ᠬᠠᠷᠰᠢᠯ ᠠᠴᠠ ᠶᠠᠭᠠᠬᠢᠵᠤ ᠰᠡᠷᠭᠡᠶᠢᠯᠡᠬᠦ ᠪᠣᠢ︖
ᠨᠡᠶᠢᠲᠡᠯᠡᠭᠰᠡᠨ ᠴᠠᠭ᠄
2023/9/20
     ᠨᠠᠮᠤᠷ ᠤᠨ ᠠᠭᠤᠷ ᠣᠷᠣᠭᠰᠠᠨ ᠤ ᠳᠠᠷᠠᠭ᠎ᠠ᠂ ᠴᠥᠭᠡᠨ ᠪᠤᠰᠤ ᠬᠥᠮᠥᠰ ᠤᠨ ᠬᠠᠮᠠᠷ  ᠪᠥᠭᠯᠡᠷᠡᠬᠦ᠂  ᠨᠠᠶᠢᠲᠠᠭᠠᠬᠤ  ᠵᠡᠷᠭᠡ‌ᠬᠠᠷᠰᠢᠬᠤ ᠢᠯᠡᠷᠡᠯ ᠭᠠᠷᠳᠠᠭ᠃ ᠡᠭᠦᠨ ᠤ ᠲᠤᠬᠠᠢ ᠲᠤᠰᠬᠠᠢ ᠮᠡᠷᠭᠡᠵᠢᠯᠲᠡᠨ ᠤ ᠰᠠᠨᠠᠭᠤᠯᠬᠤ ᠳᠠᠭᠠᠨ᠂ ᠣᠳᠣ ᠮᠠᠨ ᠤ  ᠤᠯᠤᠰ ‍ᠤᠨ‌ᠣᠯᠠᠨ ᠭᠠᠵᠠᠷ ᠤᠨ ᠬᠢᠨ ᠨᠢᠭᠡᠨᠲᠡ ᠨᠠᠮᠤᠷ ᠤᠨ  ᠤᠯᠠᠷᠢᠯ ᠤᠨ  ︽ᠬᠠᠷᠰᠢᠯ  ᠶᠡᠬᠡᠲᠡᠢ  ᠬᠤᠭᠤᠴᠠᠭ᠎ᠠ︾᠎ ᠳᠤ  ᠣᠷᠣᠭᠰᠠᠨ  ᠶᠤᠮ ᠬᠡᠵᠠᠢ᠃                     ᠲᠤᠰᠬᠠᠢ ᠰᠠᠯᠠᠭᠠᠨ ᠤ ᠡᠮᠴᠢ ᠸᠠᠩ ᠰᠢᠤᠸᠠᠢ ᠶᠠᠨ ᠬᠡᠯᠡᠬᠦ ᠳᠡᠭᠡᠨ᠂ ᠡᠩ ᠲᠡᠷᠢᠭᠦᠨ ᠳᠤ ᠪᠡᠶ᠎ᠡ ᠶᠢᠨ  ᠬᠠᠮᠠᠭᠠᠯᠠᠯᠲᠠ  ᠪᠠᠨ‌‍ᠰᠠᠶᠢᠲᠤᠷ ᠬᠢᠬᠦ ᠬᠡᠷᠡᠭᠲᠡᠢ᠂ ᠠᠮᠠᠪᠴᠢ ᠵᠡᠭᠦᠬᠦ᠂ ᠬᠠᠮᠠᠭᠠᠯᠠᠯᠲᠠ ᠶᠢᠨ ᠨᠢᠳᠦᠨ ᠰᠢᠯ ᠵᠡᠭᠦᠬᠦ ᠪᠣᠯ ᠮᠠᠰᠢ ᠴᠢᠬᠤᠯᠠ ᠶᠤᠮ᠂ ᠢᠯᠠᠩᠭᠤᠶ᠎ᠠ‌‍ᠴᠡᠴᠡᠭ ᠤᠨ ᠲᠣᠭᠤᠰᠣᠨ ᠤ ᠣᠷᠭᠢᠯ ᠦᠶ᠎ᠡ ᠳᠤ ᠭᠠᠳᠠᠭᠰᠢ ᠪᠠᠨ ᠴᠦᠬᠡᠨ ᠭᠠᠷᠴᠦ᠂ ᠭᠡᠷ ᠲᠡᠭᠡᠨ ᠪᠠᠶᠢᠬᠤ ᠳᠠᠭᠠᠨ ᠵᠠᠪᠠᠯ  ᠡᠭᠦᠳᠡ‌‍ᠴᠣᠩᠬᠤ ᠪᠠᠨ ᠰᠠᠶᠢᠲᠤᠷ ᠬᠠᠭᠠᠵᠤ᠂ ᠡᠪᠡᠳᠴᠢᠨ ᠬᠥᠳᠡᠯᠬᠦ ᠦᠶ᠎ᠡ ᠳᠤ ᠵᠠᠪᠠᠯ ᠡᠮᠨᠡᠯᠭᠡ ᠳᠤ ᠣᠴᠢᠵᠤ ᠡᠮᠨᠡᠭᠦᠯᠬᠦ ᠬᠡᠷᠡᠭᠲᠡᠢ ᠬᠡᠵᠠᠢ᠃                                     ᠨᠠᠮᠤᠷ ᠤᠨ ᠤᠯᠠᠷᠢᠯ ᠨᠢ ᠮᠦᠨ ᠴᠦ ᠬᠡᠦᠬᠡᠳ ᠤᠨ ᠬᠠᠷᠰᠢᠮᠠᠲᠠᠭᠠᠢ ᠴᠢᠨᠠᠷᠲᠠᠢ ᠡᠪᠡᠳᠴᠢᠨ ᠣᠯᠠᠨ ᠡᠭᠦᠰᠳᠡᠭ  ᠤᠯᠠᠷᠢᠯ ᠪᠣᠯᠣᠨ᠎ᠠ᠃ ᠬᠠᠷᠰᠢᠯ ᠤᠨ ᠡᠬᠢ ᠨᠢ ᠴᠡᠴᠡᠭ ᠤᠨ ᠲᠣᠭᠤᠰᠣ᠂ ᠳᠡᠵᠢᠬᠡᠪᠦᠷᠢ ᠠᠮᠢᠲᠠᠨ ᠤ ᠠᠷᠠᠰᠤᠨ ᠤ ᠬᠠᠭ᠂ ᠸᠢᠷᠦ᠋ᠰ᠂ ᠳᠣᠭᠤᠰᠦ‌ᠵᠡᠷᠭᠡ ᠪᠠᠶᠢᠵᠤ ᠮᠡᠳᠡᠬᠦ ᠶᠤᠮ᠃ ᠡᠭᠦᠨ ᠠᠴᠠ ᠭᠠᠳᠠᠨ᠎ᠠ᠂ ᠬᠠᠷᠰᠢᠳᠠᠭ ᠤᠳᠣᠮ ᠲᠠᠢ ᠬᠡᠦᠬᠡᠳ ᠴᠦ ᠡᠨᠡ  ᠦᠶ᠎ᠡ ᠳᠤ  ᠡᠪᠡᠳᠴᠢᠨ‌ᠨᠢ ᠳᠠᠬᠢᠵᠦ ᠮᠡᠳᠡᠳᠡᠭ ᠶᠤᠮ᠃                    ᠬᠠᠷᠢᠨ ᠴᠥᠭᠡᠨ ᠪᠤᠰᠤ ᠳᠣᠮᠣᠴᠤᠳ ᠤᠨ ᠦᠵᠡᠬᠦ ᠪᠠᠷ᠂ ᠤᠯᠠᠷᠢᠯ ᠤᠨ  ᠴᠢᠨᠠᠷᠲᠠᠢ  ᠬᠠᠷᠰᠢᠮᠠᠲᠠᠭᠠᠢ  ᠡᠪᠡᠳᠴᠢᠨ  ᠎ ᠨᠢ ᠬᠡᠰᠡᠭ ᠬᠤᠭᠤᠴᠠᠭ᠎ᠠ ᠬᠥᠳᠡᠯᠦᠭᠡᠳ ᠵᠢᠭᠠᠬᠠᠨ ᠲᠡᠰᠪᠦᠷᠢᠯᠡᠪᠡᠯ ᠥᠩᠭᠡᠷᠡᠴᠢᠬᠡᠨ᠎ᠡ  ᠬᠡᠴᠡᠬᠡᠵᠦ  ᠪᠤᠢ᠂  ᠦᠨᠡᠨ ᠳᠡᠭᠡᠨ  ᠡᠨᠡ ᠎ ᠨᠢ ᠪᠤᠷᠤᠭᠤ ᠶᠤᠮ᠃ ᠪᠢᠳᠡᠨ ᠤ ᠦᠷᠭᠦᠯᠵᠢ ᠲᠣᠬᠢᠶᠠᠯᠳᠤᠳᠠᠭ ᠬᠠᠷᠰᠢᠮᠠᠲᠠᠭᠠᠢ ᠴᠢᠨᠠᠷᠲᠠᠢ ᠬᠠᠮᠠᠷ ᠤᠨ ᠦᠷᠪᠢᠰᠦᠯ ᠢᠶᠠᠷ ᠵᠢᠱᠢᠶᠡᠯᠡᠪᠡᠯ᠂ ᠰᠠᠮᠠᠯᠳᠠᠭ ᠤᠨ ᠦᠷᠪᠢᠰᠦᠯ᠂ ᠦᠨᠦᠷ ᠤᠨ ᠰᠡᠷᠡᠯ ᠮᠠᠭᠤᠳᠠᠬᠤ᠂  ᠳᠤᠮᠳᠠ  ᠴᠢᠬᠢᠨ ᠤ  ᠦᠷᠪᠢᠰᠦᠯ᠂  ᠴᠢᠨᠠᠭᠰᠢᠯᠠᠪᠠᠯ  ᠬᠢᠷᠬᠢᠷ᠎ᠡ‌‍ᠪᠣᠯᠵᠤ ᠮᠡᠳᠡᠨ᠎ᠡ᠃                     ᠣᠶᠢᠷ᠎ᠠ ᠳᠤ ᠮᠠᠨ ᠤ ᠤᠯᠤᠰ ᠤᠨ ᠣᠯᠠᠨ ᠭᠠᠵᠠᠷ ᠲᠤ ᠰᠢᠷᠦᠭᠦᠨ ᠪᠣᠷᠣᠭᠠᠨ ᠣᠷᠣᠵᠦ᠂ ᠴᠢᠬᠢᠭ ᠶᠡᠬᠡᠳᠡᠢ᠂ ᠠᠭᠠᠬᠢᠮ᠎ᠠ‌ᠠᠭᠤᠷ ᠠᠮᠢᠰᠬᠤᠯ ᠣᠯᠠᠨ ᠪᠣᠯᠬᠤᠷ ᠸᠢᠷᠦ᠋ᠰ ᠤᠨ ᠦᠷᠡᠵᠢᠬᠦ ᠳᠤ  ᠳᠠᠭᠠᠳᠠᠢ  ᠨᠥᠬᠦᠴᠡᠯ  ᠣᠯᠭᠤᠭᠰᠠᠨ  ᠪᠠᠶᠢᠨ᠎ᠠ᠃       ᠲᠤᠰᠬᠠᠢ ᠮᠡᠷᠭᠡᠵᠢᠯᠲᠡᠨ ᠤ ᠲᠠᠨᠢᠯᠴᠠᠭᠤᠯᠤᠭᠰᠠᠨ ᠢᠶᠠᠷ᠂ ᠸᠢᠷᠦ᠋ᠰ ᠨᠢ ᠰᠡᠷᠢᠭᠦᠨ ᠴᠢᠭᠢᠭᠯᠢᠭ ᠣᠷᠴᠢᠨ ᠳᠤ  ᠦᠷᠡᠵᠢᠬᠦ  ᠳᠤᠷᠠᠲᠠᠢ  ᠪᠠᠶᠢᠵᠦ᠂ᠣᠨᠴᠠᠭᠠᠶᠢᠯᠠᠨ ᠤᠬᠢᠶᠠᠯᠭ᠎ᠠ ᠶᠢᠨ ᠭᠡᠷ᠂ ᠭᠠᠵᠠᠷ ᠳᠣᠣᠷᠠᠬᠢ ᠭᠡᠷ᠂ ᠬᠥᠮᠥᠷᠭᠡ ᠵᠡᠷᠭᠡ ᠰᠠᠯᠬᠢ ᠵᠢᠪᠡᠷ  ᠮᠠᠭᠤ  ᠨᠡᠪᠲᠡᠷᠡᠬᠦ  ᠣᠷᠴᠢᠨ‌‍ᠲ᠋ᠣᠭᠤᠷᠢᠨ ᠳᠤ ᠦᠷᠡᠵᠢᠳᠡᠭ ᠶᠤᠮ ᠪᠠᠶᠢᠨ᠎ᠠ᠃  ᠵᠣᠨ  ᠨᠠᠮᠤᠷ ᠤᠨ  ᠤᠯᠠᠷᠢᠯ  ᠪᠣᠯ  ᠸᠢᠷᠦ᠋ᠰ ᠤᠨ  ᠬᠠᠷᠰᠢᠯ  ᠣᠯᠠᠨ  ᠡᠭᠦᠰᠬᠦ ᠬᠤᠭᠤᠴᠠᠭ᠎ᠠ ᠶᠤᠮ᠂ ᠢᠯᠠᠩᠭᠤᠶ᠎ᠠ ᠪᠦᠷᠬᠦᠭ ᠪᠣᠷᠣᠭᠠᠨ ᠲᠠᠢ ᠡᠳᠦᠷ ᠤᠨ ᠳᠠᠷᠠᠭ᠎ᠠ᠂ ᠠᠭᠠᠷ ᠤᠨ ᠴᠢᠬᠢᠭ ᠶᠡᠭᠡ  ᠪᠣᠯᠵᠤ᠂  ᠸᠢᠷᠦ᠋ᠰ‌‍ᠶᠡᠭᠡ ᠬᠡᠮᠵᠢᠶ᠎ᠡ ᠪᠠᠷ ᠦᠷᠡᠵᠢᠳᠡᠭ᠂ ᠡᠶᠢᠮᠦ ᠠᠴᠠ ᠡᠨᠡ ᠦᠶ᠎ᠡ ᠳᠤ ᠬᠠᠷᠰᠢᠮᠠᠲᠠᠭᠠᠢ ᠴᠢᠨᠠᠷᠲᠠᠢ ᠡᠪᠡᠳᠴᠢᠨ ᠢ  ᠡᠭᠦᠰᠬᠡᠵᠦ  ᠮᠡᠳᠡᠨ᠎ᠡ ᠭᠡᠵᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2