ᠬᠢᠴᠢᠶᠡ︕ ᠸᠢᠴᠠᠲ ᠢᠶᠠᠷ ᠲᠠᠩᠰᠠ ᠰᠢᠯᠵᠢᠭᠦᠯᠬᠦ ᠦᠶ᠎ᠡ ᠎ ᠳᠤ  ᠡᠨᠡ 15 ᠮᠢᠨᠦ᠋ᠲ ᠪᠣᠯ ᠲᠦᠢᠯ ᠤᠨ ᠴᠢᠬᠤᠯᠠ
ᠨᠡᠶᠢᠲᠡᠯᠡᠭᠰᠡᠨ ᠴᠠᠭ᠄
2022/7/6
      ᠸᠢᠴᠠᠲ ᠢᠶᠠᠷ ᠲᠠᠩᠰᠠ ᠰᠢᠯᠵᠢᠭᠦᠯᠬᠦ ᠦᠶ᠎ᠡ ᠳᠤ ᠭᠠᠷ ᠤᠲᠠᠰᠤ ᠳᠡᠭᠡᠷ᠎ᠡ ᠴᠢᠨᠢ ᠡᠶᠢᠮᠦᠷᠬᠦ ᠳᠡᠯᠭᠡᠴᠡ ᠢᠯᠡᠷᠡᠵᠤ ᠪᠠᠶᠢᠪᠠᠯ‌‍ᠰᠣᠨᠣᠷ ᠰᠡᠷᠡᠮᠵᠢ ᠪᠠᠨ ᠵᠠᠪᠠᠯ ᠳᠡᠭᠡᠭᠰᠢᠯᠡᠭᠦᠯᠬᠦ  ᠬᠡᠷᠡᠭᠲᠡᠶ᠂  ᠡᠨᠡ ᠨᠢ  ᠣᠳᠣᠬᠠᠨ ᠤ  ᠲᠣᠭᠠᠴᠠᠭ᠎ᠠ ᠎ ᠳᠤ  ᠯᠤᠲᠤ  ᠶᠡᠭᠡ  ᠠᠶᠤᠯ‌‍ᠲ᠋ᠦ᠋ᠭᠰᠢᠭᠦᠷᠢ ᠣᠷᠣᠰᠢᠵᠤ ᠪᠠᠶᠢᠬᠤ ᠶᠢ ᠬᠠᠷᠠᠭᠤᠯᠵᠤ ᠪᠠᠶᠢᠨ᠎ᠠ᠃         ᠳᠠᠩᠰᠠ ᠰᠢᠯᠵᠢᠭᠦᠯᠬᠦ ᠦᠶ᠎ᠡ ᠳᠤ ᠡᠨᠡ  ᠬᠤᠶᠠᠷ  ᠵᠦᠢᠯ ᠤᠨ  ᠳᠡᠯᠭᠡᠴᠡ  ᠢᠯᠡᠷᠡᠪᠡᠯ  ᠶᠠᠭᠠᠬᠢᠭᠰᠠᠨ  ᠴᠤ  ᠬᠢᠴᠢᠶᠡᠬᠦ ᠬᠡᠷᠡᠭᠲᠡᠶ︕             ᠡᠨᠡ 15 ᠮᠢᠨᠦ᠋ᠲ ᠪᠣᠯ ᠲᠦᠢᠯ ᠤᠨ ᠵᠠᠩᠭᠢᠯᠠᠭ᠎ᠠ ᠪᠣᠯᠤᠨ᠎ᠠ᠃  ᠵᠣᠭᠤᠰ  ᠳᠥᠯᠥᠬᠦ  ᠶᠠᠪᠤᠴᠠ ᠳᠤ᠂  ᠰᠢᠰᠲ᠋ᠧᠮ ᠨᠢ‌ᠵᠣᠭᠤᠰ ᠬᠤᠷᠢᠶᠠᠬᠤ ᠲᠠᠯ᠎ᠠ ᠶᠢᠨ ᠲᠠᠩᠰᠠᠨ ᠡᠷᠦᠬᠡ ᠳᠤ ᠬᠡᠪ ᠤᠨ ᠪᠤᠰᠤ  ᠣᠨᠴᠠᠯᠢᠭ  ᠪᠠᠶᠢᠬᠤ   ᠡᠰᠡᠬᠦ  ᠎ ᠶᠢ  ᠢᠯᠭᠠᠨ  ᠲᠠᠨᠢᠬᠤ‌ᠦᠶ᠎ᠡ ᠎ ᠳᠡᠭᠡᠨ᠂ ᠸᠢᠴᠠᠲ ᠨᠢ ᠲᠦᠭᠰᠢᠭᠦᠷᠢ ᠶᠢᠨ ᠬᠡᠮᠵᠢᠶ᠎ᠡ ᠶᠢ ᠦᠨᠳᠦᠰᠦᠯᠡᠨ ᠬᠡᠷᠡᠭᠯᠡᠭᠴᠢ ᠎ ᠳᠤ ᠠᠷᠠᠯᠵᠢᠶᠠᠨ ᠤ ᠲᠦᠭᠰᠢᠭᠦᠷᠢ ᠵᠢᠨ‌‍ᠰᠡᠷᠡᠮᠵᠢ ᠦᠭᠬᠦ ᠪᠤᠶᠤ ᠬᠤᠷᠢᠭᠯᠠᠯᠲᠠ ᠬᠢᠳᠡᠭ᠃              ᠵᠣᠭᠤᠰ ᠬᠤᠷᠢᠶᠠᠬᠤ ᠲᠠᠯ᠎ᠠ ᠶᠢᠨ ᠬᠢᠨ ᠤ  ᠳᠠᠩᠰᠠᠨ  ᠨᠣᠮᠧᠷ ᠨᠢ  ᠮᠡᠬᠡᠯᠡᠭᠰᠡᠨ᠂  ᠲᠣᠭᠲᠠᠭᠠᠯ ᠠᠴᠠ  ᠵᠥᠷᠢᠴᠡᠭᠰᠡᠨ᠂ᠡᠰᠡᠬᠦᠯ᠎ᠡ  ᠮᠠᠭᠤ  ᠰᠠᠨᠠᠭᠠᠨ ᠤ  ᠰᠡᠵᠢᠭᠯᠡᠯᠲᠡᠶ  ᠪᠠᠶᠢᠬᠤ ᠶᠢ  ᠰᠢᠰᠲ᠋ᠧᠮ ᠨᠢ  ᠢᠯᠭᠠᠨ  ᠲᠠᠨᠢᠭᠰᠠᠨ ᠤ  ᠳᠠᠷᠠᠭ᠎ᠠ᠂  ᠸᠢᠴᠠᠲ ᠨᠢ‌ᠠᠷᠠᠯᠵᠢᠶ᠎ᠠ ᠶᠢ ᠬᠠᠰᠢᠵᠤ᠂ ᠬᠡᠷᠡᠭᠯᠡᠭᠴᠢ ᠳᠤ  ᠪᠠᠯᠠ  ᠮᠥᠩᠭᠦᠨ ᠤ  ᠠᠮᠤᠷ  ᠲᠦᠪᠰᠢᠨ ᠢ  ᠰᠠᠨᠠᠭᠤᠯᠤᠨ᠂  ᠵᠣᠭᠤᠰ  ᠲᠤᠰᠢᠶᠠᠬᠤ‌‍ᠬᠡᠷᠡᠭᠯᠡᠭᠴᠢ ᠳᠤ 15 ᠮᠢᠨᠦ᠋ᠲ ᠤᠨ ᠬᠢᠵᠠᠭᠠᠷ ᠲᠠᠢ ᠬᠤᠷᠢᠭᠯᠠᠯᠲᠠ ᠬᠠᠮᠠᠭᠠᠯᠠᠯᠲᠠ ᠬᠢᠳᠡᠭ ᠪᠠᠶᠢᠨ᠎ᠠ᠃            ᠸᠢᠴᠠᠲ ᠤᠨ ᠪᠦᠯᠬᠦᠮ ᠢᠯᠡᠷᠬᠡᠶᠢᠯᠡᠬᠦ ᠳᠡᠭᠡᠨ᠂ ᠲᠠ ᠳᠡᠭᠡᠷᠡᠬᠢ  ᠢᠮᠦᠷᠬᠦᠦ  ᠲᠦᠭᠰᠢᠭᠦᠷᠢ ᠶᠢᠨ  ᠰᠠᠨᠠᠭᠤᠯᠤᠮᠵᠢ  ᠪᠤᠶᠤ‌ᠬᠤᠷᠢᠭᠯᠠᠯᠲᠠ ᠲᠤᠯᠭᠠᠷᠠᠬᠤ ᠦᠶ᠎ᠡ ᠳᠤ ᠶᠠᠭ ᠮᠡᠬᠡᠯᠡᠯ ᠳᠤ ᠤᠴᠠᠷᠠᠵᠤ ᠪᠠᠶᠢᠵᠦ ᠮᠡᠳᠡᠨ᠎ᠡ ᠭᠡᠵᠡᠶ︕               15 ᠮᠢᠨᠦ᠋ᠲ ᠤᠨ ︽ᠳᠠᠩᠰᠠ ᠰᠢᠯᠵᠢᠭᠦᠯᠬᠦ ᠲᠠᠶᠢᠪᠤᠭᠤ ᠪᠤᠲᠤᠯᠬᠢᠯᠠᠬᠤ ᠬᠤᠭᠤᠴᠠᠭ᠎ᠠ︾᠎ ᠶᠢᠨ ᠳᠣᠲᠣᠷ᠎ᠠ ᠴᠢ  ᠵᠣᠭᠤᠰ‌ᠬᠤᠷᠢᠶᠠᠬᠤ ᠲᠠᠯ᠎ᠠ ᠶᠢᠨ ᠪᠡᠶ᠎ᠡ ᠶᠢᠨ ᠭᠠᠷᠤᠯ ᠢ ᠠᠯᠢ ᠴᠢᠳᠠᠬᠤ ᠪᠠᠷ ᠬᠠᠷᠭᠤᠭᠤᠯᠤᠨ ᠲᠣᠳᠣᠯᠠᠵᠤ ︽ᠳᠠᠩᠰᠠ ᠰᠢᠯᠵᠢᠭᠦᠯᠬᠦ ᠲᠠᠶᠢᠪᠤᠭᠤ‌‍ᠪᠤᠲᠤᠯᠬᠢᠯᠠᠬᠤ  ᠬᠤᠭᠤᠴᠠᠭ᠎ᠠ︾  ᠦᠩᠭᠡᠷᠡᠭᠰᠡᠨ  ᠎ ᠤ  ᠲᠠᠷᠠᠭ᠎ᠠ  ᠬᠢᠨᠠᠵᠤ   ᠬᠠᠷᠭᠤᠭᠤᠯᠤᠭᠠᠳ ᠪᠠᠶᠢᠳᠠᠯ ᠢ ᠦᠨᠳᠦᠰᠦᠯᠡᠨ‌ᠦᠷᠭᠦᠯᠵᠢᠯᠡᠨ ᠲᠥᠯᠥᠬᠦ ᠡᠰᠡᠬᠦ  ᠪᠠᠨ‌‍ᠰᠣᠩᠭᠤᠵᠤ ᠪᠣᠯᠤᠨ᠎ᠠ᠃               ᠳᠠᠬᠢᠨ ᠰᠠᠨᠠᠭᠤᠯᠬᠤ ᠨᠢ᠄             1 . ᠰᠦᠯᠵᠢᠶᠡᠨ ᠳᠡᠭᠡᠷ᠎ᠡ ᠠᠴᠠ ᠶᠠᠭᠤᠮ᠎ᠠ ᠬᠤᠳᠠᠯᠳᠤᠨ ᠠᠪᠬᠤ ᠳᠤ ᠬᠢᠴᠢᠶᠡᠬᠦ ᠬᠡᠷᠡᠭᠲᠡᠶ᠃  ︽ᠤᠷᠢᠳᠠᠪᠠᠷ  ᠵᠣᠭᠤᠰ‌‍ᠲ᠋ᠤᠰᠢᠶᠠᠵᠤ ᠳᠠᠷᠠᠭ᠎ᠠ ᠨᠢ ᠪᠠᠷᠠᠭ᠎ᠠ ᠬᠤᠷᠢᠶᠠᠬᠤ︾ ᠠᠷᠠᠯᠵᠢᠶᠠᠨ ᠤ  ᠠᠷᠭ᠎ᠠ  ᠬᠡᠯᠪᠡᠷᠢ ᠶᠢᠨ  ᠠᠶᠤᠯ  ᠲᠦᠭᠰᠢᠭᠦᠷᠢ  ᠮᠠᠰᠢ  ᠶᠡᠭᠡ᠂ᠨᠡᠶᠢᠭᠡᠮ ᠤᠨ ᠬᠠᠷᠢᠯᠴᠠᠭᠠᠨ ᠤ ᠲᠠᠪᠴᠠᠩ ᠳᠡᠭᠡᠷ᠎ᠡ ᠠᠷᠠᠯᠵᠢᠶ᠎ᠠ ᠬᠢᠬᠦ ᠳᠤ ᠰᠣᠨᠣᠷ ᠰᠡᠷᠡᠮᠵᠢ ᠪᠠᠨ ᠳᠡᠭᠡᠭᠰᠢᠯᠡᠭᠦᠯᠵᠦ᠂  ᠪᠣᠯᠭᠤᠮᠵᠢᠲᠠᠶ ᠨᠤᠲᠠᠯᠠᠨ᠂ ᠠᠯᠢ ᠴᠢᠳᠠᠬᠤ ᠪᠠᠷ ᠢᠲᠡᠭᠡᠮᠵᠢᠲᠡᠶ ᠠᠯᠪᠠᠨ ᠤ ᠰᠣᠯᠢᠯᠴᠠᠭᠠᠨ ᠤ  ᠠᠷᠭ᠎ᠠ  ᠵᠠᠮ ᠢ  ᠬᠡᠷᠡᠭᠯᠡᠬᠦ  ᠬᠡᠷᠡᠭᠲᠡᠶ᠃  ᠢᠩᠭᠢᠪᠡᠯ ᠠᠰᠠᠭᠤᠳᠠᠯ ᠭᠠᠷᠤᠭᠰᠠᠨ ᠴᠤ᠂ ᠲᠠᠪᠴᠠᠩ ᠢᠶᠠᠷ ᠳᠠᠮᠵᠢᠨ ᠵᠣᠭᠤᠰ ᠪᠤᠴᠠᠭᠠᠵᠤ ᠪᠠᠷᠠᠭ᠎ᠠ ᠪᠤᠴᠠᠭᠠᠵᠤ ᠪᠣᠯᠤᠨ᠎ᠠ᠃             2 . ᠲᠣᠭᠠᠴᠠᠭ᠎ᠠ ᠬᠢᠬᠦ ᠦᠶ᠎ᠡ ᠳᠤ᠂ ᠬᠡᠷᠪᠡ  ︽ᠲᠦᠭᠰᠢᠭᠦᠷᠢ ᠶᠢᠨ  ᠰᠡᠷᠡᠮᠵᠢ︾᠎ ᠶᠢᠨ  ᠳᠡᠯᠭᠡᠴᠡ  ᠢᠯᠡᠷᠡᠪᠡᠯ  ᠨᠠᠩ‌ᠢᠯᠡᠭᠦᠦ ᠬᠢᠴᠢᠶᠡᠬᠦ ᠬᠡᠷᠡᠭᠲᠡᠶ᠂ ᠲᠡᠭᠡᠪᠡᠯ ᠲᠠ ᠶᠠᠭ ᠮᠡᠬᠡᠯᠡᠯ ᠳᠤ ᠤᠴᠠᠷᠠᠵᠤ ᠪᠠᠶᠢᠵᠦ ᠮᠡᠳᠡᠨ᠎ᠡ︕
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2