ᠤᠶᠢᠢᠷ᠎ᠠ ᠶᠢᠨ ᠬᠤᠶᠠᠷ ᠵᠢᠯ ᠳᠤ ᠬᠤᠨᠢᠨ ᠤ ᠥᠨ᠎ᠠ ᠬᠠᠩᠰᠢ ᠨᠠᠯᠢᠶᠡᠳ ᠳᠤᠤᠷ᠎ᠠ ᠪᠤᠯᠤᠭᠰᠠᠨ ᠪᠠᠶᠢᠳᠠᠯ | ᠳᠤᠤᠷ᠎ᠠ ᠮᠠᠯᠴᠢᠳ ᠬᠤᠨᠢ ᠪᠠᠨ ᠶᠡᠭᠡᠪᠡᠷ ᠴᠥᠭᠡᠴᠢᠯᠡᠵᠤ ᠢᠷᠡᠭᠰᠡᠨ ᠪᠠᠶᠢᠨ᠎ᠠ᠃ ᠥᠨᠠᠨ ᠢ ᠭᠡᠯᠡᠬᠦ ᠳᠤ ᠵᠠᠬ᠎ᠠ | ᠳᠡᠯᠭᠡᠬᠦᠷ ᠤᠨ ᠥᠨ᠎ᠠ ᠬᠠᠩᠰᠢ ᠶᠢᠨ ᠭᠡᠯᠪᠡᠯᠵᠡᠯᠳᠡ ᠪᠤᠯ ᠶᠤᠰᠤ ᠭᠤᠷᠢᠮ ᠲᠠᠢ ᠶᠤᠮ᠂ ᠳᠠᠷᠤᠢ ᠬᠠᠩᠭᠠᠯᠭ᠎ᠠ ᠨᠢ | ᠭᠡᠷᠡᠭᠴᠡᠭᠡ ᠠᠴᠠ ᠪᠠᠨ ᠭᠡᠳᠤᠷᠡᠬᠦ ᠥᠶ᠎ᠠ ᠳᠤ ᠥᠨ᠎ᠠ ᠨᠢ ᠪᠠᠭᠤᠷᠠᠵᠤ᠂ ᠭᠡᠷᠡᠭᠴᠡᠭᠡ ᠪᠠᠨ ᠬᠠᠩᠭᠠᠵᠤ ᠳᠠᠶᠢᠯᠬᠦ ᠥᠭᠡᠢ | ᠥᠶ᠎ᠠ ᠳᠤ ᠥᠨ᠎ᠠ ᠨᠢ ᠥᠰᠳᠡᠭ ᠵᠢᠮ᠎ᠠ ᠲᠠᠢ᠃ ᠳᠡᠬᠢᠭᠠᠳ ᠭᠡᠯᠡᠪᠡᠯ ᠤᠳᠤᠬᠢ ᠵᠠᠬ᠎ᠠ ᠳᠡᠯᠭᠡᠬᠦᠷ ᠳᠠᠭᠡᠷ᠎ᠠ ᠨᠠᠷᠢᠯᠢᠬ | ᠡᠳ᠋ᠰᠢᠬᠦᠯᠥᠭᠰᠡᠨ ᠬᠤᠨᠢᠨ ᠮᠢᠬ᠎ᠠ ᠶᠢᠨ ᠪᠤᠷᠤᠯᠠᠭᠤᠯᠭ᠎ᠠ ᠶᠢᠨ ᠥᠨ᠎ᠠ ᠬᠠᠩᠰᠢ ᠶᠠᠷᠤ ᠠᠴᠠ ᠪᠠᠭᠤᠷᠠᠭᠰᠠᠨ ᠥᠭᠡᠢ | ᠪᠥᠭᠡᠳ ᠭᠡᠷᠡᠭᠯᠡᠭᠴᠢᠳ ᠤᠨ ᠬᠠᠯᠠᠭᠤᠨ ᠬᠥᠷᠢᠶᠡᠯᠡᠯ ᠢ ᠤᠯᠤᠭᠰᠠᠭᠠᠷ ᠪᠠᠶᠢᠭ᠎ᠠ ᠶᠤᠮ᠃ ᠳᠡᠭᠡᠬᠦᠯᠡᠷ ᠮᠠᠯᠴᠢᠳ | ᠬᠤᠨᠢ ᠪᠠᠨ ᠭᠡᠳᠤᠷᠭᠡᠢ ᠶᠡᠭᠡᠪᠡᠷ ᠬᠤᠳᠠᠯᠳᠤᠵᠤ ᠴᠥᠭᠡᠴᠢᠯᠡᠬᠦ ᠥᠭᠡᠢ ᠪᠤᠯ ᠳᠠᠭᠠᠷᠠᠨ᠎ᠠ᠃ | ᠡᠨᠡ ᠬᠤᠶᠠᠷ ᠵᠢᠯ ᠳᠤ ᠥᠭᠡᠷ ᠤᠨ ᠥᠨ᠎ᠠ ᠬᠠᠩᠰᠢ ᠨᠠᠯᠢᠶᠡᠳ ᠥᠨᠳᠤᠷ ᠪᠤᠯᠬᠤᠷ ᠨᠢᠭᠡ ᠪᠥᠯᠥᠭ ᠮᠠᠯᠴᠢᠳ | ᠬᠤᠨᠢ ᠪᠠᠨ ᠶᠡᠭᠡᠪᠡᠷ ᠴᠥᠭᠡᠴᠢᠯᠡᠵᠤ᠂ ᠥᠭᠡᠷ ᠮᠠᠯᠵᠢᠬᠤ ᠵᠠᠮ ᠢᠶᠠᠷ ᠵᠠᠮᠨᠠᠵᠤ ᠪᠠᠶᠢᠨ᠎ᠠ᠃ ᠭᠡᠳᠡᠯ᠎ᠠ ᠪᠢᠳᠡ ᠪᠥᠬᠦᠳᠡᠭᠡᠷ | ᠥᠭᠡᠷ ᠮᠠᠯᠵᠢᠵᠤ ᠶᠡᠭᠡᠪᠡᠷ ᠥᠰᠭᠡᠬᠦ ᠶᠢᠨ ᠥᠶ᠎ᠠ ᠳᠤ ᠵᠠᠬ᠎ᠠ ᠳᠡᠯᠭᠡᠬᠦᠷ ᠲᠤ ᠥᠭᠡᠷ ᠤᠨ ᠮᠢᠬᠠᠨ ᠤ ᠬᠠᠩᠭᠠᠯᠭ᠎ᠠ | ᠶᠡᠭᠡᠳᠡᠵᠤ᠂ ᠥᠨ᠎ᠠ ᠬᠠᠩᠰᠢ ᠨᠢ ᠪᠠᠭᠤᠷᠠᠬᠤ ᠶᠠᠪᠤᠳᠠᠯ ᠴᠤ ᠭᠠᠷᠤᠨ᠎ᠠ ᠭᠡᠳᠡᠭ ᠢ ᠮᠡᠳᠡᠵᠤ ᠠᠪᠤᠯᠳᠠᠢ᠃ ᠡᠨᠡ ᠵᠢᠯ ᠢᠶᠠᠷ | ᠠᠪᠴᠤ ᠭᠡᠯᠡᠪᠡᠯ᠂ ᠨᠠᠮᠤᠷ ᠬᠤᠨᠢᠨ ᠤ ᠥᠨ᠎ᠠ ᠭᠡᠳᠦ᠋ᠢᠪᠡᠷ ᠳᠤᠤᠷ᠎ᠠ ᠪᠠᠶᠢᠭᠰᠠᠨ ᠴᠤ ᠡᠪᠤᠯ ᠤᠶᠢᠢᠷᠠᠳᠤᠬᠤ ᠶᠢᠨ | ᠥᠶ᠎ᠠ ᠳᠤ ᠨᠠᠯᠢᠶᠡᠳ ᠥᠰᠴᠤ ᠡᠬᠢᠯᠡᠭᠰᠡᠨ︔ ᠳᠥᠷᠥᠬᠦᠥ ᠭᠡᠳᠤᠨ ᠵᠢᠯ ᠮᠠᠯᠴᠢᠳ ᠢᠮᠠᠭ᠎ᠠ ᠪᠠᠨ ᠶᠡᠭᠡᠪᠡᠷ | ᠴᠥᠭᠡᠴᠢᠯᠡᠭᠰᠡᠨ ᠠᠴᠠ ᠬᠥᠳᠡᠭᠡ ᠢᠮᠠᠭ᠎ᠠ ᠲᠠᠢ ᠠᠶᠢᠯ ᠳᠤᠩ ᠴᠥᠭᠡᠷᠡᠭᠰᠡᠨ ᠤ ᠤᠯᠠᠮ ᠢᠶᠠᠷ ᠡᠨᠡ ᠵᠢᠯ ᠶᠠᠷᠤ ᠶᠢᠨ | ᠬᠤᠷᠠᠭ᠎ᠠ ᠭᠤᠷᠪᠡᠨ ᠵᠠᠭᠤᠭᠠᠳ ᠳᠥᠬᠦᠷᠢᠭ ᠤᠨ ᠨᠠᠭᠠᠨ᠎ᠠ ᠴᠠᠭᠠᠨ᠎ᠠ ᠬᠥᠷᠬᠦ ᠳᠤ ᠪᠠᠷᠤᠭ ᠤᠨ ᠢᠰᠢᠭᠡ ᠪᠥᠷ ᠳᠥᠷᠪᠡᠡ | ᠵᠠᠭᠤᠨ ᠳᠥᠬᠦᠷᠢᠭ ᠤᠨ ᠥᠨ᠎ᠠ ᠳᠠᠭᠠᠭᠠᠵᠤ ᠪᠠᠶᠢᠭᠰᠠᠨ ᠨᠢ ︽ᠶᠠᠭᠤᠮ᠎ᠠ ᠬᠤᠪᠤᠷ ᠲᠠᠭᠠᠨ ᠥᠨᠠᠳᠠᠢ︾ ᠭᠡᠳᠡᠭ | ᠶᠤᠰᠤ ᠶᠢ ᠬᠠᠷᠠᠭᠤᠯᠵᠤ ᠪᠢᠯᠡ᠃ | ᠮᠠᠯᠴᠢᠳ ᠮᠠᠨᠢ ᠬᠤᠨᠢ ᠪᠠᠨ ᠵᠤᠬᠢᠬᠤ ᠭᠡᠮᠵᠢᠶᠡᠨ ᠳᠤ ᠴᠥᠭᠡᠴᠢᠯᠡᠬᠦ ᠠᠴᠠ ᠪᠢᠰᠢ ᠭᠡᠳᠤᠷᠬᠡᠢ ᠶᠡᠭᠡᠪᠡᠷ | ᠴᠥᠭᠡᠴᠢᠯᠡᠬᠦ ᠥᠭᠡᠢ ᠪᠤᠯ ᠵᠥᠭᠡᠷ᠃ ᠬᠤᠨᠢ ᠪᠠᠨ ᠪᠠᠷᠤᠭ ᠪᠥᠬᠦᠨ ᠢᠶᠠᠷ ᠨᠢ ᠬᠤᠳᠠᠯᠳᠤᠵᠤ᠂ ᠥᠭᠡᠷ ᠢᠶᠠᠨ ᠶᠡᠭᠡᠪᠡᠷ | ᠥᠰᠭᠡᠭᠰᠡᠨ ᠠᠶᠢᠯ ᠢᠶᠠᠷ ᠠᠪᠴᠤ ᠭᠡᠯᠡᠪᠡᠯ ᠭᠡᠷᠪᠡ ᠳᠠᠷᠠᠭ᠎ᠠ ᠵᠢᠯ ᠠᠴᠠ ᠬᠤᠨᠢᠨ ᠤ ᠥᠨ᠎ᠠ ᠶᠡᠭᠡᠪᠡᠷ ᠥᠰᠴᠤ | ᠥᠭᠡᠷ ᠤᠨ ᠥᠨ᠎ᠠ ᠶᠡᠭᠡᠪᠡᠷ ᠪᠠᠭᠤᠷᠠᠪᠡᠯ ᠠᠮᠠ ᠪᠠᠨ ᠪᠠᠷᠢᠬᠤ ᠠᠴᠠ ᠥᠭᠡᠷ᠎ᠠ ᠠᠷᠭ᠎ᠠ ᠥᠭᠡᠢ ᠪᠤᠯᠬᠤ ᠪᠢᠰᠢᠤ᠃ | ᠢᠩᠬᠢᠬᠦᠯᠡᠷ ᠮᠠᠯᠵᠢᠯ ᠤᠨ ᠤᠬᠠᠭᠠᠨ ᠳᠤ ᠨᠡᠪᠳᠡᠷᠡᠭᠰᠡᠨ ᠮᠠᠯᠴᠢᠳ ᠮᠠᠨᠢ ᠡᠨᠡ ᠶᠤᠰᠤ ᠶᠢ ᠶᠠᠭᠤᠨ ᠠᠨᠳᠠᠬᠤ ᠪᠢᠯᠡ᠂ | ᠮᠠᠯ ᠮᠠᠯᠵᠢᠬᠤ ᠳᠠᠭᠠᠨ ᠳᠠᠪᠤᠨ ᠬᠤᠰᠢᠭᠤ ᠮᠠᠯ ᠢᠶᠠᠨ ᠵᠤᠬᠢᠬᠤ ᠬᠠᠷᠢᠴᠠᠯ ᠢᠶᠠᠷ ᠨᠢ ᠮᠠᠯᠵᠢᠬᠤ ᠪᠤᠯ ᠳᠡᠷᠡ | ᠴᠢᠭ ᠢᠶᠠᠷ ᠢᠶᠠᠨ ᠮᠠᠯᠵᠢᠯ ᠤᠨ ᠳᠤᠮᠤ ᠤᠬᠠᠭᠠᠨ ᠭᠡᠳᠡᠭ ᠢ ᠮᠠᠨ ᠤ ᠡᠪᠦᠭᠡ ᠳᠡᠭᠡᠳᠤᠰ ᠠᠯᠢ ᠡᠷᠳᠡ ᠠᠴᠠ ᠰᠤᠷᠭᠠᠭᠰᠠᠨ | ᠪᠠᠶᠢᠳᠠᠭ ᠢ ᠡᠬᠦᠷᠢᠳᠡ ᠳᠤᠩᠭᠠᠨ ᠪᠤᠳᠤᠯᠬᠢᠯᠠᠭᠤᠰᠢᠳᠠᠢ᠃ | ︵ᠨᠠᠶᠢᠷᠠᠭᠤᠯᠤᠭᠴᠢ᠄ ᠡᠷᠬᠢᠮᠪᠠᠶᠠᠷ︶ |