ᠡᠶᠢᠮᠦ ᠢᠳᠡᠭᠡᠨ ᠢ ᠴᠡᠬᠡᠷᠯᠡ︕
ᠨᠡᠶᠢᠲᠡᠯᠡᠭᠰᠡᠨ ᠴᠠᠭ᠄
2023/10/11
     ᠠᠮᠲᠠ ᠣᠷᠣᠭᠤᠯᠣᠬᠰᠠᠨ ᠵᠢᠮᠢᠰ ᠤᠨ ᠦᠷ᠎ᠡ᠃ ᠠᠮᠲᠠ ᠣᠷᠣᠭᠤᠯᠤᠭᠰᠠᠨ ᠵᠢᠮᠢᠰ ᠤᠨ ᠦᠷ᠎ᠡ ᠨᠢ  ᠰᠢᠬᠢᠷ᠂  ᠳᠠᠪᠤᠰᠤ ᠪᠤᠶᠤ ᠪᠤᠰᠤᠳ ᠠᠮᠲᠠ ᠣᠷᠣᠭᠤᠯᠬᠤ ᠡᠳ᠋ ᠢ ᠨᠡᠮᠡᠵᠦ᠂ ᠴᠢᠨᠠᠷ ᠬᠤᠪᠢᠷᠠᠬᠤ ᠠᠴᠠ ᠰᠡᠷᠬᠡᠶᠢᠯᠡᠳᠡᠭ᠂ ᠡᠶᠢᠮᠦ ᠢᠳᠡᠭᠡᠨ ᠨᠢ ᠬᠥᠮᠥᠰ ᠢ ᠠᠮᠠᠷᠬᠠᠨ ᠮᠠᠷᠢᠶᠠᠯᠠᠭᠤᠯᠳᠠᠭ᠃                            ᠰᠦᠨ ᠤᠮᠳᠠᠭᠠᠨ᠃ ᠴᠠᠭᠠᠨ ᠰᠢᠬᠢᠷ᠂ ᠨᠢᠰᠢᠩᠭᠦ ᠶᠢᠨ ᠰᠢᠬᠢᠷ᠂ ᠵᠢᠮᠢᠰ ᠤᠨ ᠰᠢᠬᠢᠷ ᠵᠡᠷᠭᠡ ᠰᠢᠬᠢᠷ ᠤᠨ ᠪᠦᠷᠢᠯᠳᠦᠭᠦᠨ ᠢ‌ᠨᠡᠮᠡᠭᠰᠡᠨ ᠰᠦᠨ ᠤᠮᠳᠠᠭᠠᠨ ᠤ ᠢᠯᠴᠢ ᠶᠢᠨ ᠬᠡᠮᠵᠢᠶ᠎ᠡ ᠨᠢ ᠬᠡᠳᠦ ᠶᠡᠭᠡ ᠪᠠᠶᠢᠵᠦ᠂ ᠣᠣᠭᠤᠪᠠᠯ ᠠᠮᠠᠷᠬᠠᠨ ᠮᠠᠷᠢᠶᠠᠯᠠᠳᠠᠭ᠃                           ᠨᠣᠭᠤᠭ᠎ᠠ ᠵᠢᠮᠢᠰ  ᠪᠤᠶᠤ  ᠤᠯᠠᠭᠠᠨ  ᠲᠥᠮᠥᠰᠥ ᠶᠢᠨ  ᠬᠠᠳᠠᠭᠠᠮᠠᠯ᠃  ᠡᠶᠢᠮᠦᠷᠬᠦ  ᠵᠤᠶᠢᠯ ᠢ  ᠬᠢᠬᠦ ᠳᠤ  ᠲᠣᠰᠣᠨ ᠳᠤ ᠪᠤᠴᠠᠯᠭᠠᠵᠤ᠂ ᠰᠢᠬᠢᠷ ᠳᠠᠪᠤᠰᠦ ᠬᠢᠵᠦ ᠪᠠᠶᠢᠳᠠᠭ ᠠᠴᠠ ᠮᠦᠨ ᠠᠮᠠᠷᠬᠠᠨ ᠮᠠᠷᠢᠶᠠᠯᠠᠭᠤᠯᠳᠠᠭ᠃                            ᠮᠢᠬᠠᠨ ᠤ ᠳᠠᠷᠤᠰᠢ᠂ ᠥᠨᠳᠡᠭᠡᠨ ᠤ ᠲᠥᠷᠥᠯ ᠤᠨ ᠢᠳᠡᠭᠡᠨ᠃  ᠡᠶᠢᠮᠦᠷᠬᠦ  ᠰᠤᠯᠠ  ᠢᠳᠡᠭᠡᠨ ᠤ  ᠣᠯᠠᠩᠬᠢ ᠎ ᠶᠢ  ᠎ ᠨᠢ ᠤᠲᠤᠵᠤ ᠬᠢᠭᠰᠡᠨ ᠪᠤᠶᠤ ᠠᠮᠳᠠ ᠣᠷᠣᠭᠤᠯᠣᠬᠴᠢ ᠲᠠᠢ ᠵᠢᠩᠨᠡᠵᠦ ᠭᠠᠷᠭᠠᠭᠰᠠᠨ ᠶᠤᠮ᠂ ᠶᠡᠭᠡ ᠬᠡᠮᠵᠢᠶᠡᠨ ᠤ  ᠲᠣᠰᠣ᠂  ᠳᠠᠪᠤᠰᠤ᠂ᠰᠢᠬᠢᠷ ᠵᠡᠷᠭᠡ ᠡᠳ᠋ ᠠᠭᠤᠯᠵᠤ ᠪᠠᠶᠢᠳᠠᠭ᠂ ᠦᠢᠯᠡᠳᠬᠦ ᠶᠠᠪᠤᠴᠠ ᠳᠤ ᠢᠳᠡᠭᠡᠨ ᠨᠢ ᠰᠢᠮ᠎ᠡ ᠲᠡᠵᠢᠭᠡᠯ ᠢᠶᠠᠨ ᠠᠯᠳᠠᠵᠤ᠂ ᠪᠠᠰᠠ ᠪᠠᠭ᠎ᠠ ᠬᠡᠮᠵᠢᠶᠡᠨ ᠤ ᠠᠽᠣᠲ ᠬᠦᠴᠢᠯ ᠤᠨ ᠨᠠᠲᠷᠢ ᠶᠢ ᠨᠡᠮᠡᠵᠦ  ᠢᠯᠵᠢᠷᠡᠬᠦ ᠶᠢ  ᠰᠡᠷᠭᠡᠶᠢᠯᠡᠬᠦ  ᠪᠠ  ᠥᠩᠭᠡ  ᠣᠷᠣᠭᠤᠯᠳᠠᠭ᠂  ᠤᠷᠲᠤ‌ᠬᠤᠭᠤᠴᠠᠭ᠎ᠠ ᠪᠠᠷ ᠬᠡᠷᠡᠭᠯᠡᠪᠡᠯ ᠬᠥᠮᠥᠨ ᠤ ᠪᠡᠶ᠎ᠡ ᠳᠤ ᠬᠤᠣᠷᠲᠠᠢ ᠶᠤᠮ᠃                             ᠵᠢᠮᠢᠰ ᠤᠨ ᠰᠢᠭᠦᠰᠦ᠃ ᠵᠢᠮᠢᠰ ᠤᠨ  ᠰᠢᠬᠠᠬᠰᠠᠨ  ᠰᠢᠭᠦᠰᠦ ᠎ ᠨᠢ  ᠤᠷᠭᠤᠮᠠᠯ ᠤᠨ  ᠡᠰ ᠤᠨ  ᠬᠠᠨ᠎ᠠ ᠶᠢ  ᠡᠪᠳᠡᠵᠦ᠂ᠵᠢᠮᠢᠰ ᠤᠨ  ᠰᠢᠭᠦᠰᠦᠨ ᠳᠠᠬᠢ  ᠴᠢᠯᠦᠭᠡᠲᠦ  ᠰᠢᠬᠢᠷ ᠢ  ᠨᠡᠮᠡᠭᠳᠡᠭᠦᠯᠦᠨ᠂  ᠴᠢᠰᠤᠨ  ᠰᠢᠬᠢᠷ ᠤᠨ  ᠤᠷᠪᠠᠯ ᠢ ᠨᠡᠮᠡᠭᠳᠡᠭᠦᠯᠳᠡᠭ᠂ ᠡᠶᠢᠮᠦ ᠠᠴᠠ ᠵᠦᠭᠡᠷ ᠯᠠ ᠵᠢᠮᠢᠰ ᠢᠳᠡᠬᠦ ᠨᠢ ᠵᠢᠮᠢᠰ ᠤᠨ ᠰᠢᠭᠦᠰᠦ ᠤᠤᠭᠤᠬᠤ ᠠᠴᠠ ᠬᠤᠯᠠ ᠳᠡᠭᠡᠷ᠎ᠡ ᠪᠠᠶᠢᠳᠠᠭ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2