ᠨᠢᠭᠡ᠂ ᠭᠠᠳᠠᠭᠠᠲᠤ ᠳᠤ ᠰᠤᠷᠤᠯᠴᠠᠬᠤ ᠵᠠᠷᠤᠳᠠᠯ ᠤᠨ ᠢᠷᠡᠯᠳᠡ ᠬᠢᠭᠡᠳ ᠪᠠᠳᠤᠯᠠᠭ᠎ᠠ ᠶᠢᠨ ᠠᠰᠠᠭᠤᠳᠠᠯ᠃ | ᠠᠦ᠋ᠰᠳ᠋ᠷᠠᠯᠢᠶ᠎ᠠ ᠲᠢᠪ ᠰᠤᠷᠤᠯᠴᠠᠬᠤ ᠸᠢᠰᠠ ᠤᠯᠤᠶ᠎ᠠ ᠬᠡᠪᠡᠯ᠂ ᠲᠠᠨ ᠳᠤ ᠲᠤᠭᠲᠠᠪᠤᠷᠢ ᠨᠠᠶᠢᠳᠠᠪᠤᠷᠢ ᠲᠠᠢ ᠮᠦᠷᠲᠡᠭᠡᠨ | ᠬᠦᠢᠴᠡᠳ ᠬᠠᠨᠭ᠍ᠭᠠᠮᠵᠢᠲᠠᠢ ᠠᠵᠤ ᠠᠬᠤᠢ ᠶᠢᠨ ᠲᠤᠰᠠᠯᠠᠮᠵᠢ ᠶᠢᠨ ᠢᠷᠡᠯᠳᠡ ᠲᠠᠢ ᠪᠠᠶᠢᠪᠠᠯ᠂ ᠠᠦ᠋ᠰᠳ᠋ᠷᠠᠯᠢᠶ᠎ᠠ ᠲᠢᠪ ᠲᠤ | ᠰᠤᠷᠤᠯᠴᠠᠬᠤ ᠬᠤᠭᠤᠴᠠᠭᠠᠨ ᠳᠠᠭᠠᠨ᠂ ᠬᠦᠴᠦ ᠶᠠᠪᠤᠬᠤ ᠦᠭᠡᠢ ᠪᠠᠷ ᠡᠩ ᠤᠨ ᠪᠠᠷᠢᠮᠵᠢᠶᠠᠨ ᠤ ᠠᠮᠢᠳᠤᠷᠠᠯ ᠢ | ᠪᠠᠲᠤᠯᠠᠵᠤ ᠴᠢᠳᠠᠬᠤ ᠪᠠ ᠠᠯᠢᠪᠠ ᠰᠤᠷᠤᠯᠭ᠎ᠠ ᠶᠢᠨ ᠵᠠᠷᠤᠳᠠᠯ ᠢᠶᠠᠨ ᠲᠤᠰᠢᠶᠠᠵᠤ ᠴᠢᠳᠠᠬᠤ ᠶᠢ ᠪᠠᠲᠤᠯᠠᠨ᠎ᠠ᠃ ᠲᠠ | ᠬᠡᠷᠪᠡ ᠲᠤᠰ ᠵᠦᠢᠯ ᠢ ᠪᠠᠲᠤᠯᠠᠵᠤ ᠳᠡᠶᠢᠯᠬᠦ ᠦᠭᠡᠢ ᠪᠤᠯ᠂ ᠭᠠᠳᠠᠭᠠᠲᠤ ᠳᠤ ᠰᠤᠷᠤᠯᠴᠠᠬᠤ ᠸᠢᠰᠠ ᠶᠢ | ᠦᠨᠳᠦᠰᠦᠨ ᠳᠡᠭᠡᠨ ᠭᠤᠶᠤᠴᠢᠯᠠᠨ ᠤᠯᠵᠤ ᠳᠡᠶᠢᠯᠬᠦ ᠦᠭᠡᠢ᠃ | ᠬᠤᠶᠠᠷ᠂ ᠲᠠᠨ ᠤ ᠲᠤᠭᠲᠠᠪᠤᠷᠢ ᠨᠠᠶᠢᠳᠠᠪᠤᠷᠢ ᠲᠠᠢ ᠮᠦᠷᠲᠡᠭᠡᠨ ᠬᠦᠢᠴᠡᠳ ᠬᠠᠨᠭ᠍ᠭᠠᠮᠵᠢᠲᠠᠢ ᠠᠵᠤ ᠠᠬᠤᠢ ᠶᠢᠨ | ᠲᠤᠰᠠᠯᠠᠮᠵᠢ ᠶᠢᠨ ᠢᠷᠡᠯᠳᠡ ᠶᠢ ᠬᠡᠷᠡᠴᠢᠯᠡᠬᠦ ᠠᠷᠭ᠎ᠠ ᠤᠯᠠᠨ ᠵᠦᠢᠯ ᠪᠤᠢ᠃ ᠶᠡᠭᠡ ᠲᠦᠯᠦᠪ ᠳᠤᠤᠷᠠᠬᠢ ᠬᠡᠳᠤᠨ ᠵᠦᠢᠯ | ᠪᠠᠶᠢᠨ᠎ᠠ᠄ | ︵1︶ ᠭᠦᠢᠴᠡᠳ ᠬᠠᠩᠭᠠᠮᠵᠢᠲᠠᠢ ᠪᠠᠩᠬᠢ ᠶᠢᠨ ᠬᠠᠳᠠᠭᠠᠯᠠᠮᠵᠢ ᠶᠢᠨ ᠬᠡᠷᠡᠴᠢ ᠶᠢ ᠬᠠᠨᠭ᠍ᠭᠠᠨ᠎ᠠ᠃ ᠪᠤᠳᠠᠲᠠᠢ | ᠲᠤᠭ᠎ᠠ ᠨᠢ᠄ ᠲᠠᠨ ᠤ ᠰᠤᠷᠤᠯᠭ᠎ᠠ ᠶᠢᠨ ᠵᠠᠷᠤᠳᠠᠯ + ᠲᠠᠨ ᠤ ᠠᠮᠢᠳᠤᠷᠠᠯ ᠤᠨ ᠵᠠᠷᠤᠳᠠᠯ — ᠵᠢᠯ ᠪᠦᠷᠢ ᠨᠢᠭᠡ | ᠲᠦᠮᠡ ᠨᠠᠢᠮᠠᠨ ᠮᠢᠩᠭᠠᠨ ᠠᠦ᠋ᠰᠳ᠋ᠷᠠᠯᠢᠶ᠎ᠠ ᠵᠤᠭᠤᠰ * ᠲᠠᠨ ᠤ ᠭᠠᠳᠠᠭᠠᠲᠤ ᠳᠤ ᠰᠤᠷᠤᠯᠴᠠᠬᠤ ᠴᠠᠭ ᠬᠤᠭᠤᠴᠠᠭ᠎ᠠ | ︵2︶ ᠠᠩᠬᠠᠷᠬᠤ ᠨᠢ᠄ ᠲᠠ ᠳᠡᠭᠡᠷᠡᠬᠢ ᠠᠷᠭ᠎ᠠ ᠶᠢ ᠬᠡᠷᠡᠭᠯᠡᠬᠦ ᠳᠤ ᠡᠷᠬᠡᠪᠰᠢ ᠬᠢᠬᠦ ᠴᠢᠬᠤᠯᠠᠲᠠᠢ ᠵᠦᠢᠯ ᠭᠡᠪᠡᠯ᠄ | ᠲᠠᠨ ᠤ ᠬᠠᠳᠠᠭᠠᠯᠠᠮᠵᠢ ᠨᠢ ᠪᠠᠩᠬᠢ ᠳᠤ ᠨᠢᠭᠡᠨᠲᠡ ᠠᠳᠠᠭ ᠪᠠᠭ᠎ᠠ ᠳᠠᠭᠠᠨ ᠵᠢᠷᠭᠤᠭᠠᠨ ᠰᠠᠷ᠎ᠠ ᠠᠴᠠ ᠳᠡᠭᠡᠭᠰᠢ | ᠬᠠᠳᠠᠭᠠᠯᠠᠭᠰᠠᠨ ᠮᠦᠷᠲᠡᠭᠡᠨ ᠲᠤᠰ ᠬᠠᠳᠠᠭᠠᠯᠠᠮᠵᠢ ᠨᠢ ᠲᠠᠨ ᠤ ᠦᠪᠡᠷ ᠤᠨ ᠬᠢ ᠪᠤᠶᠤ ᠲᠠᠨ ᠤ ᠠᠪᠤ ᠡᠵᠢ ᠶᠢᠨ ᠬᠢ | ᠡᠰᠡᠬᠦᠯ᠎ᠡ ᠲᠠᠨ ᠤ ᠬᠠᠨᠢ ᠨᠦᠬᠦᠷ ᠤᠨ ᠬᠢ ᠪᠠᠶᠢᠬᠤ ᠬᠡᠷᠡᠭᠲᠠᠢ᠃ ᠲᠡᠶᠢᠮᠤ ᠪᠤᠰᠤ᠂ ᠬᠠᠷᠢᠨ ᠲᠠᠨ ᠤ ᠪᠤᠰᠤᠳ | ᠲᠤᠰᠠᠯᠠᠮᠵᠢ ᠦᠵᠡᠭᠦᠯᠦᠭᠴᠢ ᠶᠢᠨ ᠬᠢ ᠪᠤᠯ᠂ ᠲᠠ ᠡᠷᠪᠡᠪᠰᠢ ᠮᠠᠰᠢ ᠨᠠᠷᠢᠨ ᠲᠤᠳᠤᠷᠬᠠᠢ ᠪᠠᠶᠢᠳᠠᠯ ᠢ ᠮᠡᠳᠡᠭᠳᠡᠬᠦ | ᠬᠡᠷᠡᠭᠲᠠᠢ᠂ ᠵᠢᠱᠢᠶᠡᠯᠡᠪᠡᠯ᠂ ᠲᠡᠳᠡ ᠶᠠᠭᠤᠨ ᠤ ᠤᠴᠢᠷ ᠠᠴᠠ ᠴᠢᠮ᠎ᠠ ᠳᠤ ᠲᠤᠰᠠᠯᠠᠮᠵᠢ ᠦᠵᠡᠬᠦᠯᠵᠦ ᠪᠠᠶᠢᠬᠤ ᠪᠠ | ᠲᠡᠳᠡᠨ ᠤ ᠲᠠᠨ ᠢ ᠲᠤᠰᠠᠯᠠᠬᠤ ᠬᠡᠷ᠎ᠡ ᠵᠡᠷᠭᠡ ᠶᠢ ᠲᠤᠰᠢᠶᠠᠬᠤ ᠬᠡᠷᠡᠭᠲᠠᠢ᠃ ᠪᠤᠳᠠᠲᠠᠢ ᠪᠠᠶᠢᠳᠠᠯ ᠢ ᠵᠡᠭᠦᠨ ᠲᠠᠯ᠎ᠠ ᠶᠢᠨ | ᠪᠤᠯᠤᠩ ᠳᠠᠬᠢ ᠠᠵᠤ ᠠᠬᠤᠢ ᠶᠢᠨ ᠲᠤᠰᠠᠯᠠᠮᠵᠢ ᠶᠢᠨ ᠬᠡᠷᠡᠴᠢ ᠠᠴᠠ ᠯᠠᠪᠯᠠ᠂ ᠡᠭᠦᠨ ᠳᠤ ᠲᠦᠢᠯ ᠤᠨ ᠨᠠᠷᠢᠨ | ᠲᠤᠳᠤᠷᠬᠠᠢ ᠲᠠᠶᠢᠯᠪᠤᠷᠢᠯᠠᠯᠲᠠ ᠪᠤᠢ᠃ | ︵3︶ ᠬᠦᠢᠴᠡᠳ ᠬᠠᠨᠭ᠍ᠭᠠᠮᠵᠢᠲᠠᠢ ᠠᠵᠤ ᠠᠬᠤᠢ ᠶᠢᠨ ᠤᠷᠤᠯᠭ᠎ᠠ ᠶᠢᠨ ᠢᠷᠡᠯᠳᠡ ᠶᠢᠨ ᠬᠡᠷᠡᠴᠢ ᠶᠢ ᠬᠠᠨᠭ᠍ᠭᠠᠨ᠎ᠠ᠃ | ᠲᠤᠰ ᠵᠦᠢᠯ ᠨᠢ ᠠᠵᠤ ᠠᠬᠤᠢ ᠶᠢᠨ ᠲᠤᠰᠠᠯᠠᠮᠵᠢ ᠶᠢᠨ ᠬᠡᠷᠡᠴᠢ ᠶᠢᠨ ᠲᠠᠶᠢᠯᠪᠤᠷᠢᠯᠠᠯᠲᠠ ᠳᠤ ᠪᠠᠰᠠ ᠲᠦᠢᠯ ᠤᠨ ᠨᠠᠷᠢᠨ | ᠲᠤᠳᠤᠷᠬᠠᠢ ᠲᠠᠶᠢᠯᠪᠤᠷᠢᠯᠠᠯ ᠪᠤᠢ᠂ ᠲᠠ ᠯᠠᠪᠯᠠᠵᠤ ᠪᠤᠯᠤᠨ᠎ᠠ᠃ ᠪᠢᠳᠡᠨ ᠤ ᠰᠠᠨᠠᠭᠤᠯᠤᠮᠵᠢ ᠪᠤᠯ᠂ ᠲᠠ ᠪᠤᠯᠬᠤ ᠶᠢᠨ | ᠳᠤᠲᠤᠷ᠎ᠠ ᠬᠠᠤᠯᠢᠴᠢ ᠵᠠᠯᠠᠵᠤ ᠡᠳᠡᠭᠡᠷ ᠮᠠᠲ᠋ᠧᠷᠢᠶᠠᠯ ᠳᠤ ᠬᠡᠷᠡᠴᠢ ᠪᠠᠷᠢᠮᠲᠠ ᠬᠢᠯᠭᠡᠨ᠎ᠡ᠃ | ︵4︶ ᠬᠡᠪᠡᠴᠦ ᠬᠠᠮᠤᠭ ᠤᠨ ᠬᠢᠯᠪᠡᠷ ᠪᠠ ᠬᠠᠮᠤᠭ ᠤᠨ ᠬᠦᠴᠦᠨ ᠲᠠᠢ ᠬᠢᠳᠡᠯ ᠪᠤᠯ ᠪᠠᠩᠬᠢ ᠶᠢᠨ ᠭᠠᠳᠠᠭᠠᠲᠤ ᠳᠤ | ᠰᠤᠷᠤᠯᠴᠠᠬᠤ ᠵᠢᠭᠡᠯᠡᠯᠭᠡ ᠶᠢ ᠭᠤᠶᠤᠴᠢᠯᠠᠬᠤ ᠪᠤᠯᠤᠨ᠎ᠠ᠃ ᠬᠡᠷᠪᠡ ᠲᠠ ᠪᠠᠩᠬᠢ ᠶᠢᠨ ᠭᠠᠳᠠᠭᠠᠲᠤ ᠳᠤ ᠰᠤᠷᠤᠯᠴᠠᠬᠤ | ᠵᠢᠭᠡᠯᠡᠯᠭᠡ ᠶᠢ ᠤᠯᠪᠠᠯ᠂ ᠡᠯᠴᠢᠨ ᠰᠠᠶᠢᠳ ᠤᠨ ᠶᠠᠮᠤᠨ ᠲᠠᠨ ᠳᠤ ᠲᠤᠭᠳᠠᠪᠤᠷᠢ ᠨᠠᠶᠢᠳᠠᠪᠤᠷᠢ ᠲᠠᠢ ᠮᠦᠷᠲᠡᠭᠡᠨ | ᠬᠦᠢᠴᠡᠳ ᠬᠠᠨᠭ᠍ᠭᠠᠮᠵᠢᠲᠠᠢ ᠠᠵᠤ ᠠᠬᠤᠢ ᠶᠢᠨ ᠢᠷᠡᠯᠳᠡ ᠲᠠᠢ ᠬᠡᠳᠡᠭ ᠢ ᠪᠠᠳᠤ ᠢᠲᠡᠭᠡᠬᠦ ᠪᠤᠯᠤᠨ᠎ᠠ᠃ ᠤᠴᠢᠷ ᠨᠢ᠂ | ᠪᠠᠩᠬᠢ ᠠᠴᠠ ᠲᠠᠨ ᠳᠤ ᠭᠠᠳᠠᠭᠠᠲᠤ ᠳᠤ ᠰᠤᠷᠤᠯᠴᠠᠬᠤ ᠵᠢᠭᠡᠯᠡᠯᠭᠡ ᠦᠭᠭᠦ ᠶᠢ ᠵᠦᠪᠰᠢᠶᠡᠷᠡᠭᠰᠡᠨ ᠶᠠᠪᠤᠳᠠᠯ ᠨᠢ ᠲᠠᠨ ᠳᠤ | ᠵᠢᠭᠡᠯᠡᠯᠭᠡ ᠶᠢ ᠪᠤᠴᠠᠭᠠᠬᠤ ᠴᠢᠳᠠᠯ ᠲᠠᠢ ᠬᠡᠰᠡᠨ ᠢ ᠬᠠᠷᠠᠭᠤᠯᠵᠤ ᠳᠡᠶᠢᠯᠬᠦ ᠪᠠᠷ ᠪᠠᠷᠠᠬᠤ ᠦᠭᠡᠢ᠂ ᠲᠡᠷᠡ ᠨᠢ ᠪᠠᠰᠠ ᠨᠢᠭᠡ | ᠵᠦᠢᠯ ᠤᠨ ᠬᠠᠮᠤᠭ ᠠᠴᠠ ᠡᠷᠭᠡ ᠰᠦᠷᠳᠤ ᠴᠢᠨᠠᠷᠲᠠᠢ ᠠᠵᠤ ᠠᠬᠤᠢ ᠶᠢᠨ ᠪᠠᠲᠤᠯᠠᠪᠤᠷᠢ ᠪᠤᠯᠤᠨ᠎ᠠ᠃ ᠡᠯᠴᠢᠨ | ᠰᠠᠶᠢᠳ ᠤᠨ ᠶᠠᠮᠤᠨ ᠪᠠᠩᠬᠢ ᠶᠢᠨ ᠡᠶᠢᠮᠦᠷᠭᠦᠦ ᠠᠵᠤ ᠠᠬᠤᠢ ᠶᠢᠨ ᠪᠠᠲᠤᠯᠠᠪᠤᠷᠢ ᠶᠢ ᠢᠲᠡᠭᠡᠬᠦ ᠦᠭᠡᠢ ᠪᠠᠶᠢᠬᠤ ᠶᠢᠨ | ᠠᠷᠭ᠎ᠠ ᠦᠭᠡᠢ ᠶᠤᠮ᠃ ᠭᠠᠳᠠᠭᠠᠲᠤ ᠳᠤ ᠰᠤᠷᠤᠯᠴᠠᠬᠤ ᠵᠢᠭᠡᠯᠡᠯᠭᠡ ᠶᠢᠨ ᠬᠤᠯᠪᠤᠭᠳᠠᠯ ᠪᠦᠬᠦᠢ ᠪᠤᠳᠠᠲᠠᠢ ᠠᠰᠠᠭᠤᠳᠠᠯ ᠢ | ᠲᠠ ᠭᠠᠳᠠᠭᠠᠲᠤ ᠳᠤ ᠰᠤᠷᠤᠯᠴᠠᠬᠤ ᠵᠢᠭᠡᠯᠡᠯᠭᠡ ᠶᠢᠨ ᠬᠤᠯᠪᠤᠭᠳᠠᠯ ᠪᠦᠬᠦᠢ ᠪᠤᠯᠤᠩ ᠠᠴᠠ ᠯᠠᠪᠯᠠᠵᠤ ᠪᠤᠯᠤᠨ᠎ᠠ᠂ ᠨᠠᠷᠢᠨ | ᠬᠢᠨᠠᠮᠠᠭᠠᠢ ᠦᠵᠡᠬᠦ ᠪᠤᠯᠪᠠᠤ᠃ | ︵5︶ ᠭᠠᠳᠠᠭᠠᠲᠤ ᠳᠤ ᠰᠤᠷᠤᠯᠴᠠᠬᠤ ᠵᠢᠭᠡᠯᠡᠯᠭᠡ ᠭᠤᠶᠤᠴᠢᠯᠠᠬᠤ ᠨᠢ ᠮᠠᠰᠢ ᠤᠯᠠᠨ ᠰᠤᠷᠤᠭᠴᠢᠳ ᠲᠤ ᠠᠪᠴᠤ | ᠬᠡᠯᠡᠪᠡᠯ᠂ ᠬᠦᠢᠴᠡᠳ ᠬᠠᠨᠭ᠍ᠭᠠᠮᠵᠢᠲᠠᠢ ᠪᠠᠩᠬᠢ ᠶᠢᠨ ᠬᠠᠳᠠᠭᠠᠯᠠᠮᠵᠢ ᠶᠢᠨ ᠬᠡᠷᠡᠴᠢ ᠪᠤᠶᠤ ᠬᠦᠢᠴᠡᠳ ᠬᠠᠨᠭ᠍ᠭᠠᠮᠵᠢᠲᠠᠢ | ᠠᠵᠤ ᠠᠬᠤᠢ ᠶᠢᠨ ᠤᠷᠤᠯᠭ᠎ᠠ ᠶᠢᠨ ᠬᠡᠷᠡᠴᠢ ᠠᠴᠠ ᠬᠤᠯᠠ ᠠᠮᠠᠷᠬᠠᠨ᠂ ᠬᠤᠯᠠ ᠳᠦᠭᠦᠮ ᠶᠤᠮ᠃ ᠤᠴᠢᠷ ᠨᠢ | ᠲᠡᠷᠡ ᠨᠢ ᠤᠯᠠᠨ ᠠᠷᠪᠢᠨ ᠰᠠᠳᠤᠨ ᠲᠦᠷᠦᠯ ᠤᠨ ᠬᠦᠴᠦ ᠶᠢ ᠠᠷᠪᠢᠯᠠᠵᠤ ᠴᠢᠳᠠᠨ᠎ᠠ᠃ ᠢᠯᠠᠩᠭᠤᠶ᠎ᠠ ᠲᠡᠳᠡᠭᠡᠷ | ᠵᠤᠬᠢᠬᠤ ᠬᠠᠳᠠᠭᠠᠯᠠᠮᠵᠢ ᠲᠠᠢ᠂ ᠭᠡᠪᠡᠴᠦ ᠲᠡᠭᠦᠨ ᠢᠶᠠᠷ ᠢᠶᠠᠨ ᠤᠯᠤᠰ ᠤᠨ ᠰᠠᠩ ᠤᠨ ᠲᠡᠮᠳᠡᠭ᠂ ᠰᠲ᠋ᠤᠺ᠂ ᠬᠡᠷ | ᠬᠦᠷᠦᠩᠭᠡ ᠵᠡᠷᠭᠡ ᠶᠢ ᠬᠤᠳᠠᠯᠳᠤᠨ ᠠᠪᠤᠭᠰᠠᠨ ᠪᠤᠶᠤ ᠬᠠᠳᠠᠭᠠᠯᠠᠮᠵᠢ ᠶᠢᠨ ᠬᠤᠭᠤᠴᠠᠭ᠎ᠠ ᠨᠢ ᠵᠢᠷᠭᠤᠭᠠᠨ ᠰᠠᠷ᠎ᠠ | ᠬᠦᠷᠦᠬᠡᠳᠤᠢ ᠪᠠᠶᠢᠳᠠᠯ ᠳᠤ ᠠᠪᠴᠤ ᠬᠡᠯᠡᠪᠡᠯ᠂ ᠨᠢᠬᠡᠨ ᠲᠦᠢᠯ ᠤᠨ ᠪᠦᠲᠦᠮᠵᠢᠲᠠᠢ ᠪᠤᠴᠠᠭᠠᠬᠤ ᠪᠠᠶᠢᠯᠳᠤᠬᠤ ᠪᠤᠳᠤᠯᠭ᠎ᠠ | ᠪᠤᠯᠤᠨ᠎ᠠ᠃ ᠡᠶᠢᠮᠦ ᠠᠴᠠ ᠪᠢᠳᠡ ᠭᠠᠳᠠᠭᠠᠲᠤ ᠳᠤ ᠰᠤᠷᠤᠯᠴᠠᠬᠤ ᠵᠢᠭᠡᠯᠡᠯᠭᠡ ᠶᠢᠨ ᠠᠷᠭ᠎ᠠ ᠬᠡᠷᠡᠭᠯᠡᠬᠦ ᠶᠢ ᠴᠢᠩᠭ᠎ᠠ | ᠲᠠᠨᠢᠯᠴᠠᠭᠤᠯᠵᠦ ᠪᠠᠶᠢᠨ᠎ᠠ᠃ | ᠭᠤᠷᠪᠠ᠂ ᠭᠠᠳᠠᠭᠠᠲᠤ ᠳᠤ ᠰᠤᠷᠤᠯᠴᠠᠬᠤ ᠵᠤᠷᠢᠯᠭ᠎ᠠ ᠶᠢᠨ ᠠᠰᠠᠭᠤᠳᠠᠯ᠃ ᠡᠨᠡ ᠨᠢ ᠪᠠᠰᠠ ᠨᠢᠭᠡ | ᠵᠠᠩᠬᠢᠯᠠᠭ᠎ᠠ ᠶᠢᠨ ᠴᠢᠨᠠᠷᠲᠠᠢ ᠨᠠᠷᠢᠨ ᠠᠷᠭ᠎ᠠ ᠪᠤᠯᠤᠨ᠎ᠠ᠃ ᠵᠤᠬᠢᠬᠤ ᠬᠡᠮᠵᠢᠶᠡᠨ ᠤ ᠠᠵᠤ ᠠᠬᠤᠢ ᠶᠢᠨ ᠰᠠᠭᠤᠷᠢ ᠲᠠᠢ ᠪᠤᠯ | ᠠᠦ᠋ᠰᠳ᠋ᠷᠠᠯᠢᠶ᠎ᠠ ᠲᠢᠪ ᠲᠤ ᠰᠤᠷᠤᠯᠴᠠᠬᠤ ᠸᠢᠰᠠ ᠶᠢ ᠤᠯᠴᠢᠬᠠᠵᠦ ᠳᠡᠶᠢᠯᠦᠨ᠎ᠡ ᠤᠤ︖ ᠬᠡᠯᠡᠵᠤ ᠮᠡᠳᠡᠭᠦ ᠦᠭᠡᠢ᠂ | ᠪᠠᠰᠠ ᠲᠡᠨ ᠤ ᠭᠠᠳᠠᠭᠠᠲᠤ ᠳᠤ ᠰᠤᠷᠤᠯᠴᠠᠬᠤ ᠵᠤᠷᠢᠯᠭ᠎ᠠ ᠶᠢ ᠤᠶᠢᠯᠠᠭᠠᠨ᠎ᠠ᠃ ᠲᠡᠳᠡᠭᠡᠷ ᠸᠢᠰᠠ ᠤᠯᠭᠤᠭᠴᠢ | ᠨᠤᠶᠠᠳ ᠲᠤ ᠦᠨᠡᠨᠬᠦ ᠭᠠᠳᠠᠭᠠᠲᠤ ᠳᠤ ᠰᠤᠷᠤᠯᠴᠠᠬᠤ ᠵᠤᠷᠢᠯᠭ᠎ᠠ ᠲᠠᠢ᠂ ᠬᠠᠷᠢᠨ ᠭᠠᠳᠠᠭᠠᠲᠤ ᠳᠤ ᠰᠤᠷᠤᠯᠴᠠᠬᠤ | ᠨᠡᠷ᠎ᠡ ᠪᠠᠷ ᠠᠦ᠋ᠰᠳ᠋ᠷᠠᠯᠢᠶ᠎ᠠ ᠲᠢᠪ ᠲᠤ ᠰᠠᠭᠤᠷᠢᠰᠢᠬᠤ ᠬᠡᠵᠦ ᠪᠠᠶᠢᠭ᠎ᠠ ᠰᠤᠷᠤᠭᠴᠢ ᠪᠢᠰᠢ ᠬᠡᠵᠦ ᠦᠵᠡᠭᠳᠡᠪᠡᠯ ᠰᠠᠶ᠋ᠢ | ᠸᠢᠰᠠ ᠤᠯᠵᠤ ᠳᠡᠶᠢᠯᠦᠨ᠎ᠡ᠃ ᠲᠡᠭᠡᠪᠡᠯ ᠭᠠᠳᠠᠭᠠᠲᠤ ᠳᠤ ᠰᠤᠷᠤᠯᠴᠠᠬᠤ ᠵᠤᠷᠢᠯᠭ᠎ᠠ ᠪᠠᠨ ᠦᠨᠡᠨ ᠪᠤᠳᠠᠲᠤ ᠬᠡᠰᠡᠨ ᠢ | ᠬᠡᠷᠭᠢᠨ ᠬᠡᠷᠡᠴᠢᠯᠡᠬᠦ ᠪᠤᠢ︖ ᠨᠢᠭᠡᠨ ᠬᠠᠮᠤᠭ ᠤ ᠰᠠᠶᠢᠨ ᠠᠷᠭ᠎ᠠ ᠪᠤᠯ ᠲᠠᠨ ᠤ ᠭᠠᠳᠠᠭᠠᠲᠤ ᠳᠤ ᠰᠤᠷᠤᠯᠴᠠᠬᠤ | ᠬᠢᠴᠢᠶᠡᠯ ᠰᠤᠩᠭᠤᠬᠤ ᠰᠢᠯᠲᠠᠭᠠᠨ ᠢᠶᠠᠨ ᠦᠨᠡᠨ ᠮᠦᠨ ᠢᠶᠠᠷ ᠲᠤᠭᠠᠴᠢᠨ᠎ᠠ — ᠬᠢᠴᠢᠶᠡᠯ ᠤᠨ ᠰᠤᠩᠭᠤᠯᠲᠠ ᠨᠢ | ᠮᠠᠰᠢ ᠶᠡᠭᠡ ᠠᠴᠢ ᠬᠤᠯᠪᠤᠭᠳᠠᠯ ᠤᠨ ᠲᠠᠯ᠎ᠠ ᠪᠠᠷ ᠪᠤᠯ ᠳᠠᠷᠤᠢ ᠠᠵᠢᠯ ᠮᠡᠷᠭᠡᠵᠢᠯ ᠤᠨ ᠰᠤᠩᠭᠤᠯᠲᠠ᠂ ᠬᠤᠪᠢ | ᠵᠠᠶᠠᠭ᠎ᠠ ᠶᠢᠨ ᠰᠤᠩᠭᠤᠯᠲᠠ ᠪᠤᠯᠤᠨ᠎ᠠ᠃ ᠡᠶᠢᠮᠦ ᠠᠴᠠ ᠬᠢᠴᠢᠶᠡᠯ ᠰᠤᠩᠭᠤᠬᠤ ᠳᠤ ᠪᠠᠨ ᠡᠷᠭᠡᠪᠰᠢ ᠰᠢᠨᠵᠢᠯᠡᠬᠦ | ᠤᠬᠠᠭᠠᠨᠴᠢ ᠪᠠᠶᠢᠵᠤ᠂ ᠡᠷᠭᠡᠪᠰᠢ ᠦᠪᠡᠷ ᠤᠨ ᠪᠤᠳᠠᠲᠠᠢ ᠪᠠᠶᠢᠳᠠᠯ ᠲᠠᠢ ᠪᠠᠨ ᠤᠶᠠᠯᠳᠤᠭᠤᠯᠬᠤ ᠬᠡᠷᠡᠭᠲᠠᠢ᠃ ᠬᠡᠷᠪᠡ | ᠲᠤᠰ ᠵᠦᠢᠯ ᠢ ᠬᠢᠵᠤ ᠳᠡᠶᠢᠯᠪᠡᠯ᠂ ᠬᠢᠴᠢᠶᠡᠯ ᠤᠨ ᠰᠤᠩᠭᠤᠯᠲᠠ ᠨᠢ ᠲᠦᠢᠯ ᠤᠨ ᠵᠦᠢ ᠵᠤᠬᠢᠰᠲᠠᠢ᠂ ᠦᠨᠡᠨ ᠪᠤᠳᠠᠲᠠᠢ | ᠪᠠ ᠢᠲᠡᠭᠡᠮᠵᠢᠲᠠᠢ ᠪᠤᠯᠬᠤ ᠶᠤᠮ᠃ ᠡᠶᠢᠮᠦ ᠠᠴᠠ᠂ ᠲᠠ ᠭᠠᠳᠠᠭᠠᠲᠤ ᠳᠤ ᠰᠤᠷᠤᠯᠴᠠᠬᠤ ᠬᠢᠴᠢᠶᠡᠯ ᠰᠤᠩᠭᠤᠭᠰᠠᠨ | ᠰᠢᠯᠲᠠᠭᠠᠨ ᠢᠶᠠᠨ ᠦᠨᠡᠨ ᠪᠤᠲᠠᠲᠠᠢ ᠲᠠᠶᠢᠯᠪᠤᠷᠢᠯᠠᠪᠠᠯ᠂ ᠸᠢᠰᠠ ᠤᠯᠭᠤᠭᠴᠢ ᠨᠤᠶᠠᠳ ᠲᠠᠨ ᠤ ᠭᠠᠳᠠᠭᠠᠲᠤ ᠳᠤ | ᠰᠤᠷᠤᠯᠴᠠᠬᠤ ᠵᠤᠷᠢᠯᠭ᠎ᠠ ᠦᠨᠡᠨ ᠪᠤᠳᠠᠲᠠᠢ ᠬᠡᠰᠡᠨ ᠢ ᠢᠲᠡᠭᠡᠬᠦ ᠦᠭᠡᠢ ᠪᠠᠶᠢᠬᠤ ᠶᠢᠨ ᠠᠷᠭ᠎ᠠ ᠦᠭᠡᠢ ᠶᠤᠮ᠃ | ᠳᠦᠷᠪᠡ᠂ ᠮᠠᠲ᠋ᠧᠷᠢᠶᠠᠯ ᠤᠨ ᠪᠦᠷᠢᠨ ᠬᠦᠢᠴᠡᠳ ᠴᠢᠨᠠᠷ ᠪᠠ ᠡᠮᠬᠢ ᠵᠢᠷᠤᠮᠲᠤ ᠴᠢᠨᠠᠷ᠃ ᠲᠠᠨ ᠤ ᠸᠢᠰᠠ | ᠭᠤᠶᠤᠴᠢᠯᠠᠬᠤ ᠮᠠᠲ᠋ᠧᠷᠢᠶᠠᠯ ᠡᠷᠭᠡᠪᠰᠢ ᠪᠦᠷᠢᠨ ᠬᠦᠢᠴᠡᠳ ᠪᠠᠶᠢᠵᠤ᠂ ᠬᠡᠬᠡᠵᠦ ᠤᠷᠬᠢᠭᠳᠠᠭᠤᠯᠵᠤ ᠪᠤᠯᠬᠤ ᠦᠭᠡᠢ᠃ | ᠮᠠᠲ᠋ᠧᠷᠢᠶᠠᠯ ᠤᠨ ᠪᠦᠷᠢᠨ ᠬᠦᠢᠴᠡᠳ ᠴᠢᠨᠠᠷ ᠠᠴᠠ ᠭᠠᠳᠠᠨ᠎ᠠ᠂ ᠪᠠᠰᠠ ᠮᠠᠲ᠋ᠧᠷᠢᠶᠠᠯ ᠤᠨ ᠡᠮᠬᠢ ᠵᠢᠷᠤᠮᠲᠤ ᠴᠢᠨᠠᠷ ᠢ | ᠠᠩᠬᠠᠷᠬᠤ ᠬᠡᠷᠡᠭᠲᠠᠢ᠃ | | | ᠤᠷᠴᠢᠭᠤᠯᠤᠭᠴᠢ᠄ ᠡᠷᠬᠢᠮᠪᠠᠶᠠᠷ |