ᠮᠠᠨ ᠤ ᠤᠯᠤᠰ ᠤᠨ 5G᠎ ᠶᠢᠨ ᠦᠵᠦᠭᠦᠷ ᠵᠠᠯᠭᠠᠯᠳᠠ ᠶᠢᠨ ᠲᠤᠭ᠎ᠠ 2 ᠳ᠋ᠦᠩᠰᠢᠭᠤᠷ ᠢ ᠳᠠᠪᠠᠪᠠ
ᠨᠡᠶᠢᠲᠡᠯᠡᠭᠰᠡᠨ ᠴᠠᠭ᠄
2021/11/16
       ᠤᠯᠤᠰ ᠤᠨ ᠲᠤᠭ᠎ᠠ ᠪᠦᠷᠢᠳᠬᠡᠯ ᠤᠨ ᠲᠣᠪᠴᠢᠶᠠᠨ ᠤ ᠳᠠᠷᠤᠭ᠎ᠠ ᠨᠢᠩ ᠵᠢᠶ 18᠎ ᠤ ᠡᠳᠦᠷ ᠲᠥᠷᠥ ᠶᠢᠨ  ᠶᠠᠪᠤᠳᠠᠯ ‍ᠤᠨ‌ᠬᠤᠷᠢᠶᠠᠨ ᠤ ᠰᠣᠨᠢᠨ ᠮᠡᠳᠡᠭᠡᠨ ᠤ ᠠᠯᠪᠠᠨ ᠬᠡᠷ ᠤᠨ ᠰᠣᠨᠢᠨ  ᠮᠡᠳᠡᠭᠡ  ᠨᠡᠶᠢᠲᠡᠯᠡᠬᠦ  ᠬᠤᠷᠠᠯ  ᠳᠡᠭᠡᠷ᠎ᠡ  ᠲᠠᠨᠢᠯᠴᠠᠭᠤᠯᠬᠤ ᠳᠠᠭᠠᠨ᠂ᠮᠠᠨ ᠤ ᠤᠯᠤᠰ ᠤᠨ 5G᠎ ᠶᠢᠨ ᠦᠵᠦᠭᠦᠷ ᠵᠠᠯᠭᠠᠯᠳᠠ ᠶᠢᠨ ᠲᠤᠭ᠎ᠠ ᠨᠢᠭᠡᠨᠲᠡ  2  ᠳ᠋ᠦᠩᠰᠢᠭᠤᠷ ᠢ  ᠳᠠᠪᠠᠵᠤ᠂  ᠳᠡᠯᠡᠬᠡᠶ ᠵᠢᠨ‌‍ᠲ᠋ᠡᠷᠢᠬᠦᠨ ᠳᠤ ᠣᠷᠣᠪᠠ ᠬᠡᠵᠡᠢ᠃ ᠡᠭᠦᠨ ᠠᠴᠠ ᠡᠮᠦᠨ᠎ᠡ᠂ ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠶᠠᠮᠤᠨ ᠤ ᠰᠣᠨᠢᠨ‌ᠮᠡᠳᠡᠭᠡᠨ ᠤ ᠥᠭᠦᠯᠡᠭᠴᠢ᠂ ᠮᠡᠳᠡᠭᠡ  ᠵᠠᠩᠭᠢ  ᠴᠢᠮᠡᠭᠡ  ᠬᠤᠯᠪᠣᠭᠠᠨ ᠤ  ᠬᠥᠭᠵᠢᠯᠲᠡ ᠶᠢᠨ  ᠵᠤᠷᠭᠠᠨ ᠤ  ᠳᠠᠷᠤᠭ᠎ᠠ  ᠸᠧᠨ  ᠺᠦ᠋‌‍ᠬᠡᠯᠡᠬᠦ ᠳᠡᠭᠡᠨ᠂ 2020 ᠣᠨ ᠳᠤ  ᠮᠠᠨ ᠤ  ᠤᠯᠤᠰ ᠲᠤ  58  ᠲᠦᠮᠡᠨ  5G᠎ ᠶᠢᠨ  ᠰᠠᠭᠤᠷᠢ  ᠥᠷᠲᠡᠭᠡ  ᠰᠢᠨ᠎ᠡ ᠪᠠᠷ‌ᠨᠡᠮᠡᠭᠳᠡᠵᠦ᠂ ᠬᠠᠮᠲᠤ ᠪᠠᠷ ᠪᠠᠶᠢᠭᠤᠯᠵᠤ ᠬᠠᠮᠲᠤ ᠪᠠᠷ ᠡᠳ᠋ᠯᠡᠬᠦ ᠶᠢ ᠳᠥᠯᠭᠢᠨ ᠠᠬᠢᠭᠤᠯᠬᠤ  5G᠎ ᠶᠢᠨ  ᠰᠠᠭᠤᠷᠢ  ᠥᠷᠲᠡᠭᠡ  33ᠲᠦᠮᠡ ᠪᠤᠯᠵᠤ᠂ ᠪᠣᠶ ᠪᠥᠬᠦᠶ ᠲᠤᠰᠬᠠᠶ ᠣᠷᠣᠨ ᠬᠤᠲᠠ ᠳᠤ ᠴᠥᠮ 5G᠎ ᠶᠢᠨ ᠪᠦᠷᠬᠦᠴᠡ ᠲᠠᠢ ᠪᠣᠯᠵᠠᠶ ᠬᠡᠪᠡ᠃        ︽2020 ᠣᠨ ᠳᠤ᠂ ᠮᠠᠨ ᠤ ᠤᠯᠤᠰ ᠤᠨ  5G  ᠬᠡᠪ ᠤᠨ  ᠬᠤᠷᠳᠤᠴᠠ ᠠᠴᠠ  ᠳᠠᠪᠠᠭᠰᠠᠨ  ᠬᠤᠷᠳᠤᠴᠠ ᠪᠠᠷ‌‍ᠲ᠋ᠦ᠋ᠷᠭᠡᠨ ᠬᠥᠭᠵᠢᠪᠡ᠃ ᠰᠦᠯᠵᠢᠶᠡᠨ ᠳᠡᠭᠡᠷ᠎ᠡ ᠠᠵᠢᠯᠯᠠᠬᠤ᠂ ᠠᠯᠤᠰ ᠠᠴᠠ ᠵᠢᠭᠠᠬᠤ ᠰᠤᠷᠭᠠᠨ ᠬᠥᠮᠦᠵᠢᠯ᠂ ᠣᠶᠤᠨᠴᠢ  ᠦᠢᠯᠡᠳᠬᠦ‌ᠦᠢᠯᠡᠰ ᠵᠡᠷᠭᠡ ᠬᠦᠷᠢᠶ᠎ᠡ ᠨᠢᠰᠬᠦ  ᠮᠡᠲᠦ  ᠲᠦᠷᠭᠡᠨ  ᠬᠥᠭᠵᠢᠵᠦ᠂  5G  ᠬᠢᠭᠡᠳ  ᠡᠯ᠎ᠡ  ᠠᠵᠢᠯ  ᠲᠥᠷᠥᠯ ᠤᠨ  ᠭᠦᠨᠵᠡᠭᠡᠶ‌ᠠᠭᠤᠰᠤᠯᠴᠠᠯ ᠢ ᠲᠠᠰᠤᠷᠠᠯᠲᠠ ᠥᠬᠡᠶ ᠠᠬᠢᠭᠤᠯᠪᠠ︾᠃ ᠲᠤᠰᠠᠭᠠᠷ ᠴᠠᠬᠢᠯᠭᠠᠨ ᠬᠤᠯᠪᠣᠭᠠᠨ ᠤ ᠵᠠᠳᠠᠯᠤᠭᠴᠢ ᠹᠦ᠋  ᠯᠢᠶᠠᠩ  ᠦᠵᠡᠬᠦ‌‍ᠪᠡᠷ᠂ 20 ᠭᠠᠷᠤᠶ ᠵᠢᠯ ᠤᠨ ᠬᠥᠭᠵᠢᠯᠲᠡ ᠪᠠᠷ  ᠳᠡᠮᠵᠢᠭᠠᠳ᠂  ᠮᠠᠨ ᠤ  ᠤᠯᠤᠰ  ᠨᠢᠭᠡᠨᠲᠡ  ᠬᠠᠷᠢᠴᠠᠩᠭᠤᠶ  ᠲᠡᠭᠦᠯᠳᠡᠷᠵᠢᠭᠰᠡᠨ5G᠎ ᠶᠢᠨ ᠠᠵᠤ ᠦᠢᠯᠡᠰ ᠤᠨ ᠬᠡᠯᠬᠢᠶ᠎ᠡ ᠲᠠᠢ  ᠪᠣᠯᠵᠣ᠂  ᠨᠡᠯᠢᠶᠡᠳ  ᠶᠡᠭᠡ  ᠬᠡᠪᠴᠢᠶᠡᠨ ᠤ  ᠰᠦᠯᠵᠢᠶᠡᠨ ᠤ  ᠬᠡᠷᠡᠭᠯᠡᠭᠴᠢ ᠲᠠᠢ‌‍ᠪᠣᠯᠵᠠᠶ᠃  ᠡᠭᠦᠨ ᠤ  ᠬᠠᠮᠲᠤ᠂  ᠵᠠᠰᠠᠭ ᠤᠨ  ᠣᠷᠳᠣᠨ  5G᠎ ᠶᠢ  ᠰᠢᠨ᠎ᠡ  ᠦᠨᠳᠦᠰᠦᠨ  ᠪᠥᠲᠥᠭᠡᠨ  ᠪᠠᠶᠢᠭᠤᠯᠤᠯᠲᠠ ᠵᠢᠨ‌ᠵᠠᠩᠭᠢᠯᠠᠭ᠎ᠠ ᠶᠢᠨ ᠭᠤᠭᠴᠤᠭ᠎ᠠ ᠪᠣᠯᠭᠠᠨ ᠭᠤᠤᠯᠳᠠᠯᠭ᠎ᠠ ᠲᠠᠢ  ᠬᠥᠭᠵᠢᠭᠦᠯᠵᠦ᠂  ᠰᠠᠭᠤᠷᠢ  ᠥᠷᠲᠡᠭᠡ ᠶᠢᠨ  ᠭᠠᠵᠠᠷ  ᠰᠣᠩᠭᠤᠬᠤ᠂ᠴᠠᠬᠢᠯᠭᠠᠨ ᠤ ᠰᠦᠢᠳᠭᠡᠯ ᠎ ᠤᠨ ᠬᠠᠷᠠᠭᠠᠯᠵᠠᠯ ᠦᠵᠡᠭᠦᠯᠬᠦ ᠵᠡᠷᠭᠡ ᠲᠠᠯ᠎ᠠ ᠪᠠᠷ 5G᠎ ᠶᠢᠨ ᠪᠥᠲᠥᠭᠡᠨ ᠪᠠᠶᠢᠭᠤᠯᠤᠯᠲᠠ ᠳᠤ ᠬᠦᠴᠦᠲᠡᠶ‌‍ᠲ᠋ᠡᠮᠵᠢᠯᠭᠡ ᠦᠵᠡᠭᠦᠯᠪᠡ᠃ 2020 ᠣᠨ ᠳᠤ᠂ ᠮᠠᠨ ᠤ ᠤᠯᠤᠰ ᠤᠨ 5G᠎ ᠶᠢᠨ ᠲᠤᠰᠠᠭᠠᠷ ᠰᠦᠯᠵᠢᠶ᠎ᠡ ᠪᠠᠶᠢᠭᠤᠯᠬᠤ ᠴᠢᠳᠠᠪᠤᠷᠢ‌‍ᠶᠡᠭᠡ ᠪᠠᠷ ᠳᠡᠭᠡᠭᠰᠢᠯᠡᠵᠦ᠂ ᠬᠡᠰᠡᠭ ᠬᠤᠲᠠ ᠳᠤ ᠨᠢᠭᠡᠨᠲᠡ  5G᠎ ᠶᠢᠨ  ᠲᠤᠰᠠᠭᠠᠷ  ᠰᠦᠯᠵᠢᠶ᠎ᠡ  ᠪᠦᠷᠬᠦᠭᠦᠯᠬᠦ ᠶᠢ  ᠪᠡᠶᠡᠯᠡᠭᠦᠯᠪᠡ᠂ᠡᠨᠡ ᠨᠢ 5G᠎ ᠶᠢᠨ ᠬᠤᠳᠠᠯᠳᠤᠭᠠᠴᠢᠯᠠᠭᠰᠠᠨ ᠬᠡᠷᠡᠭᠯᠡᠯᠲᠡ ᠳᠤ ᠪᠠᠲᠤ ᠪᠠᠬᠢ ᠰᠠᠭᠤᠷᠢ ᠶᠢ ᠲᠠᠯᠪᠢᠵᠤ ᠥᠭᠴᠡᠶ᠃        2020 ᠣᠨ ᠳᠤ᠂ ᠮᠠᠨ ᠤ ᠤᠯᠤᠰ ᠤᠨ 5G ᠴᠠᠬᠢᠯᠭᠠᠨ ᠬᠤᠯᠪᠣᠭᠠᠨ ᠤ  ᠡᠵᠡᠩᠨᠡᠯᠲᠡ ᠶᠢᠨ  ᠬᠤᠳᠠᠯᠳᠤᠭᠠᠴᠢᠨ᠂ᠲᠥᠬᠦᠭᠡᠷᠦᠮᠵᠢ ᠶᠢᠨ ᠬᠤᠳᠠᠯᠳᠤᠭᠠᠴᠢᠨ᠂ ᠰᠢᠢᠳᠪᠦᠷᠢᠯᠡᠬᠦ ᠲᠥᠰᠦᠯ ᠬᠠᠩᠭᠠᠬᠤ ᠬᠤᠳᠠᠯᠳᠤᠭᠠᠴᠢᠨ ᠨᠢᠭᠡᠨᠲᠡ 10  ᠭᠠᠷᠤᠶ  ᠠᠵᠢᠯ‌‍ᠲ᠋ᠥ᠋ᠷᠥᠯ ᠳᠤ ᠮᠢᠩᠭ᠎ᠠ ᠰᠢᠬᠠᠮ ᠬᠡᠷᠡᠭᠯᠡᠭᠡᠨ ᠤ ᠲᠤᠷᠰᠢᠯᠲᠠ ᠶᠢ ᠬᠢᠵᠦ ᠲᠠᠭᠤᠰᠬᠠᠬᠰᠠᠨ ᠪᠥᠭᠡᠳ ᠵᠠᠮ  ᠬᠠᠷᠢᠯᠴᠠᠭ᠎ᠠ  ᠲᠡᠭᠡᠭᠡᠪᠦᠷᠢ᠂ᠭᠠᠷᠠᠮ ᠤᠨ ᠠᠦ᠋ᠲ᠋ᠣᠴᠢᠯᠠᠯᠲᠠ᠂ ᠤᠶᠤᠨᠲᠤ ᠦᠢᠯᠡᠳᠪᠦᠷᠢ᠂ ᠣᠷᠴᠢᠨ ᠲᠤᠭᠤᠷᠢᠨ ᠤ ᠬᠢᠨᠠᠨ ᠡᠵᠡᠮᠳᠡᠯ᠂ ᠠᠯᠤᠰ ᠡᠮᠴᠢᠯᠡᠭᠡ  ᠵᠡᠷᠭᠡ‌‍ᠬᠦ᠋ᠷᠢᠶᠡᠨ ᠳᠤ ᠴᠥᠮ ᠱᠠᠲᠤ ᠦᠶᠡᠴᠢ ᠴᠢᠨᠠᠷᠲᠠᠶ ᠰᠢᠪᠲᠤᠯᠤᠯᠲᠠ ᠬᠢᠵᠡᠢ᠃ ᠭᠠᠷᠠᠮ ᠤᠨ  ᠠᠦ᠋ᠲ᠋ᠣᠴᠢᠯᠠᠯᠲᠠ ᠪᠠᠷ  ᠵᠢᠱᠢᠶᠡᠯᠡᠪᠡᠯ᠂ᠣᠳᠣᠬᠠᠨ ᠳᠤ ᠮᠠᠨ ᠤ ᠤᠯᠤᠰ ᠤᠨ ᠣᠯᠠᠨ ᠭᠠᠷᠠᠮ ᠨᠢᠭᠡᠨᠲᠡ ᠪᠠᠷᠠᠭ᠎ᠠ  ᠲᠤᠰᠢᠶᠠᠬᠤ  ᠪᠠᠷᠠᠭ᠎ᠠ  ᠪᠠᠭᠤᠯᠭᠠᠬᠤ᠂  ᠲᠡᠭᠡᠭᠡᠪᠦᠷᠢ ᠵᠢᠨ‌‍ᠲ᠋ᠡᠷᠭᠡ  ᠬᠥᠰᠬᠡ ᠠᠴᠠ  ᠠᠪᠤᠭᠠᠳ  ᠣᠶᠤᠨᠴᠢ  ᠬᠥᠮᠥᠷᠭᠡᠯᠡᠯᠳᠡ  ᠵᠡᠷᠭᠡ  ᠡᠯ᠎ᠡ  ᠭᠤᠭᠴᠣᠭᠠᠨ ᠤ  ᠠᠦ᠋ᠲ᠋ᠣᠴᠢᠯᠠᠯᠲᠠ ᠶᠢ  ᠲᠠᠰ‌‍ᠲ᠋ᠡᠪᠰᠢᠭᠦᠯᠦᠭᠰᠡᠨ  ᠪᠠᠶᠢᠨ᠎ᠠ᠃  5G  ᠮᠡᠷᠭᠡᠵᠢᠯ ᠢ  ᠠᠰᠢᠭᠯᠠᠪᠠᠯ᠂  ᠠᠵᠢᠯᠲᠠᠳ  ᠲᠦᠷᠭᠡᠨ   ᠪᠥᠭᠡᠳ   ᠣᠨᠣᠪᠴᠢᠲᠠᠶ ᠪᠠᠷ‌‍ᠴᠢᠩᠭᠡᠯᠢᠭ ᠤᠨ ᠣᠷᠣᠨ ᠪᠠᠶᠢᠷᠢ ᠶᠢ ᠣᠯᠵᠤ ᠴᠢᠳᠠᠬᠤ ᠪᠥᠭᠡᠳ ᠪᠣᠳᠠᠲᠠᠶ ᠬᠡᠷᠡᠭᠴᠡᠭᠡ ᠶᠢ ᠦᠨᠳᠦᠰᠦᠯᠡᠨ ᠬᠥᠮᠥᠷᠭᠡ ᠳᠤ ᠴᠢᠩᠭᠡᠯᠢᠭ‌‍ᠲ᠋ᠠᠯᠪᠢᠬᠤ  ᠣᠷᠣᠨ  ᠪᠠᠶᠢᠷᠢ ᠶᠢ  ᠬᠥᠳᠡᠯᠦᠩᠭᠦᠶ ᠪᠠᠷ  ᠲᠣᠬᠢᠷᠠᠭᠤᠯᠵᠤ᠂  ᠬᠥᠮᠦᠨ ᠤ  ᠬᠦᠴᠦᠨ ᠤ  ᠥᠪᠡᠷ ᠤᠨ   ᠥᠷᠲᠡᠭ ᠢ‌‍ᠪᠠᠭᠤᠷᠠᠭᠤᠯᠬᠤ ᠶᠢᠨ ᠬᠠᠮᠲᠤ ᠪᠠᠷᠠᠭᠠᠨ ᠤ ᠬᠦᠢᠯᠭᠡᠭᠡᠨ ᠤ ᠲᠡᠭᠡᠭᠡᠪᠦᠷᠢ ᠶᠢᠨ  ᠦᠷ᠎ᠡ  ᠪᠦᠲᠦᠮᠵᠢ ᠶᠢ  ᠶᠡᠭᠡ ᠪᠠᠷ  ᠳᠡᠭᠡᠭᠰᠢᠯᠡᠭᠦᠯᠵᠦ‌‍ᠴᠢᠳᠠᠨ᠎ᠠ᠃                                            ᠨᠠᠶᠢᠷᠠᠭᠤᠯᠤᠭᠴᠢ᠄ ᠲᠤᠶᠠᠭ᠎ᠠ  
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2