ᠠᠵᠠ ᠬᠡᠶᠢᠮᠣᠷᠢ ᠡᠳᠡᠭᠡᠷ ᠠᠴᠠ ᠢᠷᠡᠯᠲᠡ ᠲᠠᠢ
ᠨᠡᠶᠢᠲᠡᠯᠡᠭᠰᠡᠨ ᠴᠠᠭ᠄
2023/11/6
    1. ᠭᠠᠭᠴᠠᠭᠠᠷ ᠢᠶᠠᠨ ᠪᠠᠶᠢᠵᠦ ᠰᠣᠷᠬᠤ᠃ ᠭᠠᠭᠴᠠᠭᠠᠷ ᠪᠠᠶᠢᠬᠤ ᠪᠣᠯ ᠨᠢᠭᠡ ᠵᠦᠢᠯ ᠤᠨ  ᠴᠢᠳᠠᠪᠤᠷᠢ  ᠮᠥᠨ᠃  ᠨᠢᠭᠡ‌‍ᠬᠥ᠋ᠮᠥᠨ ᠤ ᠶᠢᠷᠲᠢᠨᠴᠦ ᠳᠤ᠂ ᠥᠪᠡᠷ ᠢ ᠪᠠᠨ ᠰᠠᠶᠢᠲᠤᠷ ᠳᠣᠬᠢᠷᠠᠭᠤᠯᠵᠦ᠂ ᠳᠣᠲᠣᠭᠠᠳᠤ ᠰᠡᠳᠬᠢᠯ ᠢᠶᠠᠨ ᠮᠡᠳᠡᠷᠡᠨ᠂ ᠡᠷᠬᠡ ᠴᠢᠯᠦᠭᠡ ᠲᠠᠢ ᠪᠠᠷ ᠥᠪᠡᠷ ᠤᠨ ᠰᠠᠨᠠᠬᠰᠠᠨ ᠵᠦᠢᠯ ᠢᠶᠠᠨ ᠢᠯᠡᠷᠡᠭᠦᠯᠵᠦ᠂ ᠰᠡᠳᠬᠢᠯ ᠤᠨ ᠳᠣᠲᠣᠭᠠᠳᠤ ᠬᠦᠴᠦᠨ ᠴᠢᠳᠠᠯ ᠢᠶᠠᠨ ᠠᠭᠤᠳᠠᠯᠯᠠᠵᠦ ᠠᠮᠢᠳᠣᠷᠠᠬᠤ ᠳᠤ ᠭᠠᠭᠴᠠᠭᠠᠷ ᠪᠠᠶᠢᠬᠤ ᠦᠶ᠎ᠡ ᠳᠣᠰᠠᠯᠠᠳᠠᠭ᠃                             2. ᠦᠬᠡᠳᠡᠷᠬᠡᠭ ᠪᠠᠶᠢᠵᠦ ᠰᠣᠷᠬᠤ᠃ ᠠᠮᠢᠳᠤᠷᠠᠯ ᠪᠣᠯ ᠦᠪᠡᠷ ᠢ ᠪᠠᠨ ᠳᠣᠯᠢᠳᠠᠬᠤ ᠲᠣᠯᠢ ᠮᠥᠨ᠃ ᠴᠢᠮᠠᠶᠢ ᠪᠠᠶᠠᠷᠳᠠᠢ‌ᠦᠶ᠎ᠡ ᠳᠤ ᠲᠡᠷᠡ ᠥᠭᠡᠳᠡ ᠠᠴᠠ ᠴᠢᠨᠢ ᠮᠦᠰᠢᠶᠡᠵᠦ ᠪᠠᠶᠢᠳᠠᠭ᠃ ᠭᠤᠨᠢᠬᠯᠠᠪᠠᠯ ᠮᠦᠨ ᠳᠠᠭᠠᠭᠠᠳ ᠭᠤᠨᠢᠬᠳᠠᠢ  ᠬᠠᠷᠠᠭᠳᠠᠳᠠᠭ᠃ ᠡᠶᠢᠮᠦ ᠠᠴᠠ ᠦᠩᠭᠡᠷᠡᠭᠰᠡᠨ ᠢ ᠮᠠᠷᠳᠠᠵᠦ᠂ ᠣᠷᠣᠬᠰᠢ ᠪᠠᠨ ᠬᠠᠷᠠᠵᠦ᠂ ᠦᠭᠡᠳᠡᠷᠭᠡᠭ ᠠᠮᠢᠳᠣᠷᠠᠬᠤ ᠶᠤᠰᠤᠳᠠᠢ᠃                            3. ᠦᠪᠡᠷ ᠤᠨ ᠬᠢ ᠪᠠᠷ ᠢᠶᠠᠨ ᠰᠡᠳᠬᠢᠵᠦ ᠰᠣᠷᠬᠤ᠃ ᠨᠠᠷᠢᠨ ᠪᠤᠳᠤᠯᠢᠶᠠᠨᠲᠠᠢ ᠭᠡᠷᠡᠭ ᠶᠠᠪᠤᠳᠠᠯ ᠤᠨ ᠡᠮᠦᠨ᠎ᠡ᠂  ᠬᠡᠷᠪᠡ‌‍ᠪᠡᠶ᠎ᠡ ᠪᠠᠨ ᠳᠠᠭᠠᠭᠠᠵᠤ ᠦᠪᠡᠷ ᠤᠨ ᠬᠢ ᠪᠠᠷ ᠢᠶᠠᠨ ᠰᠡᠳᠬᠢᠬᠦ ᠴᠢᠳᠠᠪᠤᠷᠢ ᠦᠭᠡᠢ ᠪᠣᠯ ᠣᠶᠤᠨᠴᠢ ᠮᠠᠭᠠᠳᠯᠠᠯᠲᠠ ᠪᠠᠨ ᠠᠯᠳᠠᠬᠤ ᠳ᠋ᠤ᠋‌‍ᠬᠦ᠋ᠷᠦᠨ᠎ᠡ᠃ ᠰᠢᠢᠳᠪᠦᠷᠢ ᠭᠠᠷᠭᠠᠬᠤ ᠠᠴᠠ ᠪᠠᠨ ᠡᠮᠦᠨ᠎ᠡ᠂ ᠥᠪᠡᠷ ᠤᠨ ᠪᠡᠶ᠎ᠡ ᠳᠡᠭᠡᠨ  ᠢᠯᠡᠭᠦᠬᠡᠨ  ᠰᠡᠳᠬᠢᠬᠦ  ᠴᠠᠭ  ᠥᠭᠴᠦ᠂ᠦᠷᠭᠦᠯᠵᠢ ᠰᠡᠳᠬᠢᠪᠡᠯ ᠰᠠᠶ᠋ᠢ ᠠᠯᠬᠤᠮ ᠳᠠᠪᠰᠢᠵᠤ ᠲᠠᠶᠢᠯᠤᠨ᠎ᠠ᠃ ᠪᠤᠰᠤᠳ ᠢ ᠰᠣᠬᠤᠷ ᠪᠠᠯᠠᠢ ᠪᠠᠷ ᠳᠠᠭᠠᠬᠤ ᠭᠡᠷᠡᠭ ᠦᠬᠡᠢ᠃                          4. ᠰᠤᠷᠤᠯᠴᠠᠬᠤ ᠶᠢ  ᠪᠠᠷᠢᠮᠳᠠᠯᠠᠬᠤ᠃  ᠡᠳᠦᠷ  ᠪᠦᠷᠢ  ᠵᠣᠬᠢᠬᠤ  ᠴᠠᠭ  ᠭᠠᠷᠭᠠᠨ  ᠰᠤᠷᠤᠯᠴᠠᠵᠤ᠂  ᠮᠡᠳᠡᠯᠬᠡ ᠪᠠᠨ ᠥᠷᠭᠡᠳᠬᠡᠨ᠂ ᠪᠤᠯᠪᠠᠰᠣᠷᠠᠯ ᠢᠶᠠᠨ ᠳᠡᠭᠡᠭᠰᠢᠯᠡᠭᠦᠯᠪᠡᠯ  ᠰᠠᠶ᠋ᠢ  ᠠᠮᠢᠳᠤᠷᠠᠯ ᠎ ᠢ  ᠠᠷᠭᠠᠴᠠᠭᠠᠬᠤ  ᠢᠳᠡᠬᠡᠯ  ᠬᠦᠴᠦᠨ ᠲᠠᠢ  ᠪᠣᠯᠵᠤ ᠴᠢᠳᠠᠨ᠎ᠠ᠃ ᠤᠳᠬ᠎ᠠ ᠠᠭᠤᠯᠭ᠎ᠠ ᠲᠠᠢ ᠶᠠᠪᠤᠳᠠᠯ ᠳᠡᠭᠡᠷ᠎ᠡ ᠢᠯᠡᠬᠦᠦ  ᠴᠠᠭ  ᠬᠤᠭᠤᠴᠠᠭ᠎ᠠ  ᠵᠠᠷᠤᠴᠠᠭᠤᠯᠵᠤ᠂  ᠰᠢᠨᠲᠠᠷᠠᠰᠢ  ᠦᠭᠡᠢ ᠪᠠᠷᠢᠮᠲᠠᠯᠠᠨ᠂ ᠰᠠᠶᠢᠨ ᠢ ᠬᠥᠭᠡᠭᠡᠴᠡᠯᠳᠦᠪᠡᠯ ᠰᠠᠶ᠋ᠢ ᠥᠪᠡᠷ ᠤᠨ ᠬᠦᠰᠡᠵᠦ ᠰᠠᠨᠠᠭᠰᠠᠨ ᠠᠮᠢᠳᠤᠷᠠᠯ ᠢ ᠡᠳ᠋ᠯᠡᠵᠦ ᠴᠢᠳᠠᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2