ᠠᠷᠢᠬᠢ ᠤᠤᠭᠤᠪᠠᠯ ᠴᠢᠷᠠᠶ ᠨᠢ ᠤᠯᠠᠢᠳᠠᠭ ᠬᠥᠮᠦᠨ ᠬᠤᠷᠳᠤᠨ ᠠᠷᠢᠬᠢ ᠪᠠᠨ ᠵᠣᠭᠰᠣ︕
ᠨᠡᠶᠢᠲᠡᠯᠡᠭᠰᠡᠨ ᠴᠠᠭ᠄
2023/11/29
     ᠵᠠᠷᠢᠮ ᠬᠥᠮᠦᠨ ᠬᠡᠳᠦᠨ ᠤᠭᠤᠴᠢ ᠠᠷᠢᠬᠢ  ᠤᠤᠭᠤᠪᠠᠯ  ᠴᠢᠷᠠᠶ ᠨᠢ  ᠤᠯᠠᠶᠢᠳᠠᠭ᠂  ᠣᠯᠠᠩᠬᠢ  ᠬᠥᠮᠦᠨ  ︽ᠠᠷᠢᠬᠢ‌ᠤᠤᠭᠤᠪᠠᠯ ᠴᠢᠷᠠᠶ ᠎ ᠨᠢ ᠤᠯᠠᠶᠢᠬᠤ︾᠎ ᠶᠢ ᠠᠷᠢᠬᠢᠨ ᠎ ᠳᠠᠭᠠᠨ  ᠮᠠᠭᠤ  ᠭᠡᠵᠦ  ᠦᠵᠡᠳᠡᠭ᠂  ᠦᠨᠡᠨ ᠳᠡᠭᠡᠨ  ᠡᠨᠡ ᠨᠢ  ᠠᠷᠢᠬᠢᠨ ‍ᠤ‌‍ᠬᠡᠮᠵᠢᠶ᠎ᠡ ᠲᠠᠢ ᠬᠠᠮᠢᠶ᠎ᠠ ᠦᠭᠡᠢ᠂ ᠭᠧᠨ ᠤ ᠳᠤᠲᠠᠭᠳᠠᠯ ᠲᠠᠢ ᠪᠠᠶᠢᠵᠤ ᠮᠡᠳᠡᠨ᠎ᠡ︕ ᠠᠷᠢᠬᠢ ᠤᠤᠭᠤᠪᠠᠯ  ᠴᠢᠷᠠᠶ  ᠎ ᠨᠢ  ᠤᠯᠠᠶᠢᠳᠠᠭ‌‍ᠬᠥ᠋ᠮᠦᠨ ᠢ ᠬᠤᠷᠳᠤᠨ ᠠᠷᠢᠬᠢ ᠪᠠᠨ ᠵᠣᠭᠰᠣ ᠭᠡᠵᠦ ᠰᠠᠨᠠᠭᠤᠯᠤᠶ᠎ᠠ︕              ᠠᠷᠢᠬᠢ ᠤᠤᠭᠤᠪᠠᠯ ᠴᠢᠷᠠᠶ ᠎ ᠨᠢ ᠤᠯᠠᠶᠢᠳᠠᠭ ᠎ ᠨᠢ ᠭᠧᠨ ᠤ ᠳᠤᠲᠠᠭᠳᠠᠯ ᠲᠠᠢ ᠪᠠᠶᠢᠵᠤ ᠮᠡᠳᠡᠨ᠎ᠡ    ᠠᠷᠢᠬᠢ ᠤᠤᠭᠤᠪᠠᠯ  ᠠᠮᠠᠷᠬᠠᠨ  ᠴᠢᠷᠠᠢ  ᠎ ᠨᠢ  ᠤᠯᠠᠶᠢᠳᠠᠭ  ᠬᠥᠮᠦᠨ ᠤ  ᠡᠲ᠋ᠢᠯ  ᠠᠯᠳᠧᠭᠢᠳ᠋ ᠤᠨ  ᠤᠰᠤᠲᠥ᠋ᠷᠥᠭᠴᠢ ᠦᠭᠡᠶᠢᠳᠡᠭᠦᠯᠬᠦ ᠢᠰᠬᠡᠭᠦᠷ 2᠎ ᠤᠨ ᠤᠳᠤᠮᠯᠠᠯ ᠤᠨ  ᠭᠧᠨ ᠤ  ᠳᠤᠲᠠᠭᠳᠠᠯ ᠲᠠᠢ  ᠪᠠᠶᠢᠵᠤ  ᠮᠡᠳᠡᠨ᠎ᠡ᠂  ᠡᠲ᠋ᠢᠯ  ᠠᠯᠳᠧᠭᠢᠳ᠋ ‍ᠤᠨ‌ᠤᠰᠤᠲᠥ᠋ᠷᠥᠭᠴᠢ ᠦᠭᠡᠶᠢᠳᠡᠭᠦᠯᠬᠦ ᠢᠰᠬᠡᠭᠦᠷ 2᠎ ᠤᠨ ᠢᠰᠬᠡᠭᠦᠷ ᠤᠨ ᠢᠳᠡᠪᠬᠢ ᠴᠢᠨᠠᠷ ᠢᠯᠡᠳᠲᠡ ᠪᠠᠭᠤᠷᠠᠪᠠᠯ᠂ ᠡᠲ᠋ᠢᠯ ᠠᠯᠳᠧᠭᠢᠳ᠋‌‍ᠪᠡᠶ᠎ᠡ ᠶᠢᠨ ᠳᠣᠲᠣᠷ᠎ᠠ ᠲᠤᠨᠵᠤ᠂ ᠲᠥᠪ ᠮᠡᠳᠡᠷᠡᠯ ᠳᠤ ᠦᠢᠯᠡᠳᠦᠯ  ᠦᠵᠡᠭᠦᠯᠵᠦ᠂  ᠬᠦᠮᠦᠨ  ᠎ ᠳᠤ  ᠲᠣᠯᠣᠭᠠᠢ  ᠡᠷᠭᠢᠬᠦ᠂  ᠴᠢᠷᠠᠢ‌ᠤᠯᠠᠶᠢᠬᠤ᠂ ᠳᠤᠷ᠎ᠠ ᠪᠤᠯᠭᠢᠬᠤ ᠵᠡᠷᠭᠡ ᠢᠯᠡᠷᠡᠯ ᠰᠢᠨᠵᠢ  ᠭᠠᠷᠬᠤ ᠶᠢᠨ  ᠬᠠᠮᠲᠤ  ᠵᠢᠷᠦᠬᠡ  ᠴᠢᠰᠤᠨ  ᠰᠤᠳᠠᠯ ᠤᠨ  ᠡᠪᠡᠳᠴᠢᠨ ‍ᠤ‌‍ᠲ᠋ᠦ᠋ᠭᠰᠢᠭᠦᠷᠢ ᠴᠦ ᠢᠯᠡᠷᠬᠡᠢ ᠨᠡᠮᠡᠭᠳᠡᠳᠡᠭ᠃             ᠠᠷᠢᠬᠢ ᠤᠤᠭᠤᠪᠠᠯ ᠠᠮᠠᠷᠬᠠᠨ ᠴᠢᠷᠠᠢ ᠎ ᠨᠢ ᠤᠯᠠᠶᠢᠳᠠᠭ ᠬᠥᠮᠦᠨ ᠨᠡᠩ ᠠᠮᠠᠷᠬᠠᠨ ᠥᠮᠡᠨ ᠳᠤ ᠨᠡᠷᠪᠡᠭᠳᠡᠳᠡᠭ   ᠵᠧᠵᠢᠶᠠᠩ ᠶᠡᠭᠡ ᠰᠤᠷᠭᠠᠭᠤᠯᠢ ᠶᠢᠨ  ᠠᠨᠠᠭᠠᠬᠤ  ᠤᠬᠠᠭᠠᠨ ᠤ  ᠳᠡᠭᠡᠳᠦ  ᠰᠤᠷᠭᠠᠭᠤᠯᠢ ᠶᠢᠨ  ᠬᠠᠷᠢᠶᠠᠲᠤ  ᠨᠢᠭᠡᠳᠦᠭᠡᠷ‌ᠡᠮᠨᠡᠯᠭᠡ ᠶᠢᠨ ᠬᠤᠷᠢᠶ᠎ᠠ ᠶᠢᠨ ᠰᠢᠩᠭᠡᠭᠡᠯᠲᠡ ᠶᠢᠨ ᠳᠣᠲᠣᠷ ᠰᠠᠯᠠᠭᠠᠨ ᠤ ᠳᠡᠳ᠋ ᠡᠷᠬᠢᠯᠡᠭᠴᠢ ᠡᠮᠴᠢ ᠵᠧᠤ ᠰᠢᠨ ᠰᠢᠨ  ᠡᠮᠴᠢ  ᠬᠡᠯᠡᠬᠦ‌‍ᠳᠡᠭᠡᠨ᠂ ᠵᠠᠷᠢᠮ ᠬᠥᠮᠦᠨ ᠠᠩᠬ᠎ᠠ ᠠᠷᠢᠬᠢ ᠤᠤᠭᠤᠵᠤ ᠡᠬᠢᠯᠡᠬᠦ ᠳᠡᠭᠡᠨ ᠴᠢᠷᠠᠶ ᠎ ᠨᠢ ᠤᠯᠠᠶᠢᠬᠤ᠂  ᠵᠢᠷᠦᠬᠡ  ᠎ ᠨᠢ  ᠲᠦᠭᠰᠢᠬᠦ  ᠵᠡᠷᠭᠡ‌ᠡᠪᠡᠳᠴᠢᠨ ᠤ ᠢᠯᠡᠷᠡᠯ ᠰᠢᠨᠵᠢ ᠭᠠᠷᠳᠠᠭ᠂ ᠵᠠᠯᠭ᠎ᠠ ᠠᠷᠢᠬᠢ ᠤᠤᠭᠤᠬᠤ ︽ᠪᠣᠯᠪᠠᠰᠤᠷᠠᠯ︾᠎ ᠠᠴᠠ ᠪᠣᠯᠵᠣ᠂ ᠡᠲ᠋ᠢᠯ  ᠠᠯᠳᠧᠭᠢᠳ᠋ ‍ᠤᠨ‌‍ᠲ᠋ᠡᠰᠪᠦᠷᠢᠲᠦ ᠴᠢᠨᠠᠷ ᠢ ᠪᠣᠶ ᠪᠣᠯᠭᠠᠵᠤ᠂ ᠵᠠᠯᠭᠠᠭᠠᠳ ᠶᠡᠭᠡ ᠬᠡᠮᠵᠢᠶ᠎ᠡ ᠪᠠᠷ ᠠᠷᠢᠬᠢ  ᠤᠤᠭᠤᠳᠠᠭ᠂  ᠡᠲ᠋ᠢᠯ  ᠠᠯᠳᠧᠭᠢᠳ᠋ ᠨᠢ  ᠪᠡᠶ᠎ᠡ ᠳᠣᠲᠣᠷ᠎ᠠ ᠎ ᠠᠴᠠ ᠭᠠᠳᠠᠬᠰᠢᠯᠠᠵᠤ ᠴᠢᠳᠠᠬᠤ ᠥᠬᠡᠶ ᠣᠷᠳᠣ ᠬᠤᠭᠤᠴᠠᠭ᠎ᠠ ᠪᠠᠷ  ᠪᠡᠶ᠎ᠡ  ᠲᠤᠳᠤᠷ᠎ᠠ  ᠪᠠᠶᠢᠭᠠᠳ  ᠪᠠᠶᠢᠪᠠᠯ  ᠥᠮᠡᠨ‌ᠡᠭᠦᠰᠭᠡᠬᠦ ᠲᠦᠭᠰᠢᠭᠦᠷᠢ ᠨᠢ ᠮᠠᠰᠢ ᠶᠡᠭᠡ ᠪᠤᠯᠳᠠᠭ᠂ ᠡᠶᠢᠮᠦ ᠎ ᠠᠴᠠ ᠡᠲᠡᠭᠡᠷ ᠬᠥᠮᠦᠰ ᠎ ᠨᠢ ᠬᠠᠷᠢᠨ  ᠨᠠᠩ  ᠠᠮᠠᠷᠬᠠᠨ  ᠵᠠᠯᠭᠢᠭᠤᠷ ‍ᠤᠨ‌ᠥᠮᠡᠨ᠂ ᠤᠯᠠᠭᠠᠨ ᠬᠤᠭᠤᠯᠠᠶ ᠶᠢᠨ ᠥᠮᠡᠨ ᠣᠯᠳᠠᠭ ᠬᠡᠪᠡ᠃            2020 ᠣᠨ ᠳᠤ ︽ᠰᠢᠨᠵᠢᠯᠡᠬᠦ ᠤᠬᠠᠭᠠᠨ ᠤ ᠠᠬᠢᠴᠠ︾ ᠬᠡᠬᠦ   ᠨᠡᠷᠡᠳᠦ  ᠰᠡᠳᠬᠦᠯ  ᠎ ᠳᠤ  ᠨᠡᠶᠢᠲᠡᠯᠡᠭᠰᠡᠨ  ᠨᠢᠭᠡᠨ‌‍ᠰᠤᠳᠤᠯᠭᠠᠨ ᠎ ᠳᠤ ᠠᠷᠢᠬᠢ ᠤᠤᠭᠤᠪᠠᠯ ᠠᠮᠠᠷᠬᠠᠨ ᠴᠢᠷᠠᠢ ᠎ ᠨᠢ ᠤᠯᠠᠶᠢᠳᠠᠭ ᠬᠥᠮᠦᠨ  ᠎ ᠤ  ᠬᠤᠳᠣᠭᠤᠳᠣᠨ  ᠥᠮᠡᠨ ᠳᠤ  ᠨᠡᠷᠪᠡᠭᠳᠡᠬᠦ ᠲᠦᠭᠰᠢᠭᠦᠷᠢ ᠨᠠᠩ ᠶᠡᠭᠡ ᠪᠠᠶᠢᠳᠠᠭ ᠬᠡᠵᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2