ᠪᠢᠲᠡᠭᠡᠶ ᠬᠥᠯ ᠢᠶᠠᠨ ᠠᠴᠢᠵᠦ ᠰᠠᠭᠤᠭᠠᠷᠠᠢ︕ ᠡᠶᠢᠮᠦ ᠡᠪᠡᠳᠴᠢᠨ ᠳᠤ ᠨᠡᠷᠪᠡᠭᠳᠡᠭᠰᠡᠨ ᠬᠦᠮᠦᠨ 1 ᠳ᠋ᠦᠩᠰᠢᠭᠤᠷ ᠢ ᠳᠠᠪᠠᠵᠠᠢ︕
ᠨᠡᠶᠢᠲᠡᠯᠡᠭᠰᠡᠨ ᠴᠠᠭ᠄
2023/10/17
        ᠦᠶ᠎ᠡ ᠭᠡᠰᠢᠬᠦᠦ ᠶᠢᠨ ᠦᠷᠪᠢᠰᠦᠯ ᠭᠡᠳᠡᠭ ᠨᠢ ᠳᠠᠷᠤᠢ ᠦᠶ᠎ᠡ ᠶᠢᠨ ᠬᠡᠰᠡᠭ ᠤᠨ ᠦᠷᠪᠢᠰᠦᠯ ᠪᠣᠯᠤᠨ᠎ᠠ᠂  ᠡᠪᠡᠳᠴᠢᠯᠡᠬᠦ‌ᠨᠤᠷᠮ᠎ᠠ ᠨᠢ ᠲᠦᠢᠯ ᠤᠨ ᠥᠨᠳᠥᠷ ᠪᠠᠶᠢᠳᠠᠭ᠃ ᠦᠶ᠎ᠡ ᠭᠡᠰᠢᠬᠦᠦ ᠶᠢᠨ ᠦᠷᠪᠢᠰᠦᠯ ᠤᠨ ᠬᠠᠮᠤᠭ ᠣᠯᠠᠨ ᠲᠣᠬᠢᠶᠠᠯᠳᠤᠳᠠᠭ ᠬᠡᠯᠪᠡᠷᠢ ᠪᠣᠯ ᠶᠠᠰᠤᠨ ᠤ ᠦᠶ᠎ᠡ ᠭᠡᠰᠢᠬᠦᠦ ᠶᠢᠨ ᠦᠷᠪᠢᠰᠦᠯ ᠪᠣᠯᠤᠨ᠎ᠠ᠂ ᠲᠡᠷᠡ ᠨᠢ ᠨᠢᠭᠡ ᠵᠦᠢᠯ ᠤᠨ ᠦᠶ᠎ᠡ ᠭᠡᠰᠢᠭᠦᠦ ᠮᠠᠭᠤᠳᠠᠬᠤ  ᠪᠤᠶᠤ‌ᠦᠶ᠎ᠡ ᠭᠡᠰᠢᠭᠦᠦ ᠶᠢ ᠬᠡᠲᠦᠷᠡᠲᠡᠯ᠎ᠡ ᠬᠡᠷᠡᠭᠯᠡᠬᠦ ᠠᠴᠠ ᠪᠤᠯᠤᠬᠰᠠᠨ ᠬᠠᠯᠳᠠᠪᠤᠷᠢᠯᠠᠯ ᠤᠨ ᠪᠤᠰᠤ ᠦᠷᠪᠢᠰᠦᠯ ᠤᠨ ᠴᠢᠨᠠᠷᠲᠠᠢ ᠡᠪᠡᠳᠴᠢᠨ‌‍ᠪᠣᠯᠤᠨ᠎ᠠ᠃            ᠳᠡᠯᠡᠬᠡᠢ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ ᠶᠢᠨ ᠲᠤᠭ᠎ᠠ  ᠪᠠᠷᠢᠮᠲᠠ ᠳᠤ  ᠬᠠᠷᠠᠭᠤᠯᠤᠭᠰᠠᠨ ᠢᠶᠠᠷ᠂ᠪᠦᠬᠦ ᠪᠥᠮᠪᠥᠷᠴᠡᠭ ᠤᠨ ᠶᠠᠰᠤᠨ ᠤ ᠦᠶ᠎ᠡ ᠭᠡᠰᠢᠬᠦᠦ ᠶᠢᠨ ᠦᠷᠪᠢᠰᠦᠯ ᠲᠠᠢ ᠡᠪᠡᠳᠴᠢᠲᠡᠨ ᠨᠢᠭᠡᠨᠲᠡ 5 ᠳ᠋ᠦᠩᠰᠢᠭᠤᠷ ᠢ ᠳᠠᠪᠠᠵᠤ᠂ᠮᠠᠨ ᠤ ᠤᠯᠤᠰ ᠤᠨ ᠶᠠᠰᠤᠨ ᠤ ᠦᠶ᠎ᠡ ᠭᠡᠰᠢᠬᠦᠦ ᠶᠢᠨ ᠦᠷᠪᠢᠰᠦᠯ ᠲᠠᠢ ᠡᠪᠡᠳᠴᠢᠲᠡᠨ 1 ᠳ᠋ᠦᠩᠰᠢᠭᠤᠷ ᠢ ᠳᠠᠪᠠᠵᠠᠢ᠃             ᠨᠡᠶᠢᠰᠯᠡᠯ ᠤᠨ ᠡᠮᠨᠡᠯᠭᠡ ᠶᠢᠨ ᠶᠡᠭᠡ ᠰᠤᠷᠭᠠᠭᠤᠯᠢ ᠶᠢᠨ ᠰᠢᠤᠸᠠᠨ ᠦ᠋ ᠡᠮᠨᠡᠯᠭᠡ ᠶᠢᠨ ᠬᠤᠷᠢᠶᠠᠨ ᠤ ᠶᠠᠰᠤᠨ ᠤ ᠰᠠᠯᠠᠭᠠᠨ ‍ᠤ‌ᠡᠷᠬᠢᠯᠡᠭᠴᠢ ᠡᠮᠴᠢ ᠹᠧᠩ ᠮᠢᠩ ᠯᠢ᠄  ᠡᠶᠢᠮᠦᠷᠬᠦ  ᠮᠡᠰᠡ  ᠵᠠᠰᠠᠯ ᠨᠢ  ᠭᠡᠮᠲᠦᠯ ᠢᠶᠠᠷ  ᠪᠠᠭ᠎ᠠ᠂  ᠴᠢᠰᠤ  ᠭᠠᠷᠬᠤ ᠎ ᠪᠠᠷ  ᠪᠠᠭ᠎ᠠ᠂ᠡᠳᠡᠭᠡᠷᠡᠬᠦ ᠨᠢ ᠲᠦᠷᠭᠡᠨ᠂ ᠡᠪᠡᠳᠴᠢᠲᠡᠨ ᠠᠮᠠᠷᠬᠠᠨ ᠭᠥᠯᠢᠶᠡᠨ ᠠᠪᠳᠠᠭ᠃  ᠤᠤᠯ ᠳᠤ ᠪᠠᠨ  ᠬᠢᠮᠡᠯ  ᠡᠪᠦᠳᠦᠭ ᠤᠨ  ᠦᠶ᠎ᠡ ᠵᠢᠨ‌ᠦᠨ᠎ᠡ ᠨᠢ 4 ᠲᠦᠮᠡ ᠭᠠᠷᠤᠶ  ᠲᠥᠭᠦᠷᠢᠭ ᠠᠴᠠ  5  ᠲᠦᠮᠡᠨ  ᠲᠥᠭᠦᠷᠢᠭ  ᠪᠠᠶᠢᠵᠠᠢ᠂  ᠤᠯᠤᠰ ᠠᠴᠠ  ᠨᠢᠭᠡᠳᠦᠯᠳᠡᠢ  ᠪᠡᠷ‌ᠬᠤᠳᠠᠯᠳᠤᠨ ᠠᠪᠬᠤ ᠪᠤᠯᠤᠬᠰᠠᠨ ᠤ ᠳᠠᠷᠠᠭ᠎ᠠ ᠡᠪᠡᠳᠴᠢᠲᠡᠨ ᠨᠢᠭᠡ ᠬᠢᠮᠡᠯ ᠡᠪᠦᠳᠦᠭ ᠤᠨ ᠦᠶ᠎ᠡ ᠰᠤᠯᠢᠬᠤ ᠳᠤ᠂ ᠥᠪᠡᠷᠲᠡᠭᠡᠨ 1ᠲᠦᠮᠡ ᠠᠴᠠ 2 ᠲᠦᠮᠡᠨ ᠲᠥᠭᠦᠷᠢᠭ ᠵᠠᠷᠤᠴᠠᠭᠤᠯᠪᠠᠯ ᠪᠣᠯᠴᠢᠬᠠᠨ᠎ᠠ ᠭᠡᠪᠡ᠃               ᠲᠤᠰᠬᠠᠶ ᠮᠡᠷᠭᠡᠵᠢᠯᠲᠡᠨ ᠰᠠᠨᠠᠭᠤᠯᠬᠤ ᠳᠠᠭᠠᠨ᠄ ᠣᠷᠳᠣ ᠬᠤᠭᠤᠴᠠᠭ᠎ᠠ ᠪᠠᠷ ᠬᠥᠯ ᠢᠶᠠᠨ ᠠᠴᠢᠵᠦ ᠰᠠᠭᠤᠬᠤ᠂  ᠤᠳᠠᠭᠠᠨ‌‍ᠰᠠᠭᠤᠬᠤ ᠨᠢ ᠪᠦᠷ ᠦᠶ᠎ᠡ ᠭᠡᠰᠢᠭᠦᠦ ᠶᠢ ᠭᠡᠮᠲᠦᠭᠡᠵᠦ ᠮᠡᠳᠡᠨ᠎ᠡ᠃ ᠡᠭᠦᠨ ᠠᠴᠠ  ᠭᠠᠳᠠᠨ᠎ᠠ᠂  ᠬᠡᠲᠦᠷᠬᠡᠢ  ᠬᠥᠳᠡᠯᠭᠡᠭᠡᠨ ᠬᠢᠬᠦ ᠨᠢ‌ᠡᠰᠡᠷᠭᠦ ᠦᠢᠯᠡᠳᠦᠯ ᠭᠠᠷᠭᠠᠵᠤ ᠮᠡᠳᠡᠨ᠎ᠡ᠂ ᠦᠶ᠎ᠡ ᠭᠡᠰᠢᠭᠦᠨ ᠤ ᠦᠷᠪᠢᠰᠦᠯ ᠲᠠᠢ ᠡᠪᠡᠳᠴᠢᠲᠡᠨ ᠠᠯᠬᠤᠬᠤ᠂ ᠤᠳᠠᠭᠠᠨ ᠭᠦᠶᠦᠬᠦ᠂ᠤᠮᠪᠠᠭ᠋ᠤ ᠵᠡᠷᠭᠡ ᠦᠶ᠎ᠡ  ᠭᠡᠰᠢᠭᠦᠨ ᠎ ᠳᠤ  ᠨᠡᠯᠢᠶᠡᠳ  ᠬᠥᠩᠭᠡᠨ  ᠰᠢᠭ  ᠬᠥᠳᠡᠯᠭᠡᠭᠡᠨ ᠢ  ᠰᠣᠩᠭᠤᠵᠤ᠂  ᠦᠶ᠎ᠡ  ᠭᠡᠰᠢᠭᠦᠨ ‍ᠤ‌‍ᠲ᠋ᠣᠭᠲᠠᠪᠤᠷᠢᠲᠤ ᠴᠢᠨᠠᠷ ᠢ ᠴᠢᠩᠭᠠᠯᠠᠵᠤ ᠪᠤᠯᠤᠨ᠎ᠠ ᠭᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2