ᠠᠮᠢᠰᠬᠤᠯ ᠤᠨ ᠵᠠᠮ ᠤᠨ ᠡᠪᠡᠳᠴᠢᠨ ᠲᠠᠬᠤᠯ ᠡᠪᠦᠯ ᠤᠨ ᠤᠯᠠᠷᠢᠯ ᠬᠠᠯᠳᠠᠪᠤᠷᠢᠯᠠᠨ ᠳᠡᠯᠭᠡᠷᠡᠬᠦ ᠣᠷᠭᠢᠯ ᠦᠶ᠎ᠡ ᠳᠤ ᠣᠷᠣᠪᠠ
ᠨᠡᠶᠢᠲᠡᠯᠡᠭᠰᠡᠨ ᠴᠠᠭ᠄
2023/11/21
     ᠤᠯᠤᠰ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠺᠣᠮᠢᠰ ᠤᠨ 13᠎ ᠤ ᠡᠳᠦᠷ ᠬᠢᠭᠰᠡᠨ ᠰᠣᠨᠢᠨ ᠮᠡᠳᠡᠭᠡ ᠨᠡᠶᠢᠲᠡᠯᠡᠬᠦ‌ᠬᠤᠷᠠᠯ ᠳᠡᠭᠡᠷ᠎ᠡ ᠲᠠᠨᠢᠯᠴᠠᠭᠤᠯᠬᠤ ᠳᠠᠭᠠᠨ᠂ ᠮᠠᠨ ᠤ ᠤᠯᠤᠰ ᠲᠤ ᠠᠮᠢᠰᠬᠤᠯ ᠤᠨ ᠵᠠᠮ ᠎ ᠤᠨ  ᠡᠪᠡᠳᠴᠢᠨ  ᠲᠠᠬᠤᠯ  ᠡᠪᠦᠯ  ‍ᠥᠨ‌ᠤᠯᠠᠷᠢᠯ ᠬᠠᠯᠳᠠᠪᠤᠷᠢᠯᠠᠨ ᠳᠡᠯᠭᠡᠷᠡᠬᠦ ᠣᠷᠭᠢᠯ ᠦᠶ᠎ᠡ ᠳᠡᠭᠡᠨ ᠣᠷᠣᠵᠤ᠂ ᠡᠯ᠎ᠡ ᠭᠠᠵᠠᠷ ᠤᠨ ᠬᠢᠨ ᠣᠯᠠᠨ ᠲᠥᠷᠥᠯ ᠤᠨ ᠡᠪᠡᠳᠴᠢᠨ‌ᠢ ᠵᠡᠷᠭᠡ ᠪᠠᠷ ᠰᠡᠷᠭᠡᠶᠢᠯᠡᠨ ᠵᠡᠷᠭᠡ ᠳᠤᠨᠢ ᠡᠮᠨᠡᠨ ᠵᠠᠰᠠᠬᠤ ᠶᠢ ᠪᠠᠷᠢᠮᠲᠠᠯᠠᠬᠤ ᠬᠡᠷᠡᠭᠲᠡᠢ ᠭᠡᠵᠡᠢ᠃                                  ᠡᠪᠦᠯ ᠠᠴᠠ ᠨᠠᠭᠠᠰᠢ ᠠᠭᠤᠰᠬᠢᠨ ᠤ ᠦᠷᠪᠢᠰᠦᠯ ᠤᠨ  ᠮᠢᠺᠣᠪᠯᠠᠨᠰᠮ᠂  ᠰᠢᠨ᠎ᠡ  ᠺᠣᠷᠣᠨᠠ  ᠸᠢᠷᠦ᠋ᠰ ᠎ ᠤᠨ  ᠬᠢᠵᠢᠭ᠂ᠬᠠᠨᠢᠶᠠᠳᠤ ᠲᠠᠭᠰᠢᠭᠤᠷ ᠵᠡᠷᠭᠡ ᠡᠪᠡᠳᠴᠢᠨ ᠲᠠᠬᠤᠯ ᠶᠡᠭᠡ ᠪᠠᠷ ᠳᠡᠯᠭᠡᠷᠡᠵᠦ ᠪᠠᠶᠢᠨ᠎ᠠ᠃ ᠪᠡᠭᠡᠵᠢᠩ ᠬᠤᠲᠠ ᠎ ᠶᠢᠨ  ᠪᠠᠶᠢᠳᠠᠯ  ᠡᠴᠠ‌ᠦᠵᠡᠪᠡᠯ᠂ ᠠᠭᠤᠰᠬᠢᠨ ᠤ ᠦᠷᠪᠢᠰᠦᠯ ᠤᠨ ᠮᠢᠺᠣᠪᠯᠠᠨᠰᠮ ᠲᠤ ᠬᠠᠯᠳᠠᠪᠤᠷᠢᠯᠠᠭᠳᠠᠭᠰᠠᠨ  ᠬᠡᠦᠬᠡᠳ  ᠪᠠᠭᠠᠴᠤᠳ  ᠪᠠ  ᠬᠠᠨᠢᠶᠠᠳᠤ ᠲᠠᠭᠰᠢᠭᠤᠷ ᠲᠤ ᠬᠠᠯᠳᠠᠪᠤᠷᠢᠯᠠᠭᠳᠠᠭᠰᠠᠨ ᠨᠠᠰᠤᠨ ᠳᠤ  ᠬᠦᠷᠦᠭᠰᠡᠳ  ᠨᠡᠯᠢᠶᠡᠳ  ᠣᠯᠠᠨ  ᠪᠣᠯᠬᠤᠷ  ᠤᠷᠢᠳᠴᠢᠯᠠᠨ  ᠰᠢᠯᠭᠠᠵᠤ ᠬᠤᠪᠢᠶᠠᠨ ᠡᠮᠴᠢᠯᠡᠬᠦ ᠠᠵᠢᠯ ᠤᠨ ᠳᠦᠷᠢᠮ ᠢ ᠬᠡᠷᠡᠭᠵᠢᠭᠦᠯᠵᠦ ᠪᠠᠶᠢᠨ᠎ᠠ᠃ ᠡᠭᠦᠨ ᠤ ᠬᠠᠮᠲᠤ ᠦᠨᠳᠦᠰᠦᠨ ᠱᠠᠲᠤᠨ ᠤ ᠡᠮ ᠡᠮᠨᠡᠯᠭᠡ ᠶᠢᠨ ᠪᠠᠶᠢᠭᠤᠯᠤᠮᠵᠢ ᠶᠢᠨ ᠤᠷᠢᠳᠴᠢᠯᠠᠨ ᠣᠨᠣᠰᠢᠯᠠᠵᠤ ᠡᠮᠨᠡᠨ ᠵᠠᠰᠠᠬᠤ ᠦᠢᠯᠡᠳᠦᠯ ᠢ ᠢᠳᠡᠪᠬᠢᠲᠡᠢ ᠪᠠᠳᠠᠷᠠᠭᠤᠯᠵᠤ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2