᠳᠦᠭᠡᠷ︾ ᠤᠭᠳᠠᠷᠭᠤᠢ ᠳᠤ ᠳᠡᠬᠦᠯᠢᠯ᠎ᠡ
ᠨᠡᠶᠢᠲᠡᠯᠡᠭᠰᠡᠨ ᠴᠠᠭ᠄
2021/11/16
‍ᠡᠷᠲᠡᠭᠡᠨ  ᠵᠠᠰᠠᠬᠤ  ᠣᠷᠣᠨ ᠤ  ᠠᠩᠬᠠᠳᠠᠭᠴᠢ  ᠠᠯᠤᠰ‌‍ᠰᠡᠷᠡᠯ ᠤᠨ ᠳᠠᠭᠠᠭᠤᠯᠢ ᠣᠲᠣ ︽ᠥᠪᠥᠷ ᠮᠣᠩᠭᠤᠯ ᠨᠢᠭᠡᠳᠦᠭᠡᠷ︾᠎ ᠢ ᠲᠠᠶᠢᠶᠤᠸᠠᠨ ᠤ  ᠳᠠᠭᠠᠭᠤᠯᠢ  ᠤᠳᠤᠨ ᠤ  ᠬᠠᠷᠪᠤᠯᠳᠠ ᠵᠢᠨ‌‍ᠲ᠋ᠦ᠋ᠪ ᠠᠴᠠ  ᠣᠭᠲᠠᠷᠭᠤᠶ ᠳᠤ  ᠠᠮᠵᠢᠯᠳᠠ ᠲᠠᠢ  ᠬᠠᠷᠪᠤᠵᠤ᠂   ᠤᠷᠢᠳᠴᠢᠯᠠᠨ   ᠵᠢᠱᠢᠭᠰᠡᠨ   ᠳᠤᠭᠤᠷᠢᠯᠳᠠ ᠶᠢᠨ   ᠵᠠᠮ ᠳ᠋ᠤ᠋‌ᠤᠷᠤᠭᠤᠯᠪᠠ᠃  ︽ᠥᠪᠥᠷ  ᠮᠣᠩᠭᠤᠯ  ᠨᠢᠭᠡᠳᠦᠭᠡᠷ︾  ᠳᠠᠭᠠᠭᠤᠯᠢ  ᠤᠳᠤ ᠶᠢ  ᠠᠮᠵᠢᠯᠲᠠ ᠲᠠᠢ  ᠬᠠᠷᠪᠤᠭᠰᠠᠨ ᠨᠢ   ᠥᠪᠥᠷ‌ᠮᠣᠩᠭᠤᠯ ᠤᠨ  ᠥᠪᠡᠷᠲᠡᠭᠡᠨ  ᠵᠠᠰᠠᠬᠤ  ᠣᠷᠣᠨ  ︽ᠣᠭᠲᠠᠷᠭᠤᠢ ᠠᠴᠠ  ᠠᠵᠢᠭᠯᠠᠬᠤ︾  ︽ᠭᠠᠵᠠᠷ  ᠳᠡᠭᠡᠷ᠎ᠡ  ᠪᠠᠶᠢᠴᠠᠭᠠᠬᠤ︾︽ᠰᠦᠯᠵᠢᠶᠡᠨ ᠳᠡᠭᠡᠷ᠎ᠡ ᠬᠠᠮᠢᠶᠠᠷᠬᠤ︾ ᠠᠮᠢ ᠠᠬᠤᠢ ᠶᠢᠨ ᠬᠢᠨᠠᠨ ᠬᠡᠮᠵᠢᠯᠲᠡ ᠶᠢᠨ  ᠰᠢᠨ᠎ᠡ  ᠪᠠᠶᠢᠷᠢᠰᠢᠯ ᠢ  ᠪᠦᠷᠢᠯᠳᠦᠬᠦᠯᠦᠭᠰᠡᠨ ᠢ‌ᠬᠠᠷᠠᠭᠤᠯᠵᠤ ᠪᠠᠶᠢᠭ᠎ᠠ ᠶᠤᠮ᠃  ᠮᠦᠨ  ᠴᠤ  ᠥᠪᠥᠷ  ᠮᠣᠩᠭᠤᠯ ᠤᠨ  ᠠᠮᠢ  ᠠᠬᠤᠶ ᠶᠢᠨ  ᠪᠣᠯᠪᠠᠰᠤᠨ ᠤ  ᠪᠠᠶᠢᠭᠤᠯᠤᠯᠲᠠ ᠵᠢ‌‍ᠴᠢᠩᠭᠠᠳᠬᠠᠨ᠂ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠬᠤ ᠴᠢᠬᠤᠯᠠ ᠠᠷᠭ᠎ᠠ ᠬᠡᠮᠵᠢᠶ᠎ᠡ ᠪᠣᠯᠤᠨ᠎ᠠ᠃                ︽ᠥᠪᠥᠷ ᠮᠣᠩᠭᠤᠯ ᠨᠢᠭᠡᠳᠦᠭᠡᠷ︾ ᠳᠠᠭᠠᠭᠤᠯᠢ  ᠤᠳᠤ  ᠪᠣᠯ  ᠪᠦᠬᠦ  ᠪᠥᠮᠪᠥᠷᠴᠡᠭ ᠤᠨ  ᠣᠳᠣᠬᠠᠨ ᠤ  ᠬᠠᠮᠤᠭ ‍ᠤᠨ‌ᠦᠷᠬᠡᠨ ᠬᠡᠪᠴᠢᠶ᠎ᠡ ᠪᠠᠷ᠂ ᠬᠠᠮᠤᠭ ᠤᠨ ᠦᠨᠳᠦᠷ ᠤᠨᠤᠪᠴᠢᠲᠠᠢ ᠤᠷᠤᠨ ᠪᠠᠶᠢᠷᠢ ᠳᠤᠭᠳᠠᠭᠠᠬᠤ  ᠭᠡᠷᠡᠯᠯᠢᠭ  ᠠᠯᠤᠰ  ᠰᠡᠷᠡᠯ ‍ᠤᠨ‌‍ᠲ᠋ᠠᠭᠠᠭᠤᠯᠢ ᠤᠳᠤ ᠪᠣᠯᠤᠨ᠎ᠠ᠃ ᠥᠨᠳᠥᠷ ᠢᠯᠭᠠᠮᠵᠢ ᠲᠠᠢ᠂ ᠳᠤᠭ᠎ᠠ ᠪᠠᠷᠢᠮᠳᠠ ᠶᠢ ᠲᠦᠷᠭᠡᠨ  ᠬᠠᠳᠠᠭᠠᠯᠠᠬᠤ  ᠪᠠ  ᠳᠠᠮᠵᠢᠭᠤᠯᠬᠤ᠂ᠮᠡᠳᠡᠭᠡ ᠵᠠᠩᠬᠢ ᠶᠢᠨ ᠬᠠᠳᠠᠭᠠᠯᠠᠴᠠ ᠶᠡᠭᠡ᠂ ᠤᠳᠤᠬᠢ ᠪᠠᠶᠢᠳᠠᠯ ᠢ ᠴᠠᠭ ᠳᠤᠬᠠᠢ ᠳᠤᠨᠢ ᠬᠡᠮᠵᠢᠬᠦ  ᠪᠠ  ᠤᠷᠳᠤ  ᠬᠤᠭᠤᠴᠠᠭ᠎ᠠ ᠪᠠᠷ‌‍ᠬᠦ᠋ᠳᠡᠯᠦᠩᠬᠦᠢ ᠬᠢᠨᠠᠨ ᠬᠡᠮᠵᠢᠯᠳᠡ ᠬᠢᠬᠦ ᠳᠠᠪᠠᠭᠤᠯᠢᠭ ᠲᠠᠢ᠃ ᠪᠠᠶᠢᠭᠠᠯᠢ ᠶᠢᠨ  ᠡᠬᠢ  ᠪᠠᠶᠠᠯᠢᠭ ᠢ  ᠪᠠᠶᠢᠴᠠᠭᠠᠨ  ᠬᠢᠨᠠᠨ  ᠬᠡᠮᠵᠢᠵᠦ‌ᠦᠨᠡᠯᠡᠬᠦ᠂ ᠠᠮᠢ ᠠᠬᠤᠶ ᠶᠢᠨ ᠣᠷᠴᠢᠨ ᠲᠣᠭᠤᠷᠢᠨ ᠢ ᠬᠢᠨᠠᠨ ᠬᠡᠮᠵᠢᠬᠦ ᠪᠠ ᠵᠠᠰᠠᠬᠤ᠂  ᠰᠠᠭᠤᠷᠢ  ᠬᠡᠮᠵᠢᠨ  ᠵᠢᠷᠤᠭᠯᠠᠯᠲᠠ  ᠬᠢᠬᠦ᠂ᠭᠠᠵᠠᠷ ᠰᠢᠷᠣᠶ ᠶᠢᠨ ᠲᠥᠯᠥᠪᠵᠢᠭᠦᠯᠭᠡ ᠬᠢᠬᠦ᠂ ᠲᠠᠷᠢᠶᠠᠯᠠᠩ ᠤᠨ ᠪᠠᠶᠢᠳᠠᠯ ᠢ ᠤᠨᠤᠪᠴᠢᠳᠠᠢ ᠬᠢᠨᠠᠨ ᠬᠡᠮᠵᠢᠬᠦ᠂  ᠤᠢ  ᠰᠢᠭᠤᠶ ᠵᠢᠨ‌ᠡᠬᠢ ᠪᠠᠶᠠᠯᠢᠭ ᠤᠨ ᠨᠡᠶᠢᠳᠡᠮ ᠤᠨ ᠪᠠᠶᠢᠴᠠᠭᠠᠯᠲᠠ ᠬᠢᠬᠦ᠂  ᠭᠠᠮᠰᠢᠭ ᠢ  ᠰᠡᠷᠭᠡᠶᠢᠯᠡᠵᠦ  ᠭᠠᠮᠰᠢᠭ ᠢ  ᠪᠠᠭᠠᠰᠬᠠᠬᠤ  ᠵᠢᠴᠢ  ᠪᠠᠴᠢᠮ‌‍ᠪᠠᠶᠢᠳᠠᠯ ᠢ ᠠᠷᠭᠠᠴᠠᠭᠠᠬᠤ ᠵᠡᠷᠭᠡ ᠤᠯᠠᠨ ᠬᠦᠷᠢᠶᠡᠨ ᠳᠤ ᠣᠷᠣᠯᠠᠭᠤᠯᠵᠤ ᠪᠣᠯᠤᠰᠢ ᠦᠭᠡᠢ ᠴᠢᠬᠤᠯᠠ ᠦᠢᠯᠡᠳᠦᠯ ᠦᠵᠡᠬᠦᠯᠦᠨ᠎ᠡ᠃                ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ  ᠶᠡᠷᠦᠩᠬᠡᠢ  ᠱᠦᠵᠢ  ᠰᠢ ᠶᠢᠨ  ᠫᠢᠩ ᠤᠨ  ᠠᠮᠢ  ᠠᠬᠤᠶ ᠵᠢ‌ᠤᠷᠢᠳ ᠢᠶᠠᠷ  ᠪᠣᠳᠣᠯᠬᠢᠯᠠᠬᠤ᠂  ᠪᠣᠬᠢᠷᠲᠤᠯ  ᠥᠬᠡᠶ  ᠬᠥᠭᠵᠢᠭᠦᠯᠬᠦ ᠪᠠᠷ  ᠤᠳᠤᠷᠢᠳᠤᠮᠵᠢ   ᠪᠣᠯᠭᠠᠭᠰᠠᠨ   ᠴᠢᠨᠠᠷ   ᠰᠠᠶᠢᠲᠠᠶ‌‍ᠬᠥ᠋ᠭᠵᠢᠯᠲᠡ ᠶᠢᠨ ᠰᠢᠨ᠎ᠡ ᠵᠠᠮ ᠢᠶᠠᠷ ᠡᠷᠡᠰ ᠭᠤᠶᠢᠪᠢᠰᠢ ᠥᠬᠡᠶ ᠵᠠᠮᠨᠠᠨ᠂ ᠦᠵᠦ ᠲᠥᠯᠥᠪᠯᠡᠭᠡ ᠶᠢ ᠴᠢᠩᠭᠠᠳᠬᠠᠨ᠂  ᠮᠡᠷᠭᠡᠵᠢᠯ ‍ᠤᠨ‌‍ᠰᠢᠨ᠎ᠡ ᠶᠢ ᠡᠬᠦᠳᠬᠦ ᠶᠢ ᠲᠦᠷᠭᠡᠳᠬᠡᠵᠦ᠂ ᠳᠠᠭᠠᠭᠤᠯᠢ ᠣᠳᠣᠨ ᠤ ᠠᠯᠤᠰ ᠰᠡᠷᠡᠯ ᠵᠡᠷᠭᠡ ᠳᠡᠭᠡᠳᠦ ᠰᠢᠨᠵᠢᠯᠡᠬᠦ  ᠤᠬᠠᠭᠠᠨ  ᠲᠧᠭᠨᠢᠭ‌ᠮᠡᠷᠭᠡᠵᠢᠯ ᠤᠨ ᠠᠷᠭ᠎ᠠ ᠪᠠᠷᠢᠯ ᠢ ᠬᠡᠷᠡᠭᠯᠡᠨ᠂ ᠠᠮᠢ ᠠᠬᠤᠶ ᠶᠢᠨ ᠰᠢᠰᠲ᠋ᠧᠮ ᠢ ᠬᠠᠮᠠᠭᠠᠯᠠᠬᠤ ᠪᠠ ᠰᠡᠷᠭᠦᠭᠡᠬᠦ ᠡᠷᠴᠢᠮ ᠢ  ᠪᠦᠲᠦᠮᠵᠢᠲᠡᠶ‌‍ᠴᠢᠩᠭᠠᠷᠠᠭᠤᠯᠬᠤ ᠨᠢ ᠠᠯᠤᠰ ᠬᠡᠲᠦ ᠶᠢᠨ ᠴᠢᠬᠤᠯᠠ ᠠᠴᠢ ᠬᠤᠯᠪᠣᠭᠳᠠᠯ ᠲᠠᠢ ᠶᠤᠮ᠃                ᠤᠢᠢᠯᠠᠭᠠᠭᠰᠠᠨ ᠢᠶᠠᠷ᠂ 2020  ᠣᠨ ᠤ  5  ᠰᠠᠷ᠎ᠠ ᠶᠢᠨ  7᠎ ᠤ  ᠡᠳᠦᠷ᠂  ᠥᠪᠡᠷᠲᠡᠭᠡᠨ  ᠵᠠᠰᠠᠬᠤ  ᠣᠷᠣᠨ ‍ᠤ‌ᠠᠷᠠᠳ ᠤᠨ ᠵᠠᠰᠠᠭ ᠤᠨ ᠣᠷᠳᠣᠨ ᠬᠢᠭᠡᠳ  ᠴᠠᠩ  ᠭᠤᠸᠠᠩ  ᠳᠠᠭᠠᠭᠤᠯᠢ  ᠣᠳᠣᠨ ᠤ  ᠮᠡᠷᠭᠡᠵᠢᠯ ᠤᠨ  ᠬᠢᠵᠠᠭᠠᠷᠲᠤ  ᠺᠣᠮᠫᠠᠨᠢ‌‍ᠪᠠᠶᠢᠯᠳᠤᠬᠤ ᠪᠣᠳᠣᠯᠭ᠎ᠠ ᠶᠢᠨ ᠬᠠᠮᠲᠤᠷᠠᠯᠴᠠᠭᠠᠨ ᠤ ᠵᠥᠪᠯᠡᠯᠴᠡᠭᠡᠷ ᠲᠣᠭᠲᠠᠵᠤ᠂  ︽ᠥᠪᠥᠷ  ᠮᠣᠩᠭᠤᠯ  ᠨᠢᠭᠡᠳᠦᠭᠡᠷ︾  ᠳᠠᠭᠠᠭᠤᠯᠢ‌ᠣᠲᠣ ᠶᠢ ᠬᠠᠮᠲᠤᠷᠠᠯᠴᠠᠨ ᠬᠠᠷᠪᠤᠬᠤ ᠶᠢᠨ ᠬᠠᠮᠲᠤ᠂  ᠦᠪᠦᠷ  ᠮᠤᠩᠭᠤᠯ ᠤᠨ  ᠦᠪᠡᠷᠳᠡᠬᠡᠨ  ᠵᠠᠰᠠᠬᠤ  ᠤᠷᠤᠨ ᠤ  ᠳᠠᠭᠠᠭᠤᠯᠢ‌ᠤᠳᠤᠨ ᠤ  ᠬᠡᠷᠡᠭᠯᠡᠬᠡᠨ ᠤ  ᠮᠡᠷᠬᠡᠵᠢᠯ ᠤᠨ  ᠲᠦᠪ ᠢ  ᠪᠠᠶᠢᠭᠤᠯᠤᠭᠰᠠᠨ  ᠪᠠᠶᠢᠨ᠎ᠠ᠃  ᠳᠤᠰ  ᠲᠦᠪ ᠨᠢ  ︽ᠥᠪᠥᠷ  ᠮᠣᠩᠭᠤᠯ‌ᠨᠢᠭᠡᠳᠦᠭᠡᠷ︾ ᠳᠠᠭᠠᠭᠤᠯᠢ ᠣᠳᠣᠨ ᠤ ᠲᠤᠭ᠎ᠠ ᠪᠠᠷᠢᠮᠲᠠ ᠶᠢᠨ ᠡᠬᠢ ᠪᠠᠶᠠᠯᠢᠭ ᠢ ᠭᠦᠢᠴᠡᠳ ᠠᠰᠢᠭᠯᠠᠨ᠂ ᠭᠠᠵᠠᠷ ᠵᠦᠶ ᠶᠢᠨ ᠣᠷᠣᠨ‌ᠵᠠᠶ ᠶᠢᠨ ᠰᠡᠳᠬᠢᠬᠦᠶ ᠪᠠ ᠭᠠᠵᠠᠷ  ᠵᠦᠶ ᠶᠢᠨ  ᠮᠡᠳᠡᠭᠡ  ᠵᠠᠩᠭᠢ ᠶᠢ  ᠬᠡᠮᠵᠢᠨ  ᠵᠢᠷᠤᠭᠰᠠᠨ  ᠦᠷ᠎ᠡ  ᠪᠦᠲᠦᠭᠡᠯ᠂  ᠮᠡᠷᠭᠡᠵᠢᠯ ‍ᠤᠨ‌‍ᠲ᠋ᠠᠪᠠᠭᠤᠯᠢᠭ ᠢ ᠠᠰᠢᠭᠯᠠᠨ᠂ ᠥᠪᠡᠷᠲᠡᠭᠡᠨ ᠵᠠᠰᠠᠬᠤ ᠣᠷᠣᠨ ᠤ ᠠᠵᠤ ᠠᠬᠤᠶ ᠨᠡᠶᠢᠭᠡᠮ ᠤᠨ ᠴᠢᠨᠠᠷ ᠰᠠᠶᠢᠲᠠᠶ ᠬᠥᠭᠵᠢᠯᠲᠡ ᠳᠤ ᠨᠠᠩ‌‍ᠰᠠᠶᠢᠲᠤᠷ ᠦᠢᠯᠡᠴᠢᠯᠡᠨ᠎ᠡ᠃ ᠦᠪᠡᠷᠳᠡᠬᠡᠨ ᠵᠠᠰᠠᠬᠤ ᠤᠷᠤᠨ ᠤ ᠤᠷᠤᠨ ᠵᠠᠢ ᠶᠢᠨ ᠰᠠᠭᠤᠷᠢ ᠮᠡᠳᠡᠭᠡ ᠵᠠᠩᠬᠢ ᠶᠢᠨ  ᠳᠠᠪᠴᠠᠩ  ᠪᠠ‌ᠭᠠᠵᠠᠷ  ᠵᠦᠢ ᠶᠢᠨ  ᠮᠡᠳᠡᠭᠡ  ᠵᠠᠩᠬᠢ ᠶᠢᠨ   ᠳ᠋ᠡᠶᠢᠲ᠋ᠠ ᠶᠢᠨ   ᠲᠦᠷᠦᠯ   ᠵᠦᠢᠯ ᠤᠨ   ᠪᠠᠶᠢᠭᠤᠯᠤᠯᠳᠠ ᠶᠢᠨ   ᠠᠭᠤᠯᠭ᠎ᠠ ᠲᠠᠢ‌ᠤᠶᠠᠯᠳᠤᠭᠤᠯᠵᠤ᠂ ᠨᠡᠶᠢᠬᠡᠮ ᠪᠠ ᠬᠠᠮᠢᠶᠠᠷᠤᠯᠳᠠ ᠶᠢᠨ ᠰᠠᠯᠠᠭ᠎ᠠ ᠮᠦᠴᠢᠷ ᠲᠤ ᠤᠨᠤᠪᠴᠢᠳᠠᠢ ᠳᠤᠭ᠎ᠠ ᠪᠠᠷᠢᠮᠳᠠ ᠬᠠᠩᠭᠠᠵᠤ᠂ ᠣᠷᠣᠨ‌ᠵᠠᠶ ᠶᠢᠨ  ᠬᠠᠮᠢᠶᠠᠷᠤᠯᠲᠠ ᠶᠢ  ᠨᠢᠭᠡ  ᠴᠣᠭᠴᠠᠵᠢᠭᠤᠯᠬᠤ  ᠬᠡᠷᠡᠭᠴᠡᠭᠡ ᠪᠠᠷ᠂  ᠡᠯ᠎ᠡ  ᠱᠠᠲᠤᠨ ᠤ  ᠡᠯ᠎ᠡ  ᠲᠥᠷᠥᠯ ᠤᠨ   ᠳᠤᠭ᠎ᠠ‌‍ᠪᠠᠷᠢᠮᠳᠠ ᠶᠢᠨ ᠡᠬᠢ ᠪᠠᠶᠠᠯᠢᠭ ᠢ ᠨᠡᠪᠳᠡᠷᠡᠬᠦᠯᠵᠦ᠂ ᠣᠯᠠᠨ ᠡᠬᠢᠲᠦ᠂ ᠠᠳᠠᠯᠢ ᠪᠤᠰᠤ ᠶᠢᠨ  ᠴᠠᠭ ᠤᠨ  ᠠᠯᠤᠰ  ᠰᠡᠷᠡᠯ ᠤᠨ  ᠬᠡᠷᠡᠯ‌ᠵᠢᠷᠤᠭ᠂ ᠤᠨᠤᠪᠴᠢᠳᠠᠢ ᠳᠤᠭ᠎ᠠ ᠪᠠᠷᠢᠮᠳᠠ ᠶᠢ ᠬᠠᠮᠳᠤ ᠪᠠᠷ ᠡᠳ᠋ᠯᠡᠨ ᠰᠤᠯᠢᠯᠴᠠᠬᠤ ᠪᠠ ᠬᠠᠷᠢᠯᠴᠠᠨ ᠨᠡᠪᠳᠡᠷᠡᠬᠦᠯᠬᠦ ᠶᠢ ᠪᠡᠶᠡᠯᠡᠬᠦᠯᠵᠦ᠂ᠮᠠᠨ ᠤ ᠤᠯᠤᠰ ᠤᠨ ᠤᠮᠠᠷᠠᠳᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠬᠠᠮᠳᠤ ᠪᠠᠷ  ᠪᠠᠬᠢᠵᠢᠬᠦᠯᠬᠦ ᠪᠤᠯᠤᠨ᠎ᠠ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2