ᠮᠠᠨ ᠤ ᠤᠯᠤᠰ ᠤᠨ ᠠᠩᠬᠠᠳᠠᠭᠴᠢ ᠭᠠᠯ ᠭᠠᠷᠠᠭ ᠬᠠᠶᠢᠨ‌‍ᠰᠢᠨᠵᠢᠯᠡᠬᠦ ᠡᠭᠦᠷᠭᠡ ᠶᠢ ᠬᠦᠢᠴᠡᠳᠬᠡᠵᠦ ᠪᠠᠶᠢᠭ᠎ᠠ ᠲᠢᠶᠠᠨ ᠸᠧᠨ ᠨᠢᠭᠡᠳᠦᠭᠡᠷ ᠬᠠᠶᠢᠭᠤᠷ ᠭᠠᠯ ᠭᠠᠷᠠᠭ ᠲᠤ ᠠᠮᠵᠢᠯᠲᠠ ᠲᠠᠢ ᠪᠠᠭᠤᠪᠠ
ᠨᠡᠶᠢᠲᠡᠯᠡᠭᠰᠡᠨ ᠴᠠᠭ᠄
2021/11/16
       ᠰᠢ ᠶᠢᠨ ᠫᠢᠩ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠪᠣᠯᠤᠨ ᠲᠥᠪ  ᠎ ᠤᠨ  ᠴᠡᠷᠢᠭ  ‍ᠦᠨ‌‍ᠶᠠᠪᠤᠳᠠᠯ ᠤᠨ ᠬᠤᠷᠢᠶᠠᠨ ᠤ ᠡᠮᠦᠨ᠎ᠡ ᠠᠴᠠ ᠴᠠᠬᠢᠯᠭᠠᠨ ᠴᠢᠮᠡᠭᠡ ᠶᠠᠪᠣᠭᠤᠯᠵᠦ ᠪᠠᠶᠠᠷ ᠬᠦᠷᠭᠡᠪᠡ       ᠬᠠᠨ ᠵᠧᠩ ᠪᠡᠭᠡᠵᠢᠩ ᠳᠤ ᠭᠠᠯ ᠭᠠᠷᠠᠭ ᠲᠤ ᠪᠠᠭᠤᠬᠤ ᠪᠠᠶᠢᠳᠠᠯ ᠢ ᠦᠵᠡᠪᠡ    ᠪᠠᠶᠠᠷ ᠤᠨ ᠴᠠᠬᠢᠯᠭᠠᠨ ᠴᠢᠮᠡᠭᠡ       ᠠᠩᠬᠠᠳᠠᠭᠴᠢ ᠭᠠᠯ  ᠭᠠᠷᠠᠭ  ᠎ ᠢ  ᠬᠠᠶᠢᠨ  ᠰᠢᠨᠵᠢᠯᠡᠬᠦ  ᠡᠭᠦᠷᠭᠡ  ᠎ ᠶᠢᠨ  ᠵᠢᠯᠣᠭᠤᠳᠬᠤ  ᠭᠠᠵᠠᠷ  ᠪᠠ  ᠡᠭᠦᠷᠭᠡ  ᠳ᠋ᠦ‌ᠣᠷᠣᠯᠴᠠᠭᠰᠠᠨ ᠪᠦᠬᠦ ᠨᠥᠬᠦᠳ ᠲᠤ᠄         ᠨᠠᠮ ᠪᠠᠶᠢᠭᠤᠯᠤᠭᠳᠠᠭᠰᠠᠨ ᠵᠠᠭᠤᠨ ᠵᠢᠯ ᠤᠨ ᠤᠢ ᠶᠢ ᠤᠭᠲᠤᠵᠤ ᠪᠠᠶᠢᠭ᠎ᠠ ᠲᠠᠰᠢᠷᠠᠮ ᠳᠤ᠂ ᠲᠢᠶᠠᠨ ᠸᠧᠨ  ᠨᠢᠭᠡᠳᠦᠭᠡᠷ‌ᠬᠠᠶᠢᠭᠤᠷ ᠭᠠᠯ ᠭᠠᠷᠠᠭ ᠲᠤ ᠠᠮᠵᠢᠯᠲᠠ ᠲᠠᠢ ᠪᠠᠭᠤᠪᠡ᠂ ᠪᠢ ᠨᠠᠮ ᠤᠨ ᠲᠥᠪ ᠬᠤᠷᠢᠶ᠎ᠠ᠂ ᠲᠦᠷᠦ ᠶᠢᠨ ᠶᠠᠪᠤᠳᠠᠯ ᠤᠨ  ᠬᠤᠷᠢᠶ᠎ᠠ‌‍ᠪᠣᠯᠤᠨ ᠲᠥᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠡᠮᠦᠨ᠎ᠡ ᠠᠴᠠ ᠲᠠ ᠨᠠᠷ ᠲᠤ ᠬᠠᠯᠠᠭᠤᠨ  ᠪᠠᠶᠠᠷ  ᠬᠦᠷᠭᠡᠵᠦ  ᠴᠢᠩ‌‍ᠰᠡᠳᠬᠢᠯ ᠤᠨ ᠮᠡᠨᠳᠦᠴᠢᠯᠡᠯ ᠳᠡᠪᠰᠢᠭᠦᠯᠵᠦ ᠪᠠᠶᠢᠨ᠎ᠠ︕               ᠲᠢᠶᠠᠨ ᠸᠧᠨ ᠨᠢᠭᠡᠳᠦᠭᠡᠷ ᠬᠠᠶᠢᠭᠤᠷ ᠨᠢ ᠭᠠᠯ ᠭᠠᠷᠠᠭ ᠲᠤ ᠪᠠᠭᠤᠵᠤ᠂ ᠮᠠᠨ ᠤ ᠤᠯᠤᠰ  ᠎ ᠤᠨ  ᠣᠳᠣᠨ  ᠣᠷᠣᠨ  ᠢ‌ᠬᠠᠶᠢᠨ ᠰᠢᠨᠵᠢᠯᠡᠬᠦ ᠠᠶᠠᠨ ᠤ ᠴᠢᠬᠤᠯᠠ ᠨᠢᠭᠡ ᠠᠯᠬᠤᠮ  ᠎ ᠢ  ᠠᠯᠬᠤᠵᠤ᠂  ᠲᠡᠯᠡᠭᠡᠢ ᠶᠢᠨ  ᠪᠥᠮᠪᠥᠷᠴᠡᠭ  ᠰᠠᠷᠠᠨ  ᠪᠥᠮᠪᠥᠷᠴᠡᠭ ‍ᠤ‌‍ᠰᠢᠰᠲ᠋ᠧᠮ ᠠᠴᠠ ᠣᠳᠣᠨ ᠭᠠᠷᠠᠭ ᠲᠤ  ᠬᠦᠷᠬᠦ  ᠳᠠᠪᠠᠯᠲᠠ  ᠎ ᠶᠢ  ᠪᠡᠶᠡᠯᠡᠭᠦᠯᠵᠦ᠂  ᠭᠠᠯ  ᠭᠠᠷᠠᠭ  ᠳᠡᠭᠡᠷ᠎ᠡ  ᠠᠩᠬ᠎ᠠ  ᠤᠳᠠᠭ᠎ᠠ‌‍ᠲ᠋ᠤᠮᠳᠠᠳᠤᠴᠤᠳ ᠤᠨ ᠤᠯᠠ ᠮᠥᠷ ᠢ ᠦᠯᠡᠳᠡᠭᠡᠪᠡ᠂ ᠡᠨᠡ ᠪᠣᠯ ᠮᠠᠨ ᠤ ᠤᠯᠤᠰ ᠎ ᠤᠨ ᠰᠠᠨᠰᠠᠷ ᠤᠨ ᠠᠶᠠᠯᠠᠯ ᠤᠨ  ᠦᠶᠯᠡᠰ  ‍ᠦᠨ‌‍ᠬᠥ᠋ᠭᠵᠢᠯᠲᠡ ᠶᠢᠨ ᠪᠠᠰᠠ ᠨᠢᠭᠡᠨ ᠬᠦᠰᠢᠶ᠎ᠡ ᠲᠣᠷᠠᠳᠬᠠᠯ ᠤᠨ ᠠᠴᠢ ᠬᠤᠯᠪᠣᠭᠳᠠᠯ ᠲᠠᠢ ᠶᠠᠪᠣᠳᠠᠯ ᠪᠣᠯᠤᠨ᠎ᠠ᠃ ᠲᠠ ᠨᠠᠷ  ᠵᠣᠷᠢᠭᠲᠠᠢ‌‍ᠪᠠᠷ ᠦᠷᠢᠰᠦᠯᠳᠦᠵᠦ᠂ ᠭᠠᠷᠮᠠᠭᠠᠢ ᠠᠮᠵᠢᠯᠲᠠ ᠶᠢ ᠬᠥᠭᠡᠭᠡᠴᠡᠯᠳᠦᠵᠦ᠂ ᠮᠠᠨ ᠤ ᠤᠯᠤᠰ ᠢ ᠭᠠᠷᠠᠭ ᠤᠳᠤ ᠶᠢ  ᠬᠠᠶᠢᠨ  ᠰᠢᠨᠵᠢᠯᠡᠬᠦ‌‍ᠬᠦ᠋ᠷᠢᠶᠡᠨ ᠤ ᠳᠡᠯᠡᠬᠡᠢ ᠶᠢᠨ ᠲᠡᠷᠢᠭᠦᠨ ᠎ ᠤ ᠡᠩᠨᠡᠭᠡᠨ ᠳᠤ ᠣᠷᠣᠭᠤᠯᠵᠠᠢ᠂ ᠡᠬᠡ ᠤᠯᠤᠰ ᠪᠣᠯᠤᠨ ᠠᠷᠠᠳ ᠲᠦᠮᠡᠨ  ᠲᠠ  ᠨᠠᠷ  ‍ᠤᠨ‌ᠭᠠᠷᠮᠠᠭᠠᠢ ᠭᠠᠪᠢᠶ᠎ᠠ ᠵᠢᠳᠬᠦᠯ ᠢ ᠡᠭᠦᠷᠢᠳᠡ ᠪᠠᠲᠤ ᠴᠡᠭᠡᠵᠢᠯᠡᠬᠦ ᠪᠣᠯᠤᠨ᠎ᠠ᠃              ᠲᠠᠨᠠᠷ ᠤᠨ ᠴᠢᠷᠮᠠᠶᠢᠭᠰᠠᠨ ᠳᠡᠭᠡᠷ᠎ᠡ ᠪᠠᠨ ᠴᠢᠷᠮᠠᠶᠢᠵᠤ᠂ ᠭᠠᠯ ᠭᠠᠷᠠᠭ ᠤᠨ ᠲᠣᠭᠤᠷᠢᠨ ᠪᠠᠶᠢᠴᠠᠭᠠᠬᠤ ᠰᠢᠨᠵᠢᠯᠡᠬᠦ ᠤᠬᠠᠭᠠᠨ‌‍ᠤ ᠬᠠᠶᠢᠨ ᠰᠢᠨᠵᠢᠯᠡᠭᠡ ᠶᠢ ᠨᠠᠷᠢᠨ  ᠨᠢᠮᠪᠠᠢ  ᠵᠣᠬᠢᠶᠠᠨ  ᠪᠠᠶᠢᠭᠤᠯᠤᠨ  ᠬᠡᠷᠡᠭᠵᠢᠭᠦᠯᠵᠦ᠂  ᠰᠢᠨᠵᠢᠯᠡᠬᠦ  ᠤᠬᠠᠭᠠᠨ  ᠮᠡᠷᠭᠡᠵᠢᠯ ‍ᠤᠨ‌‍ᠲ᠋ᠠᠯ᠎ᠠ ᠪᠠᠷ ᠪᠡᠶ᠎ᠡ ᠪᠠᠨ ᠲᠠᠭᠠᠭᠠᠨ ᠬᠦᠴᠦᠷᠬᠡᠭᠵᠢᠬᠦ ᠶᠢ ᠪᠠᠷᠢᠮᠲᠠᠯᠠᠵᠤ᠂ ᠭᠠᠷᠠᠭ ᠤᠳᠤ ᠶᠢ ᠬᠠᠶᠢᠨ ᠰᠢᠨᠵᠢᠯᠡᠬᠦ ᠵᠡᠷᠭᠡ  ᠰᠠᠨᠰᠠᠷ  ‍ᠤᠨ‌ᠠᠶᠠᠯᠠᠯ ᠤᠨ ᠴᠢᠬᠤᠯᠠ ᠶᠡᠭᠡ ᠢᠨᠵᠧᠨᠧᠷᠢᠩ ᠢ ᠨᠠᠷᠢᠨ ᠨᠢᠮᠪᠠᠢ ᠠᠬᠢᠭᠤᠯᠵᠤ᠂ ᠰᠠᠨᠰᠠᠷ ᠤᠨ ᠠᠶᠠᠯᠠᠯ ᠤᠨ ᠬᠦᠴᠦᠷᠬᠡᠭ  ᠤᠯᠤᠰ  ᠢ‌‍ᠲ᠋ᠦ᠋ᠷᠭᠡᠳᠬᠡᠨ ᠪᠦᠳᠦᠬᠡᠨ ᠪᠠᠶᠢᠭᠤᠯᠵᠤ᠂ ᠣᠷᠴᠢᠯᠠᠩ ᠎ ᠤᠨ ᠨᠢᠭᠤᠴᠠ ᠶᠢ ᠬᠠᠶᠢᠨ  ᠰᠦᠪᠡᠭᠴᠢᠯᠡᠬᠦ᠂  ᠬᠥᠮᠦᠨ  ᠲᠥᠷᠥᠯᠬᠢᠲᠡᠨ  ‍ᠦ‌ᠡᠩᠬᠡ ᠲᠠᠶᠢᠪᠤᠩ ᠪᠣᠯᠤᠨ ᠬᠥᠭᠵᠢᠯᠲᠡ ᠶᠢ ᠠᠬᠢᠭᠤᠯᠬᠤ ᠡᠷᠬᠢᠮ ᠳᠡᠭᠡᠳᠦ ᠦᠢᠯᠡᠰ  ᠎ ᠲᠤ  ᠨᠡᠩ  ᠶᠡᠭᠡ  ᠰᠢᠨ᠎ᠡ  ᠬᠤᠪᠢ  ᠨᠡᠮᠡᠷᠢ‌ᠦᠵᠡᠭᠦᠯᠬᠦ ᠶᠢ ᠬᠦᠰᠡᠵᠦ ᠪᠠᠶᠢᠨ᠎ᠠ︕                        ᠰᠢ ᠶᠢᠨ ᠫᠢᠩ                      2021 ᠣᠨ ᠤ 5 ᠰᠠᠷ᠎ᠠ ᠶᠢᠨ 15᠎ ᠤ ᠡᠳᠦᠷ                              ︵ᠰᠢᠨᠬᠤᠸᠠ ᠬᠤᠷᠢᠶᠠᠨ ᠤ ᠪᠡᠭᠡᠵᠢᠩ ᠤᠨ 5 ᠰᠠᠷ᠎ᠠ ᠶᠢᠨ 15᠎ ᠤ ᠡᠳᠦᠷ ᠤᠨ ᠮᠡᠳᠡᠭᠡ︶                          ᠰᠢᠨᠬᠤᠸᠠ ᠬᠤᠷᠢᠶᠠᠨ ᠤ ᠪᠡᠭᠡᠵᠢᠩ ᠤᠨ 5 ᠰᠠᠷ᠎ᠠ ᠶᠢᠨ 15᠎ ᠤ ᠡᠳᠦᠷ ᠤᠨ ᠮᠡᠳᠡᠭᠡ 5 ᠰᠠᠷ᠎ᠠ ᠶᠢᠨ 15᠎ ᠤ  ᠡᠳᠦᠷ‌‍ᠦᠨ 7 ᠴᠠᠭ 18 ᠮᠢᠨᠦ᠋ᠲ ᠲᠤ᠂ ᠲᠢᠶᠠᠨ ᠸᠧᠨ ᠨᠢᠭᠡᠳᠦᠭᠡᠷ ᠬᠠᠶᠢᠭᠤᠷ ᠭᠠᠯ ᠭᠠᠷᠠᠭ ᠤᠨ ᠦᠲ᠋ᠣᠫᠢ ᠎ ᠶᠢᠨ ᠲᠠᠯ᠎ᠠ ᠭᠠᠵᠠᠷ  ‍ᠤᠨ‌ᠡᠮᠦᠨ᠎ᠡ ᠬᠡᠰᠡᠭ ᠤᠨ ᠵᠢᠱᠢᠭᠰᠡᠨ ᠪᠠᠭᠤᠬᠤ ᠭᠠᠵᠠᠷ ᠲᠠᠭᠠᠨ ᠪᠠᠭᠤᠵᠦ᠂ ᠮᠠᠨ ᠤ ᠤᠯᠤᠰ ᠤᠨ ᠠᠩᠬᠠᠳᠠᠭᠴᠢ ᠭᠠᠯ ᠭᠠᠷᠠᠭ ᠢ ᠬᠠᠶᠢᠨ‌‍ᠰᠢᠨᠵᠢᠯᠡᠬᠦ ᠬᠠᠶᠢᠭᠤᠷ ᠤᠨ ᠭᠠᠯ ᠭᠠᠷᠠᠭ ᠲᠤ ᠪᠠᠭᠤᠬᠤ ᠡᠬᠦᠷᠭᠡ ᠠᠮᠵᠢᠯᠲᠠ ᠣᠯᠪᠠ᠃ ᠲᠤᠮᠳᠠᠳᠤ ᠤᠯᠤᠰ ᠤᠨ ᠡᠪ ᠬᠠᠮᠳᠤ  ᠨᠠᠮ‌‍ᠤᠨ ᠲᠥᠪ ᠬᠤᠷᠢᠶᠠᠨ ᠤ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶᠠᠨ ‍ᠤ‌‍ᠲ᠋ᠡᠷᠢᠭᠦᠯᠡᠭᠴᠢ ᠰᠢ ᠶᠢᠨ ᠫᠢᠩ ᠪᠠᠶᠠᠷ ᠤᠨ ᠴᠠᠬᠢᠯᠭᠠᠨ ᠴᠢᠮᠡᠭᠡ ᠶᠠᠪᠤᠭᠤᠯᠵᠤ᠂ ᠨᠠᠮ ᠤᠨ ᠲᠥᠪ ᠬᠤᠷᠢᠶ᠎ᠠ᠂ ᠲᠦᠷᠦ ᠶᠢᠨ  ᠶᠠᠪᠤᠳᠠᠯ‌‍ᠤᠨ ᠬᠤᠷᠢᠶ᠎ᠠ ᠪᠠ ᠲᠥᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠡᠮᠦᠨ᠎ᠡ ᠠᠴᠠ᠂ ᠠᠩᠬᠠᠳᠠᠭᠴᠢ ᠭᠠᠯ ᠭᠠᠷᠠᠭ  ᠎ ᠢ  ᠬᠠᠶᠢᠨ‌‍ᠰᠢᠨᠵᠢᠯᠡᠬᠦ ᠡᠭᠦᠷᠭᠡ ᠎ ᠶᠢᠨ ᠵᠢᠯᠣᠭᠤᠳᠬᠤ ᠭᠠᠵᠠᠷ ᠪᠠ ᠡᠭᠦᠷᠭᠡ ᠳᠤ  ᠣᠷᠣᠯᠴᠠᠭᠰᠠᠨ  ᠪᠦᠬᠦ  ᠨᠥᠬᠦᠳ  ᠎ ᠲᠤ  ᠬᠠᠯᠠᠭᠤᠨ  ᠪᠠᠶᠠᠷ‌‍ᠬᠦ᠋ᠷᠭᠡᠬᠦ ᠶᠢᠨ ᠬᠠᠮᠳᠣ ᠴᠢᠩ ᠰᠡᠳᠬᠢᠯ ᠤᠨ ᠮᠡᠨᠳᠦᠴᠢᠯᠡᠯ ᠳᠡᠪᠰᠢᠭᠦᠯᠪᠡ᠃               ᠰᠢ ᠶᠢᠨ ᠫᠢᠩ ᠪᠠᠶᠠᠷ ᠤᠨ ᠴᠠᠬᠢᠯᠭᠠᠨ ᠴᠢᠮᠡᠭᠡ ᠳᠡᠭᠡᠨ᠄ ᠲᠢᠶᠠᠨ ᠸᠧᠨ ᠨᠢᠭᠡᠳᠦᠭᠡᠷ ᠬᠠᠶᠢᠭᠤᠷ ᠨᠢ ᠭᠠᠯ  ᠭᠠᠷᠠᠭ  ᠲᠤ᠋‌‍ᠪᠠᠭᠤᠵᠤ᠂ ᠮᠠᠨ ᠤ ᠤᠯᠤᠰ ᠤᠨ ᠣᠳᠣᠨ ᠣᠷᠣᠨ ᠢ ᠬᠠᠶᠢᠨ ᠰᠢᠨᠵᠢᠯᠡᠬᠦ ᠠᠶᠠᠨ ᠤ ᠴᠢᠬᠤᠯᠠ  ᠨᠢᠭᠡ  ᠠᠯᠬᠤᠮ  ᠎ ᠢ  ᠠᠯᠬᠤᠵᠤ᠂ᠲᠡᠯᠡᠭᠡᠢ ᠶᠢᠨ ᠪᠥᠮᠪᠥᠷᠴᠡᠭ ᠰᠠᠷᠠᠨ ᠪᠥᠮᠪᠥᠷᠴᠡᠭ ᠤ ᠰᠢᠰᠲ᠋ᠧᠮ ᠠᠴᠠ ᠣᠳᠣᠨ ᠭᠠᠷᠠᠭ ᠲᠤ ᠬᠦᠷᠬᠦ ᠳᠠᠪᠠᠯᠲᠠ  ᠎ ᠶᠢ  ᠪᠡᠶᠡᠯᠡᠭᠦᠯᠵᠦ᠂ᠭᠠᠯ ᠭᠠᠷᠠᠭ ᠳᠡᠭᠡᠷ᠎ᠡ ᠠᠩᠬ᠎ᠠ ᠤᠳᠠᠭ᠎ᠠ ᠲᠤᠮᠳᠠᠳᠤᠴᠤᠳ ᠤᠨ ᠤᠯᠠ ᠮᠥᠷ ᠢ ᠦᠯᠡᠳᠡᠭᠡᠪᠡ᠂ ᠡᠨᠡ ᠪᠣᠯ ᠮᠠᠨ ᠤ  ᠤᠯᠤᠰ  ‍ᠤᠨ‌‍ᠰᠠᠨᠰᠠᠷ ᠤᠨ ᠠᠶᠠᠯᠠᠯ ᠤᠨ ᠦᠶᠯᠡᠰ ᠤᠨ ᠬᠥᠭᠵᠢᠯᠲᠡ ᠶᠢᠨ ᠪᠠᠰᠠ ᠨᠢᠭᠡᠨ ᠬᠦᠰᠢᠶ᠎ᠡ ᠲᠣᠷᠠᠳᠬᠠᠯ ᠤᠨ  ᠠᠴᠢ  ᠬᠤᠯᠪᠣᠭᠳᠠᠯ  ᠲᠠᠶ‌‍ᠶᠠᠪᠣᠳᠠᠯ ᠪᠣᠯᠤᠨ᠎ᠠ᠃ ᠲᠠ ᠨᠠᠷ ᠵᠣᠷᠢᠭᠲᠠᠢ  ᠎ ᠪᠠᠷ  ᠦᠷᠢᠰᠦᠯᠳᠦᠵᠦ᠂  ᠭᠠᠷᠮᠠᠭᠠᠢ  ᠠᠮᠵᠢᠯᠲᠠ ᠶᠢ  ᠬᠥᠭᠡᠭᠡᠴᠡᠯᠳᠦᠵᠦ᠂  ᠮᠠᠨ  ‍ᠤ‌ᠤᠯᠤᠰ ᠢ ᠭᠠᠷᠠᠭ ᠤᠳᠤ ᠶᠢ ᠬᠠᠶᠢᠨ ᠰᠢᠨᠵᠢᠯᠡᠬᠦ ᠬᠦᠷᠢᠶᠡᠨ ᠤ ᠳᠡᠯᠡᠬᠡᠢ ᠶᠢᠨ ᠲᠡᠷᠢᠭᠦᠨ ᠤ ᠡᠩᠨᠡᠭᠡᠨ  ᠎ ᠳᠤ  ᠣᠷᠣᠭᠤᠯᠵᠠᠢ᠂  ᠡᠬᠡ‌ᠤᠯᠤᠰ ᠪᠣᠯᠤᠨ ᠠᠷᠠᠳ ᠲᠦᠮᠡᠨ ᠲᠠ ᠨᠠᠷ ᠤᠨ ᠭᠠᠷᠮᠠᠭᠠᠢ ᠭᠠᠪᠢᠶ᠎ᠠ ᠵᠢᠳᠬᠦᠯ ᠢ ᠡᠭᠦᠷᠢᠳᠡ ᠪᠠᠲᠤ  ᠴᠡᠭᠡᠵᠢᠯᠡᠬᠦ  ᠪᠣᠯᠤᠨ᠎ᠠ  ᠬᠡᠵᠦ‌ᠵᠢᠭᠠᠵᠦ ᠭᠠᠷᠭᠠᠪᠠ᠃                ᠰᠢ ᠶᠢᠨ ᠫᠢᠩ᠄ ᠲᠠᠨᠠᠷ ᠤᠨ ᠴᠢᠷᠮᠠᠶᠢᠭᠰᠠᠨ ᠳᠡᠭᠡᠷ᠎ᠡ ᠪᠠᠨ ᠴᠢᠷᠮᠠᠶᠢᠵᠤ᠂ ᠭᠠᠯ ᠭᠠᠷᠠᠭ ᠤᠨ  ᠲᠣᠭᠤᠷᠢᠨ  ᠪᠠᠶᠢᠴᠠᠭᠠᠬᠤ‌‍ᠰᠢᠨᠵᠢᠯᠡᠬᠦ ᠤᠬᠠᠭᠠᠨ ᠤ ᠬᠠᠶᠢᠨ ᠰᠢᠨᠵᠢᠯᠡᠭᠡ ᠶᠢ ᠨᠠᠷᠢᠨ ᠨᠢᠮᠪᠠᠢ ᠵᠣᠬᠢᠶᠠᠨ ᠪᠠᠶᠢᠭᠤᠯᠤᠨ ᠬᠡᠷᠡᠭᠵᠢᠭᠦᠯᠵᠦ᠂  ᠰᠢᠨᠵᠢᠯᠡᠬᠦ  ᠤᠬᠠᠭᠠᠨ‌ᠮᠡᠷᠭᠡᠵᠢᠯ ᠤᠨ ᠲᠠᠯ᠎ᠠ ᠪᠠᠷ ᠪᠡᠶ᠎ᠡ ᠪᠠᠨ ᠲᠠᠭᠠᠭᠠᠨ ᠬᠦᠴᠦᠷᠬᠡᠭᠵᠢᠬᠦ ᠶᠢ ᠪᠠᠷᠢᠮᠲᠠᠯᠠᠵᠤ᠂ ᠭᠠᠷᠠᠭ ᠤᠳᠤ ᠶᠢ ᠬᠠᠶᠢᠨ ᠰᠢᠨᠵᠢᠯᠡᠬᠦ ᠵᠡᠷᠭᠡ‌‍ᠰᠠᠨᠰᠠᠷ ᠤᠨ ᠠᠶᠠᠯᠠᠯ ᠤᠨ ᠴᠢᠬᠤᠯᠠ ᠶᠡᠭᠡ ᠢᠨᠵᠧᠨᠧᠷᠢᠩ ᠢ ᠨᠠᠷᠢᠨ ᠨᠢᠮᠪᠠᠢ ᠠᠬᠢᠭᠤᠯᠵᠤ᠂ ᠰᠠᠨᠰᠠᠷ ᠤᠨ ᠠᠶᠠᠯᠠᠯ ᠤᠨ ᠬᠦᠴᠦᠷᠬᠡᠭ‌ᠤᠯᠤᠰ ᠢ ᠲᠦᠷᠭᠡᠳᠬᠡᠨ  ᠪᠦᠳᠦᠬᠡᠨ  ᠪᠠᠶᠢᠭᠤᠯᠵᠤ᠂  ᠣᠷᠴᠢᠯᠠᠩ  ᠎ ᠤᠨ  ᠨᠢᠭᠤᠴᠠ  ᠎ ᠶᠢ  ᠬᠠᠶᠢᠨ  ᠰᠦᠪᠡᠭᠴᠢᠯᠡᠬᠦ᠂  ᠬᠥᠮᠦᠨ‌‍ᠲ᠋ᠥ᠋ᠷᠥᠯᠬᠢᠲᠡᠨ ᠤ ᠡᠩᠬᠡ ᠲᠠᠶᠢᠪᠤᠩ ᠪᠣᠯᠤᠨ ᠬᠥᠭᠵᠢᠯᠲᠡ ᠶᠢ ᠠᠬᠢᠭᠤᠯᠬᠤ ᠡᠷᠬᠢᠮ ᠳᠡᠭᠡᠳᠦ ᠦᠢᠯᠡᠰ  ᠎ ᠲᠤ  ᠨᠡᠩ  ᠶᠡᠭᠡ  ᠰᠢᠨ᠎ᠡ‌ᠬᠤᠪᠢ ᠨᠡᠮᠡᠷᠢ ᠦᠵᠡᠭᠦᠯᠬᠦ ᠶᠢ ᠬᠦᠰᠡᠵᠦ ᠪᠠᠶᠢᠨ᠎ᠠ ᠬᠡᠵᠦ ᠴᠢᠬᠤᠯᠠᠴᠢᠯᠠᠪᠠ︕ (ᠪᠠᠶᠠᠷ ᠤᠨ ᠴᠠᠬᠢᠯᠭᠠᠨ ᠢ ᠪᠦᠬᠦ  ᠠᠭᠤᠯᠭ᠎ᠠ ᠵᠢ‌ᠠᠰᠲᠠᠭᠠᠨ ᠨᠡᠶᠢᠳᠡᠯᠡᠨ᠎ᠡ)             ᠲᠣᠮᠳᠠᠳᠣ ᠣᠯᠣᠰ ᠤᠨ ᠡᠪ ᠬᠠᠮᠳᠣ ᠨᠠᠮ ᠤᠨ ᠲᠥᠪ ᠬᠤᠷᠢᠶᠠᠨ ᠤ ᠤᠯᠤᠰ ᠲᠦᠷᠦ ᠶᠢᠨ ᠲᠣᠪᠴᠢᠶᠠᠨ  ᠎ ᠤ  ᠪᠠᠶᠢᠩᠭᠤ‌‍ᠶᠢᠨ ᠭᠡᠰᠢᠭᠦᠨ᠂ ᠲᠦᠷᠦ ᠶᠢᠨ ᠶᠠᠪᠤᠳᠠᠯ ᠤᠨ ᠬᠤᠷᠢᠶᠠᠨ ᠤ ᠳᠡᠳ᠋ ᠶᠡᠷᠦᠩᠬᠡᠢ ᠰᠠᠶᠢᠳ ᠬᠠᠨ ᠵᠧᠩ ᠪᠡᠭᠡᠵᠢᠩ  ᠎ ᠤᠨ  ᠰᠠᠨᠰᠠᠷ  ‍ᠤᠨ‌ᠠᠶᠠᠯᠠᠯ ᠤᠨ ᠨᠢᠰᠦᠯᠲᠡ ᠶᠢ ᠡᠵᠡᠮᠳᠡᠬᠦ ᠲᠥᠪ ᠲᠤ ᠲᠢᠶᠠᠨ ᠸᠧᠨ ᠨᠢᠭᠡᠳᠦᠭᠡᠷ ᠬᠠᠶᠢᠭᠤᠷ ᠤᠨ ᠭᠠᠯ ᠭᠠᠷᠠᠭ ᠲᠤ ᠪᠠᠭᠤᠬᠤ ᠪᠠᠶᠢᠳᠠᠯ‌ᠢ ᠦᠵᠡᠪᠡ᠃        ᠲᠣᠮᠳᠠᠳᠣ ᠣᠯᠣᠰ ᠤᠨ ᠡᠪ ᠬᠠᠮᠳᠣ ᠨᠠᠮ ᠎ ᠤᠨ ᠲᠥᠪ ᠬᠤᠷᠢᠶᠠᠨ ᠤ ᠤᠯᠤᠰ ᠲᠦᠷᠦ ᠶᠢᠨ ᠲᠣᠪᠴᠢᠶᠠᠨ ᠤ  ᠭᠡᠰᠢᠭᠦᠨ᠂ᠲᠦᠷᠦ ᠶᠢᠨ ᠶᠠᠪᠤᠳᠠᠯ ᠤᠨ ᠬᠤᠷᠢᠶᠠᠨ ᠤ ᠳᠡᠳ᠋ ᠶᠡᠷᠦᠩᠬᠡᠢ ᠰᠠᠶᠢᠳ ᠯᠢᠦ ᠾᠧ ᠲᠤᠬᠠᠢ ᠶᠢᠨ ᠲᠠᠯᠠᠪᠠᠢ ᠳᠤ ᠰᠢ ᠶᠢᠨ ᠫᠢᠩ  ‍ᠦᠨ‌‍ᠪᠠᠶᠠᠷ ᠤᠨ ᠴᠠᠬᠢᠯᠭᠠᠨ ᠴᠢᠮᠡᠭᠡ ᠎ ᠶᠢ ᠤᠩᠰᠢᠨ ᠨᠡᠶᠢᠲᠡᠯᠡᠪᠡ᠃                ᠮᠠᠨ ᠤ ᠤᠯᠤᠰ ᠤᠨ ᠠᠩᠬᠠᠳᠠᠭᠴᠢ ᠭᠠᠯ ᠭᠠᠷᠠᠭ ᠢ ᠬᠠᠶᠢᠨ ᠰᠢᠨᠵᠢᠯᠡᠬᠦ ᠡᠭᠦᠷᠭᠡ ᠶᠢ 2016  ᠣᠨ  ᠎ ᠳᠤ  ᠲᠦᠷᠦᠯ‌ᠵᠦ᠋ᠢᠯ ᠪᠣᠯᠭᠠᠨ ᠲᠣᠭᠲᠠᠭᠠᠵᠤ᠂ ᠨᠢᠭᠡ ᠤᠳᠠᠭᠠᠨ ᠤ ᠡᠭᠦᠷᠭᠡ ᠪᠠᠷ ᠳᠠᠮᠵᠢᠭᠤᠯᠤᠨ ᠭᠠᠯ ᠭᠠᠷᠠᠭ  ᠎ ᠢ  ᠲᠣᠭᠤᠷᠢᠬᠤ᠂  ᠭᠠᠵᠠᠷ  ᠲᠤ᠋‌‍ᠪᠠᠭᠤᠬᠤ ᠪᠠ ᠲᠣᠭᠤᠷᠢᠨ ᠪᠠᠶᠢᠴᠠᠭᠠᠵᠤ ᠬᠠᠶᠢᠨ ᠰᠢᠨᠵᠢᠯᠡᠬᠦ ᠶᠢ ᠪᠡᠶᠡᠯᠡᠭᠦᠯᠬᠦ  ᠎ ᠪᠠᠷ  ᠲᠦᠯᠦᠪᠯᠡᠪᠡ᠃  ᠲᠢᠶᠠᠨ  ᠸᠧᠨ  ᠨᠢᠭᠡᠳᠦᠭᠡᠷ‌ᠬᠠᠶᠢᠭᠤᠷ ᠢ 2020 ᠣᠨ ᠤ 7 ᠰᠠᠷ᠎ᠠ ᠶᠢᠨ 23᠎ ᠤ ᠡᠳᠦᠷ ᠬᠠᠶᠢᠨᠠᠨ ᠎ ᠤ ᠸᠧᠨᠴᠠᠩ ᠠᠴᠠ ᠴᠠᠩ ᠵᠧᠩ ᠲᠠᠪᠤᠳᠤᠭᠠᠷ  ᠬᠥᠯᠭᠡ‌‍ᠲ᠋ᠡᠶᠢᠷᠦᠯᠲᠦ ᠰᠤᠮᠤ ᠪᠠᠷ ᠠᠮᠵᠢᠯᠲᠠᠲᠠᠶ ᠬᠠᠷᠪᠤᠵᠤ᠂ 2021 ᠣᠨ ᠤ 2 ᠰᠠᠷ᠎ᠠ ᠶᠢᠨ 10᠎ ᠤ ᠡᠳᠦᠷ ᠭᠠᠯ ᠭᠠᠷᠠᠭ ᠤᠨ ᠲᠠᠲᠠᠬᠤ‌‍ᠬᠦ᠋ᠴᠦᠨ ᠤ ᠬᠡᠪᠴᠢᠶᠡᠨ ᠳᠤ ᠠᠮᠵᠢᠯᠲᠠᠲᠠᠶ ᠣᠷᠤᠵᠦ᠂ ᠮᠠᠨ ᠤ ᠤᠯᠤᠰ ᠤᠨ ᠠᠩᠬᠠᠳᠠᠭᠴᠢ ᠬᠢᠮᠡᠯ ᠳᠠᠭᠠᠭᠤᠯᠢ ᠣᠲᠣ ᠪᠣᠯᠵᠣ᠂ 2ᠰᠠᠷ᠎ᠠ ᠶᠢᠨ 24᠎ ᠤ ᠡᠳᠦᠷ ᠬᠠᠶᠢᠭᠤᠷ ᠭᠠᠯ ᠭᠠᠷᠠᠭ ᠤᠨ ᠵᠣᠭᠰᠣᠭᠠᠯ  ᠲᠣᠭᠤᠷᠢᠯᠲᠠ  ᠎ ᠶᠢᠨ  ᠵᠠᠮ  ᠎ ᠳᠤ  ᠣᠷᠣᠵᠤ᠂  3  ᠰᠠᠷ᠎ᠠ‌‍ᠰᠢᠬᠠᠮ ᠤᠨ ᠬᠤᠭᠤᠴᠠᠭ᠎ᠠ ᠲᠠᠢ ᠲᠣᠭᠤᠷᠢᠨ ᠬᠠᠶᠢᠬᠤ ᠠᠵᠢᠯ ᠥᠷᠨᠢᠭᠦᠯᠵᠦ᠂ ᠭᠠᠯ  ᠭᠠᠷᠠᠭ  ᠎ ᠲᠤ  ᠠᠮᠵᠢᠯᠲᠠᠲᠠᠢ  ᠪᠠᠭᠤᠬᠤ  ᠳ᠋ᠤ᠋‌‍ᠰᠠᠭᠤᠷᠢ ᠲᠠᠯᠪᠢᠪᠠ᠃ ᠲᠢᠶᠠᠨ ᠸᠧᠨ ᠨᠢᠭᠡᠳᠦᠭᠡᠷ ᠬᠠᠶᠢᠭᠤᠷ ᠠᠮᠵᠢᠯᠲᠠ ᠲᠠᠢ ᠪᠠᠷ ᠭᠠᠯ ᠭᠠᠷᠠᠭ  ᠎ ᠲᠤ  ᠪᠠᠭᠤᠭᠰᠠᠨ  ᠎ ᠨᠢ  ᠮᠠᠨ  ‍ᠤ‌ᠤᠯᠤᠰ ᠠᠩᠬ᠎ᠠ ᠤᠳᠠᠭ᠎ᠠ ᠳᠡᠯᠡᠬᠡᠢ ᠶᠢᠨ ᠪᠥᠮᠪᠥᠷᠴᠡᠭ ᠠᠴᠠ ᠭᠠᠳᠠᠨᠠᠬᠢ ᠭᠠᠷᠠᠭ ᠤᠳᠤᠨ ᠳᠤ ᠪᠠᠭᠤᠬᠤ ᠎ ᠶᠢ ᠪᠡᠶᠡᠯᠡᠭᠦᠯᠵᠦ᠂  ᠮᠠᠨ‌‍ᠤ ᠤᠯᠤᠰ ᠠᠮᠵᠢᠯᠲᠠ ᠲᠠᠢ ᠪᠠᠷ ᠭᠠᠯ ᠭᠠᠷᠠᠭ ᠲᠤ ᠪᠠᠭᠤᠭᠰᠠᠨ ᠬᠤᠶᠠᠳᠤᠭᠠᠷ ᠤᠯᠤᠰ ᠪᠤᠯᠵᠠᠢ᠃ ᠳᠤᠮᠳᠠᠳᠤ ᠤᠯᠤᠰ ᠤᠨ ᠤᠯᠤᠰ‌‍ᠤᠨ ᠰᠠᠨᠰᠠᠷ ᠤᠨ ᠠᠶᠠᠯᠠᠯ ᠤᠨ ᠲᠣᠪᠴᠢᠶ᠎ᠠ ᠪᠣᠯᠤᠨ ᠧᠦ᠋ᠷᠣᠫᠠ ᠲᠢᠪ ‍ᠦᠨ‌‍ᠰᠠᠨᠰᠠᠷ ᠎ ᠤᠨ ᠠᠶᠠᠯᠠᠯ ᠤᠨ  ᠲᠣᠪᠴᠢᠶ᠎ᠠ᠂  ᠠᠷᠭᠧᠨ᠋ᠲ᠋ᠢᠨ᠂ᠹᠷᠠᠨᠼᠢ᠂ ᠠᠦ᠋ᠰᠲᠷᠢᠶ᠎ᠠ ᠵᠡᠷᠭᠡ ᠤᠯᠠᠨ ᠤᠯᠤᠰ ᠤᠨ ᠰᠠᠨᠰᠠᠷ ᠤᠨ ᠠᠶᠠᠯᠠᠯ ᠤᠨ ᠵᠣᠬᠢᠶᠠᠨ ᠪᠠᠶᠢᠭᠤᠯᠤᠯᠲᠠ ᠪᠣᠯᠤᠨ  ᠤᠯᠤᠰ  ‍ᠤᠨ‌‍ᠰᠠᠨᠰᠠᠷ ᠤᠨ ᠠᠶᠠᠯᠠᠯ ᠤᠨ ᠪᠠᠶᠢᠭᠤᠯᠤᠮᠵᠢ ᠬᠠᠮᠢᠶ᠎ᠠ ᠪᠦᠬᠦᠢ ᠲᠦᠷᠦᠯ ᠵᠦᠢᠯ ᠤᠨ ᠬᠠᠮᠲᠤᠷᠠᠯᠴᠠᠭ᠎ᠠ ᠥᠷᠨᠢᠭᠦᠯᠵᠦ᠂ ᠣᠷᠴᠢᠯᠠᠩ ‍ᠤᠨ‌ᠨᠢᠭᠤᠴᠠ ᠶᠢ ᠬᠠᠶᠢᠨ ᠰᠦᠪᠡᠭᠴᠢᠯᠡᠬᠦ᠂ ᠭᠠᠯ ᠭᠠᠷᠠᠭ ᠤᠨ ᠬᠤᠪᠢᠰᠤᠯᠲᠠ ᠶᠢᠨ  ᠲᠤᠬᠠᠢ  ᠲᠠᠨᠢᠯᠲᠠ  ᠎ ᠪᠠᠨ  ᠨᠡᠮᠡᠭᠳᠡᠭᠦᠯᠬᠦ᠂  ᠠᠮᠢ‌ᠨᠠᠰᠤᠨ ᠤ ᠡᠭᠦᠰᠦᠯ ᠢ ᠣᠶᠢᠯᠠᠭᠠᠬᠤ ᠵᠡᠷᠭᠡ ᠳᠤ ᠬᠠᠮᠲᠤ ᠪᠠᠷ ᠤᠶᠤᠨ ᠤᠬᠠᠭᠠᠨ ᠪᠠ ᠬᠦᠴᠦᠨ ᠴᠢᠳᠠᠯ ᠢᠶᠠᠨ ᠡᠷᠭᠦᠬᠦ ᠪᠣᠯᠤᠨ᠎ᠠ᠃                            ᠢᠷᠡᠯᠲᠡ᠄ ᠠᠷᠠᠳ ᠤᠨ ᠰᠦᠯᠵᠢᠶ᠎ᠡ
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2