ᠡᠶᠢᠮᠦ ᠶᠠᠷᠢᠯᠴᠠᠭᠠᠨ ᠤ ᠲᠡᠮᠳᠡᠭᠯᠡᠯ ᠢ ᠰᠠᠶᠢᠨ ᠬᠠᠳᠠᠭᠠᠯᠠᠭᠠᠷᠠᠢ︕ ᠵᠢᠭᠤᠷᠠᠯᠳᠤᠭᠠᠨ ᠡᠭᠦᠰᠬᠦ ᠦᠶᠡᠰ ᠮᠠᠰᠢ ᠭᠡᠷᠡᠭᠴᠡᠭᠡ ᠲᠠᠢ
ᠨᠡᠶᠢᠲᠡᠯᠡᠭᠰᠡᠨ ᠴᠠᠭ᠄
2022/5/30
        ᠠᠮᠢᠳᠤᠷᠠᠯ ᠳᠤᠮᠳᠠ ᠵᠣᠭᠤᠰ ᠵᠢᠭᠡᠯᠡᠬᠦ ᠶᠠᠪᠤᠳᠠᠯ ᠪᠠᠶᠢᠨ ᠳᠠᠬᠢᠨ ᠭᠠᠷᠳᠠᠭ᠃ ᠬᠡᠷᠪᠡ ᠰᠠᠳᠤᠨ ᠲᠥᠷᠥᠯ ᠪᠤᠶᠤ  ᠨᠠᠶᠢᠵᠠ‌ᠨᠦ᠋ᠬᠦᠳ ᠴᠢᠨᠢ ᠬᠦᠴᠢᠷ ᠶᠠᠪᠤᠳᠠᠯ ᠲᠣᠬᠢᠶᠠᠯᠳᠤᠵᠤ ᠵᠣᠭᠤᠰ ᠵᠢᠭᠡᠯᠡᠬᠦ ᠴᠢᠬᠤᠯᠠ ᠲᠠᠢ ᠪᠤᠯᠪᠠᠯ ᠣᠯᠠᠨ ᠢᠶᠠᠷ ᠢᠶᠠᠨ ᠪᠦᠷ ᠲᠡᠪᠴᠢᠳᠡᠭ‌ᠦᠭᠡᠢ ᠪᠥᠭᠡᠳ ᠣᠯᠠᠩᠬᠢ ᠦᠶᠡᠰ ᠨᠢᠭᠤᠷ ᠲᠠᠯ᠎ᠠ ᠪᠠᠨ ᠪᠤᠳᠤᠵᠤ  ᠨᠥᠭᠦᠭᠡ  ᠡᠲᠡᠭᠡᠳ ᠢᠶᠠᠷ ᠎ ᠢᠶᠠᠨ  ᠪᠠᠷᠢᠮᠲᠠ  ᠪᠢᠴᠢᠭᠦᠯᠳᠡᠭ‌ᠦᠭᠡᠢ᠃ ᠭᠡᠳᠡᠯ᠎ᠡ ᠠᠮᠢᠳᠤᠷᠠᠯ ᠲᠤᠮᠳᠠ ᠵᠢᠭᠡᠯᠡᠭᠰᠡᠨ ᠪᠠᠷᠢᠮᠲᠠ ᠤᠢᠭᠡᠢ ᠎ ᠠᠴᠠ ᠪᠤᠯᠵᠤ  ᠵᠢᠭᠤᠷᠠᠯᠳᠤᠭᠠᠨ  ᠭᠠᠷᠬᠤ  ᠶᠠᠪᠤᠳᠠᠯ  ᠴᠤ᠋‌‍ᠴᠥ᠋ᠭᠡᠨ ᠪᠤᠰᠤ ᠪᠠᠶᠢᠳᠠᠭ᠃ ᠠᠮᠢᠳᠤᠷᠠᠯ ᠳᠤᠮᠳᠠ ᠮᠠᠰᠢ ᠣᠯᠠᠨ  ᠰᠦᠯᠵᠢᠶᠡᠨ  ᠨᠠᠶᠢᠵᠠ  ᠡᠶᠢᠮᠦ  ᠠᠰᠠᠭᠤᠳᠠᠯ ᠳᠤ  ᠲᠤᠯᠭᠠᠷᠠᠵᠤ‌ᠥᠩᠭᠡᠷᠡᠭᠰᠡᠨ ᠪᠦᠭᠡᠳ ᠲᠡᠷᠡᠴᠢᠯᠡᠨ ᠰᠦᠯᠵᠢᠶᠡᠨ ᠳᠡᠭᠡᠷ᠎ᠡ ᠲᠤᠰᠠᠯᠠᠮᠵᠢ ᠭᠤᠶᠤᠵᠤ ᠪᠠᠶᠢᠨ᠎ᠠ᠃ ᠲᠡᠭᠡᠪᠡᠯ᠂  ᠵᠢᠭᠡᠯᠡᠭᠰᠡᠨ  ᠪᠠᠷᠢᠮᠲᠠ‌ᠦᠭᠡᠢ ᠪᠠᠶᠢᠳᠠᠯ ᠳᠣᠣᠷ᠎ᠠ ᠵᠢᠬᠡᠯᠡᠬᠦᠯᠦᠭᠰᠡᠨ ᠵᠣᠭᠤᠰ ᠢᠶᠠᠨ ᠴᠤᠬᠤᠮ ᠪᠤᠴᠠᠭᠠᠵᠤ ᠠᠪᠴᠤ ᠪᠣᠯᠤᠨ᠎ᠠ ᠦᠦ ᠦᠭᠡᠢ ᠦᠦ︖               ᠵᠢᠭᠡᠯᠡᠭᠰᠡᠨ ᠪᠠᠷᠢᠮᠲᠠ ᠦᠭᠡᠢ ᠪᠠᠷ ᠵᠣᠭᠤᠰ ᠢᠶᠠᠨ ᠪᠤᠴᠠᠭᠠᠨ ᠠᠪᠤᠬᠰᠠᠨ ᠮᠠᠰᠢ ᠣᠯᠠᠨ ᠵᠠᠷᠭᠤ  ᠢᠯᠠᠭᠰᠠᠨ  ᠬᠡᠷᠡᠭ ‍ᠤᠨ‌ᠵᠢᠱᠢᠶ᠎ᠡ ᠪᠤᠢ ᠭᠡᠵᠦ ᠲᠤᠰᠬᠠᠶ ᠮᠡᠷᠭᠡᠵᠢᠯᠲᠡᠨ ᠪᠢᠳᠡᠨ ᠎ ᠳᠤ ᠬᠡᠯᠡᠵᠦ  ᠦᠭᠪᠡ᠂  ᠲᠡᠭᠡᠪᠡᠯ  ᠶᠠᠭᠠᠬᠢᠵᠤ  ᠵᠣᠭᠤᠰ ᠢᠶᠠᠨ  ᠪᠤᠴᠠᠭᠠᠨ‌ᠠᠪᠤᠬᠰᠠᠨ ᠪᠤᠢ︖               ᠲᠤᠰᠬᠠᠶ ᠮᠡᠷᠭᠡᠵᠢᠯᠲᠡᠨ ᠬᠡᠯᠡᠬᠦ ᠳᠡᠭᠡᠨ᠄ ᠥᠩᠭᠡᠷᠡᠭᠰᠡᠨ ᠬᠤᠭᠤᠴᠠᠭᠠᠨ ᠤ  ᠵᠠᠷᠢᠮ  ᠬᠡᠷᠡᠭ ᠤᠨ  ᠵᠢᠱᠢᠶ᠎ᠡ ᠶᠢ  ᠡᠮᠬᠢᠯᠡᠨ‌‍ᠲ᠋ᠢᠭᠯᠡᠬᠦ ᠪᠠᠷ ᠳᠡᠮᠵᠢᠨ᠂ ᠵᠥᠪᠬᠡᠨ ᠲᠠᠩᠰᠠ ᠰᠢᠯᠵᠢᠭᠦᠯᠦᠭᠰᠡᠨ ᠭᠡᠷᠡᠴᠢ ᠪᠠᠷᠢᠮᠲᠠ ᠲᠠᠢ᠂ ᠵᠢᠭᠡᠯᠡᠭᠰᠡᠨ ᠪᠠᠷᠢᠮᠲᠠ ᠥᠬᠡᠶ ᠪᠠᠷ  ᠵᠠᠷᠭᠤ‌ᠢᠯᠠᠭᠰᠠᠨ ᠬᠡᠷᠡᠭ ᠤᠨ ᠵᠢᠱᠢᠶ᠎ᠡ ᠨᠢ ᠪᠠᠰᠠ ᠵᠣᠬᠢᠬᠤ ᠨᠥᠬᠦᠴᠡᠯ ᠤᠷᠤᠰᠢᠵᠦ ᠪᠠᠶᠢᠬᠤ ᠶᠢ ᠣᠯᠵᠤ  ᠮᠡᠳᠡᠪᠡ᠃  ᠪᠤᠰᠤᠳ  ᠭᠡᠷᠡᠴᠢ‌‍ᠪᠠᠷᠢᠮᠲᠠ ᠬᠠᠩᠭᠠᠵᠤ ᠬᠤᠶᠠᠷ ᠲᠠᠯ᠎ᠠ ᠪᠠᠷ ᠢᠶᠠᠨ ᠦᠨᠡᠨ ᠬᠦ ᠵᠢᠭᠡᠯᠡᠯᠭᠡ ᠶᠢᠨ ᠬᠠᠷᠢᠴᠠᠭ᠎ᠠ ᠣᠷᠣᠰᠢᠵᠤ ᠪᠠᠶᠢᠬᠤ ᠎ ᠪᠠᠨ  ᠭᠡᠷᠡᠴᠢᠯᠡᠵᠦ‌‍ᠪᠤᠯᠤᠨ᠎ᠠ᠂ ᠵᠢᠱᠢᠶᠡᠯᠡᠪᠡᠯ ᠸᠢᠴᠠᠲ ᠤᠨ  ᠶᠠᠷᠢᠯᠴᠠᠭᠠᠨ ᠤ  ᠲᠡᠮᠳᠡᠭᠯᠡᠯ᠂  QQ  ᠲᠡᠮᠳᠡᠭᠯᠡᠯ᠂  ᠢᠮᠧᠯ᠂  ᠤᠳᠠᠰᠤᠨ ᠎ ᠤ  ᠳᠠᠭᠤ‌‍ᠰᠢᠩᠭᠡᠭᠡᠯᠲᠡ᠂ ᠣᠬᠤᠷ ᠮᠡᠳᠡᠭᠡ ᠵᠡᠷᠭᠡ ᠭᠡᠷᠡᠴᠢ ᠪᠠᠷᠢᠮᠲᠠ᠃ ᠬᠡᠷᠪᠡ ᠡᠳᠡᠭᠡᠷ  ᠭᠡᠷᠡᠴᠢ  ᠪᠠᠷᠢᠮᠲᠠ ᠨᠢ  ᠬᠤᠶᠠᠷ  ᠲᠠᠯ᠎ᠠ ᠪᠠᠷ ᠵᠶ᠋ᠠᠨ‌ᠵᠢᠭᠡᠯᠡᠯᠭᠡ ᠶᠢᠨ ᠬᠠᠷᠢᠴᠠᠭ᠎ᠠ ᠣᠷᠣᠰᠢᠵᠤ ᠪᠠᠶᠢᠬᠤ ᠶᠢ ᠭᠦᠢᠴᠡᠳ ᠭᠡᠷᠡᠴᠢᠯᠡᠵᠦ ᠳᠡᠶᠢᠯᠬᠦ ᠳᠤ ᠬᠦᠷᠪᠡᠯ᠂ ᠪᠢᠴᠢᠭ ᠤᠨ  ᠬᠡᠯᠪᠡᠷᠢ ᠵᠢᠨ‌ᠵᠢᠭᠡᠯᠡᠭᠰᠡᠨ ᠪᠠᠷᠢᠮᠲᠠ ᠪᠠᠶᠢᠬᠤ ᠦᠭᠡᠢ ᠴᠦ ᠵᠠᠷᠭᠤ ᠢᠯᠠᠵᠤ ᠪᠣᠯᠤᠨ᠎ᠠ᠃               ᠵᠢᠱᠢᠶᠡᠯᠡᠪᠡᠯ ᠸᠢᠴᠠᠲ ᠤᠨ ᠶᠠᠷᠢᠯᠴᠠᠭᠠᠨ ᠤ ᠲᠡᠮᠳᠡᠭᠯᠡᠯ ᠳᠤ ᠴᠢᠨᠢ᠄ ᠲᠠ ᠠᠯᠢ ᠵᠢᠯ ᠤᠨ ᠠᠯᠢ ᠰᠠᠷ᠎ᠠ ᠳᠤ ᠨᠠᠳᠠ ᠎ ᠠᠴᠠ6000 ᠲᠥᠭᠦᠷᠢᠭ ᠵᠢᠭᠡᠯᠡᠭᠰᠡᠨ ᠢᠶᠠᠨ ᠣᠳᠣ ᠪᠤᠴᠠᠭᠠᠵᠦ ᠲᠡᠶᠢᠯᠦᠨ᠎ᠡ ᠤᠤ ᠦᠭᠡᠢ ᠤᠤ︖  ᠬᠡᠵᠦ  ᠠᠰᠠᠭᠤᠬᠤ ᠎ ᠳᠤ  ᠬᠡᠷᠪᠡ‌ᠨᠥ᠋ᠭᠦᠭᠡ ᠡᠲᠡᠭᠡᠳ ᠴᠢᠨᠢ ᠴᠠᠭ ᠤᠨ ᠲᠠᠯ᠎ᠠ ᠪᠠᠷ ᠪᠠᠭ᠋ᠠᠨ ᠪᠠᠶᠢᠰᠬᠢᠵᠦ ᠪᠠᠶᠢᠭᠠᠳ ᠴᠢᠮ᠎ᠠ ᠳᠤ ᠪᠤᠴᠠᠭᠠᠶ᠎ᠡ ᠭᠡᠵᠦ ᠪᠢᠴᠢᠭᠰᠡᠨ ᠪᠠᠶᠢᠪᠠᠯ‌ᠬᠤᠶᠠᠷ ᠲᠠᠯ᠎ᠠ ᠪᠠᠷ ᠢᠶᠠᠨ ᠵᠢᠭᠡᠯᠡᠯᠭᠡ ᠶᠢᠨ ᠬᠠᠷᠢᠴᠠᠭ᠎ᠠ ᠦᠨᠡᠨ ᠬᠦ ᠣᠷᠣᠰᠢᠵᠤ ᠪᠠᠶᠢᠬᠤ ᠶᠢ ᠭᠡᠷᠡᠴᠢᠯᠡᠵᠦ ᠪᠤᠯᠤᠨ᠎ᠡ᠃ ᠪᠠᠰᠠ ᠵᠠᠷᠢᠮ‌ᠠᠮᠠᠨ ᠶᠠᠷᠢᠶ᠎ᠠ ᠪᠠᠶᠢᠵᠤ ᠪᠤᠯᠤᠨ᠎ᠠ᠂  ᠵᠢᠱᠢᠶᠡᠯᠡᠪᠡᠯ  ᠨᠡᠭᠡᠵᠦ  ᠠᠪᠬᠤ  ᠶᠠᠪᠤᠴᠠ ᠳᠠᠬᠢ  ᠵᠠᠷᠢᠮ  ᠲᠠᠭᠤ  ᠰᠢᠩᠭᠡᠭᠡᠯᠲᠡ  ᠳᠦᠷᠰᠦ‌‍ᠰᠢᠩᠭᠡᠭᠡᠯᠲᠡ᠂ ᠰᠤᠷᠠᠭ ᠴᠢᠮᠡᠭᠡᠨ ᠤ ᠮᠠᠲ᠋ᠧᠷᠢᠶᠠᠯ ᠵᠡᠷᠭᠡ ᠪᠣᠯᠤᠨ᠎ᠠ᠂ ᠡᠶᠢᠮᠦᠷᠬᠦ ᠬᠤᠪᠢ ᠶᠢᠨ ᠲᠠᠭᠤ ᠰᠢᠩᠭᠡᠭᠡᠯᠲᠡ ᠨᠢ ᠪᠤᠰᠤᠳ ‍ᠤᠨ‌ᠬᠠᠤᠯᠢ ᠶᠣᠰᠣᠨ ᠤ ᠡᠷᠬᠡ ᠠᠰᠢᠭ ᠲᠤ ᠬᠠᠯᠳᠠᠬᠤ ᠦᠭᠡᠢ᠂ ᠬᠠᠤᠯᠢ ᠴᠠᠭᠠᠵᠠ ᠪᠠ ᠵᠠᠰᠠᠭ ᠵᠠᠬᠢᠷᠭᠠᠨ ᠤ  ᠬᠠᠤᠯᠢ  ᠲᠣᠭᠲᠠᠭᠠᠯ ‍ᠤᠨ‌ᠠᠯᠪᠠᠳᠠᠯᠭ᠎ᠠ ᠶᠢᠨ ᠴᠢᠨᠠᠷᠲᠠᠢ  ᠲᠣᠭᠲᠠᠭᠠᠯ ᠢ  ᠵᠥᠷᠢᠴᠡᠬᠦ  ᠦᠭᠡᠢ  ᠯᠡ  ᠶᠤᠮ  ᠪᠣᠯ  ᠠᠷᠠᠳ ᠤᠨ  ᠰᠢᠭᠦᠬᠦ  ᠬᠤᠷᠢᠶ᠎ᠡ  ᠪᠠᠰᠠ‌‍ᠬᠦ᠋ᠴᠦᠨ ᠲᠠᠢ ᠪᠠᠷ ᠮᠠᠭᠠᠳᠯᠠᠨ ᠲᠣᠭᠲᠠᠭᠠᠨ᠎ᠠ ᠬᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2