ᠴᠢᠰᠤᠨ ᠳᠠᠷᠤᠯᠲᠠ ᠥᠨᠳᠥᠷ ᠬᠥᠮᠥᠰ ᠠᠩᠬᠠᠷᠤᠭᠠᠷᠠᠢ ︕
ᠨᠡᠶᠢᠲᠡᠯᠡᠭᠰᠡᠨ ᠴᠠᠭ᠄
2023/12/22
    ᠴᠢᠰᠤᠨ ᠳᠠᠷᠤᠯᠲᠠ ᠥᠨᠳᠥᠷ ᠡᠪᠡᠳᠴᠢᠨ ᠭᠤᠤᠯ ᠎ ᠨᠢ ᠢᠳᠡᠷ ᠥᠲᠡᠯᠦᠭᠡ  ᠬᠥᠮᠥᠰ ᠤᠨ  ᠪᠡᠶ᠎ᠡ  ᠳᠡᠭᠡᠷ᠎ᠡ  ᠢᠯᠡᠷᠡᠳᠡᠭ ᠪᠠᠶᠢᠬᠰᠠᠨ ᠪᠤᠯ ᠤᠳᠤ ᠬᠠᠷᠢᠨ ᠵᠠᠯᠠᠭᠤᠴᠤᠳ ᠤᠨ ᠳᠣᠮᠳᠠ ᠤᠯᠠᠨ ᠭᠠᠷᠬᠤ ᠪᠤᠯᠤᠬᠰᠠᠨ ᠪᠠᠶᠢᠳᠠᠭ᠃        ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠰᠢᠮ᠎ᠡ ᠲᠡᠵᠢᠭᠡᠯ  ᠪᠣᠯᠣᠨ  ᠤᠳᠠᠭᠠᠨ  ᠴᠢᠨᠠᠷᠲᠠᠢ  ᠡᠪᠡᠳᠴᠢᠨ ‍ᠦ‌‍ᠪᠠᠶᠢᠳᠠᠯ ᠤᠨ ᠲᠤᠬᠠᠢ ᠮᠡᠳᠡᠭᠦᠯᠦᠯᠲᠡ︾᠎ ᠠᠴᠠ ᠦᠵᠡᠪᠡᠯ᠂ ᠮᠠᠨ ᠤ ᠤᠯᠤᠰ ᠤᠨ 18 ᠨᠠᠰᠦ ᠬᠦᠷᠦᠭᠰᠡᠨ ᠢᠷᠬᠡᠳ ᠤᠨ  ᠴᠢᠰᠤᠨ‌‍ᠲ᠋ᠠᠷᠤᠯᠲᠠ ᠥᠨᠳᠥᠷ ᠡᠪᠡᠳᠴᠢᠨ  ᠣᠯᠬᠤ  ᠨᠣᠷᠮ᠎ᠠ  27.5%  ᠎ ᠳᠤ  ᠬᠦᠷᠴᠦ᠂  ᠡᠪᠡᠳᠴᠢᠲᠡᠨ ᠤ  ᠲᠤᠭ᠎ᠠ  ᠨᠢᠭᠡᠨᠲᠡ  2 ᠳ᠋ᠦᠩᠰᠢᠭᠤᠷ 4500 ᠲᠦᠮᠡ ᠎ ᠢ ᠳᠠᠪᠠᠵᠠᠢ᠃ ᠡᠭᠦᠨ ᠳᠤ 18 ᠎ ᠠᠴᠠ 44  ᠨᠠᠰᠤᠨ ᠤ  ᠬᠦᠮᠦᠰ  13.3%᠎ ᠶᠢ  ᠡᠵᠡᠯᠡᠵᠦ ᠪᠠᠶᠢᠭ᠎ᠠ ᠶᠤᠮ ᠪᠠᠶᠢᠨ᠎ᠠ᠃                    ᠰᠤᠳᠤᠯᠭᠠᠨ ᠎ ᠠᠴᠠ ᠦᠵᠡᠪᠡᠯ᠂ ᠳᠡᠩᠴᠡᠬᠦᠬᠡᠨ ᠪᠥᠭᠡᠳ ᠵᠦᠢ ᠵᠤᠬᠢᠰᠳᠠᠢ ᠬᠥᠳᠡᠯᠭᠡᠭᠡᠨ ᠎ ᠨᠢ  ᠰᠣᠯᠪᠢᠭᠤ  ᠮᠡᠳᠡᠷᠡᠯ ‍ᠦᠨ‌‍ᠰᠢᠰᠲ᠋ᠧᠮ ᠢ ᠳᠠᠶᠢᠪᠤᠩ ᠪᠠᠶᠢᠯᠭᠠᠵᠦ᠂ ᠴᠢᠰᠤᠨ ᠰᠤᠳᠠᠯ ᠢ ᠳᠡᠯᠡᠬᠦ ᠪᠣᠳᠠᠰ ᠢ ᠨᠡᠮᠡᠭᠳᠡᠭᠦᠯᠦᠨ᠂ ᠠᠷᠠᠰᠤᠨ  ᠳᠣᠣᠷᠠᠬᠢ  ᠲᠡᠯᠡᠯᠲᠡ ᠵᠢ‌‍ᠰᠠᠶᠢᠵᠢᠷᠠᠭᠤᠯᠵᠤ᠂ ᠰᠢᠬᠢᠷ ᠪᠤᠯᠤᠨ  ᠦᠬᠡᠬᠦᠨ ᠤ  ᠰᠣᠯᠢᠯᠴᠠᠭ᠎ᠠ ᠶᠢ  ᠠᠬᠢᠭᠤᠯᠤᠨ᠂  ᠴᠢᠰᠤᠨ  ᠳᠠᠷᠤᠯᠲᠠ  ᠥᠨᠳᠥᠷᠵᠢᠬᠦ  ᠎ ᠶᠢ ᠤᠷᠢᠳᠴᠢᠯᠠᠨ ᠰᠡᠷᠭᠡᠶᠢᠯᠡᠬᠦ ᠪᠠ ᠲᠣᠭᠲᠠᠪᠤᠷᠢᠵᠢᠭᠤᠯᠵᠤ ᠴᠢᠳᠠᠳᠠᠭ  ᠶᠤᠮ  ᠪᠠᠶᠢᠨ᠎ᠠ᠃  ᠭᠠᠷᠠᠭ  ᠪᠦᠷᠢ  3  ᠡᠳᠦᠷ  ᠪᠤᠶᠤ  3ᠡᠳᠦᠷ ᠠᠴᠠ ᠳᠡᠭᠡᠭᠰᠢ᠂ ᠤᠳᠠᠭ᠎ᠠ ᠪᠦᠷᠢ 30 ᠮᠢᠨᠦ᠋ᠲ ᠠᠴᠠ ᠳᠡᠭᠡᠭᠰᠢ ᠳᠡᠩᠴᠡᠬᠦᠬᠡᠨ ᠬᠦᠴᠦᠯᠡᠴᠡ ᠲᠠᠢ  ᠬᠥᠳᠡᠯᠭᠡᠭᠡᠨ  ᠬᠢᠪᠡᠯ‌ᠠᠪᠴᠢᠯᠲᠠ ᠶᠢᠨ ᠳᠠᠷᠤᠯᠲᠠ ᠶᠢ 5~17  ᠮᠢᠯᠢᠮᠧᠲᠷ  ᠮᠥᠩᠭᠦᠨ  ᠤᠰᠤᠨ  ᠪᠠᠭᠠᠨ᠎ᠠ ᠪᠠᠷ  ᠪᠠᠭᠤᠷᠠᠭᠤᠯᠵᠦ᠂  ᠲᠡᠯᠡᠯᠲᠡ ᠵᠢᠨ‌‍ᠲ᠋ᠠᠷᠤᠯᠲᠠ ᠶᠢ 2~10 ᠮᠢᠯᠢᠮᠧᠲᠷ ᠮᠥᠩᠭᠦᠨ ᠤᠰᠤᠨ ᠪᠠᠭᠠᠨ᠎ᠠ ᠪᠠᠷ ᠪᠠᠭᠤᠷᠠᠭᠤᠯᠳᠠᠭ ᠶᠤᠮ ᠪᠠᠶᠢᠨ᠎ᠠ᠃        ᠵᠢᠱᠢᠶᠡᠯᠡᠪᠡᠯ ᠳᠤᠭᠤᠢ ᠤᠨᠤᠬᠤ᠂ ᠤᠰᠤᠨ ᠳᠤ ᠤᠮᠪᠠᠭ᠋ᠤ᠂ ᠬᠦᠶᠦᠬᠦ᠂ ᠥᠳᠥᠨ ᠪᠥᠮᠪᠦᠭᠡ᠂ ᠪᠡᠶ᠎ᠡ ᠴᠢᠭᠢᠷᠠᠭᠵᠢᠭᠤᠯᠬᠤ‌‍ᠲ᠋ᠠᠮᠢᠷ᠂ ᠪᠦᠯᠬᠦᠮ ᠨᠡᠶᠢᠲᠡ ᠶᠢᠨ ᠲᠠᠮᠢᠷ ᠤᠨ  ᠬᠥᠳᠡᠯᠭᠡᠭᠡᠨ  ᠵᠡᠷᠭᠡ  ᠎ ᠨᠢ  ᠪᠦᠷ  ᠴᠢᠰᠤᠨ  ᠳᠠᠷᠤᠯᠲᠠ  ᠥᠨᠳᠥᠷ  ᠡᠪᠡᠳᠴᠢᠨ ᠢ‌ᠨᠠᠮᠳᠠᠭᠠᠬᠤ ᠳᠤ ᠮᠠᠰᠢ ᠲᠣᠬᠢᠷᠠᠮᠵᠢᠲᠠᠢ ᠶᠤᠮ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2