ᠴᠢᠨᠦ ᠣᠷᠣᠨ ᠰᠠᠭᠤᠴᠠ ᠳᠤ ᠡᠳᠡᠭᠡᠷ ᠶᠡᠭᠡ ᠬᠤᠪᠢᠷᠠᠯᠲᠠ ᠲᠠᠢ ᠭᠠᠷᠴᠤ ᠮᠡᠳᠡᠨ᠎ᠡ
ᠨᠡᠶᠢᠲᠡᠯᠡᠭᠰᠡᠨ ᠴᠠᠭ᠄
2022/3/29
        ᠣᠶᠢᠷ᠎ᠠ ᠳᠤ᠂ ᠣᠷᠣᠨ ᠰᠠᠭᠤᠴᠠ ᠪᠠ ᠬᠤᠲᠠ ᠬᠥᠳᠡᠭᠡ ᠶᠢᠨ  ᠪᠥᠲᠥᠭᠡᠨ  ᠪᠠᠶᠢᠭᠤᠯᠤᠯᠲᠠ ᠶᠢᠨ  ᠶᠠᠮᠤᠨ  ︽ᠣᠷᠣᠨ‌‍ᠰᠠᠭᠤᠴᠠ ᠶᠢᠨ ᠲᠦᠷᠦᠯ ᠵᠥᠢᠯ ᠤᠨ ᠵᠢᠷᠤᠮᠵᠢᠯ︾ ︵ᠰᠠᠨᠠᠯ ᠬᠤᠷᠢᠶᠠᠬᠤ ᠨᠤᠤᠷᠠᠭ︶᠎ ᠤᠨ ᠲᠤᠬᠠᠶ ᠨᠡᠶᠢᠭᠡᠮ ᠨᠡᠶᠢᠲᠡ ᠠᠴᠠ ᠢᠯᠡ ᠪᠠᠷ‌‍ᠰᠠᠨᠠᠯ ᠬᠤᠷᠢᠶᠠᠵᠤ  ᠪᠠᠶᠢᠨ᠎ᠠ᠃  ᠰᠢᠨ᠎ᠡ ᠪᠠᠷ  ᠪᠠᠶᠢᠭᠤᠯᠤᠭᠰᠠᠨ  ᠣᠷᠣᠨ  ᠰᠠᠭᠤᠴᠠ ᠶᠢᠨ  ᠪᠠᠷᠢᠯᠭ᠎ᠠ ᠶᠢᠨ  ᠴᠠᠬᠢᠯᠭᠠᠨ  ᠱᠠᠲᠤ‌‍ᠲ᠋ᠣᠭᠢᠷᠠᠭᠤᠯᠬᠤ  ᠲᠤᠬᠠᠢ  ᠰᠠᠨᠠᠯ  ᠬᠤᠷᠢᠶᠠᠬᠤ  ᠨᠤᠤᠷᠠᠭ ᠲᠤ  ᠱᠠᠭᠠᠷᠳᠠᠭᠰᠠᠨ  ᠎ ᠨᠢ᠂  ᠬᠤᠶᠠᠷ  ᠳᠠᠪᠬᠤᠷᠭ᠎ᠠ  ᠵᠢᠴᠢ   ᠬᠤᠶᠠᠷ‌‍ᠲ᠋ᠠᠪᠬᠤᠷᠭ᠎ᠠ ᠠᠴᠠ ᠳᠡᠭᠡᠭᠰᠢᠬᠢ ᠣᠷᠣᠨ ᠰᠠᠭᠤᠴᠠ ᠶᠢᠨ ᠪᠠᠷᠢᠯᠭ᠎ᠠ ᠶᠢᠨ ᠠᠰᠠᠷ ᠶᠢᠨ ᠡᠭᠦᠳᠡ ᠨᠢᠭᠡᠪᠤᠷᠢ ᠠᠳᠠᠭ ᠲᠠᠭᠠᠨ 1 ᠰᠠᠭᠤᠷᠢ‌‍ᠴᠠᠬᠢᠯᠭᠠᠨ ᠱᠠᠲᠤ ᠳᠣᠭᠢᠷᠠᠭᠤᠯᠬᠤ ᠬᠡᠷᠡᠭᠲᠡᠶ᠂ ᠲᠡᠷᠡ ᠮᠥᠷᠲᠡᠭᠡᠨ ᠰᠡᠤᠬᠡ ᠶᠢᠨ ᠭᠦᠨ ᠤ ᠬᠡᠮᠵᠢᠶ᠎ᠡ ᠶᠢ 1  .  40  ᠮᠧᠲᠷ ᠡᠴᠠ‌‍ᠪᠠᠭ᠎ᠠ ᠪᠠᠶᠢᠯᠭᠠᠵᠤ ᠪᠣᠯᠬᠤ ᠥᠬᠡᠶ᠂ ᠥᠷᠭᠡᠨ ᠤ ᠬᠡᠮᠵᠢᠶ᠎ᠡ ᠶᠢ 1 . 10 ᠮᠧᠲᠷ ᠠᠴᠠ  ᠪᠠᠭ᠎ᠠ  ᠪᠠᠶᠢᠯᠭᠠᠵᠤ  ᠪᠣᠯᠬᠤ  ᠥᠬᠡᠶ᠂ᠳᠠᠭᠤᠳᠠᠭᠤᠷ ᠤᠨ ᠳᠠᠷᠤᠪᠴᠢ ᠶᠢᠨ ᠲᠥᠪ ᠵᠠᠶ ᠨᠢ ᠭᠠᠵᠠᠷ ᠤᠨ ᠭᠠᠳᠠᠷᠭᠤ ᠠᠴᠠ 0 . 85 ᠮᠧᠲᠷ ᠠᠴᠠ  1  .  10  ᠮᠧᠲᠷ‌‍ᠪᠠᠶᠢᠬᠤ ᠬᠡᠷᠡᠭᠲᠡᠶ ᠭᠡᠵᠡᠢ᠃               ᠰᠠᠨᠠᠯ ᠬᠤᠷᠢᠶᠠᠬᠤ ᠨᠤᠤᠷᠠᠭ ᠲᠤ ᠳᠤᠷᠠᠳᠤᠭᠰᠠᠨ ᠨᠢ᠂ ᠣᠯᠠᠨ  ᠨᠡᠶᠢᠲᠡ ᠶᠢᠨ  ᠠᠰᠠᠷ ᠤᠨ  ᠱᠠᠲᠤ  ᠭᠠᠷᠭᠠᠬᠤ ᠳ᠋ᠠᠭᠠᠨ‌ᠠᠰᠠᠷ ᠤᠨ ᠱᠠᠲᠤᠨ ᠤ ᠲᠦᠰᠢᠭᠦᠷ ᠤᠨ ᠥᠨᠳᠥᠷ ᠢ 0 . 90 ᠮᠧᠲᠷ ᠠᠴᠠ ᠲᠤᠤᠷ᠎ᠠ ᠪᠠᠶᠢᠯᠭᠠᠵᠤ ᠪᠣᠯᠬᠤ ᠥᠬᠡᠶ︔ ᠠᠰᠠᠷ ‍ᠤᠨ‌‍ᠱᠠᠲᠤᠨ ᠬᠤᠳᠳᠤᠭ ᠤᠨ ᠴᠡᠪᠡᠷ ᠥᠷᠭᠡᠨ ᠨᠢ 0 . 11 ᠮᠧᠲᠷ ᠠᠴᠠ ᠶᠡᠭᠡ ᠪᠣᠯᠬᠤ ᠦᠶ᠎ᠡ ᠳᠤ᠂ ᠡᠷᠬᠡᠪᠰᠢ ᠤᠨᠠᠬᠤ   ᠤᠨᠠᠵᠤ‌‍ᠲ᠋ᠤᠰᠬᠤ ᠶᠢ ᠰᠡᠷᠭᠡᠶᠢᠯᠡᠬᠦ ᠪᠠ ᠬᠡᠦᠬᠡᠳ  ᠠᠪᠠᠷᠢᠬᠤ ᠶᠢ ᠰᠡᠷᠭᠡᠶᠢᠯᠡᠬᠦ ᠠᠷᠭ᠎ᠠ ᠬᠡᠮᠵᠢᠶ᠎ᠡ ᠠᠪᠬᠤ ᠬᠡᠷᠡᠭᠲᠡᠶ᠃  ᠢᠵᠢ  ᠪᠦᠷᠢᠳᠦᠭᠦᠯᠬᠦ‌‍ᠪᠡᠯᠡᠳᠬᠡᠮᠵᠢ᠂ ᠣᠷᠣᠨ ᠰᠠᠭᠤᠴᠠ ᠶᠢᠨ ᠲᠥᠷᠥᠯ ᠵᠥᠢᠯ  ᠳᠤ ᠮᠠᠰᠢᠨᠲᠤ  ᠲᠡᠷᠭᠡᠨ ᠤ  ᠲᠡᠷᠭᠡ  ᠵᠣᠭᠰᠣᠭᠠᠬᠤ  ᠲᠠᠯᠠᠪᠤᠷ ᠢ  ᠢᠵᠢ‌‍ᠪᠦ᠋ᠷᠢᠳᠦᠭᠦᠯᠦᠨ  ᠪᠦᠲᠦᠭᠡᠨ  ᠪᠠᠶᠢᠭᠤᠯᠬᠤ  ᠬᠡᠷᠡᠭᠲᠡᠶ︔  ᠢᠵᠢ  ᠪᠦᠷᠢᠳᠦᠭᠦᠯᠬᠦ  ᠲᠡᠷᠭᠡᠨ  ᠪᠠᠶᠢᠷᠢ ᠶᠢᠨ  ᠲᠤᠭ᠎ᠠ  ᠬᠡᠮᠵᠢᠶ᠎ᠡ ᠵᠢ‌‍ᠲ᠋ᠤᠬᠠᠶ ᠶᠢᠨ ᠭᠠᠵᠠᠷ ᠤᠨ ᠮᠠᠰᠢᠨᠴᠢᠯᠠᠯᠲᠠ ᠶᠢᠨ ᠬᠥᠭᠵᠢᠯᠲᠡ ᠶᠢᠨ ᠬᠢᠷᠢ ᠬᠡᠮᠵᠢᠶ᠎ᠡ᠂ ᠣᠷᠣᠨ ᠰᠠᠭᠤᠴᠠ ᠶᠢᠨ ᠲᠥᠷᠥᠯ  ᠵᠦᠢᠯ ‍ᠤᠨ‌ᠣᠷᠣᠰᠢᠵᠤ ᠪᠠᠶᠢᠭ᠎ᠠ ᠣᠷᠣᠨ ᠪᠠᠶᠢᠷᠢ᠂ ᠬᠡᠷᠡᠭᠯᠡᠬᠦ ᠭᠠᠵᠠᠷ ᠬᠢᠭᠡᠳ ᠣᠯᠠᠨ  ᠨᠡᠶᠢᠲᠡ ᠶᠢᠨ  ᠵᠠᠮ  ᠨᠡᠪᠲᠡᠷᠡᠯᠭᠡ ᠶᠢᠨ  ᠨᠥᠬᠦᠴᠡᠯ ᠢ‌ᠦᠨᠳᠦᠰᠦᠯᠡᠨ ᠶᠡᠷᠦᠩᠬᠡᠶᠢᠯᠡᠨ  ᠲᠣᠭᠲᠠᠭᠠᠬᠤ ᠶᠢᠨ  ᠬᠠᠮᠲᠤ᠂  ᠳᠣᠣᠷᠠᠬᠢ  ᠲᠣᠭᠲᠠᠭᠠᠯ ᠳᠤ  ᠨᠡᠶᠢᠴᠡᠭᠦᠯᠬᠦ  ᠬᠡᠷᠡᠭᠲᠡᠶ᠄  ᠰᠢᠨ᠎ᠡ‌ᠡᠨᠧᠷᠭᠢ ᠶᠢᠨ  ᠮᠠᠰᠢᠨ  ᠲᠡᠷᠭᠡᠨ ᠤ  ᠴᠠᠬᠢᠯᠭᠠᠨ  ᠴᠡᠨᠡᠭᠯᠡᠬᠦ  ᠪᠡᠯᠡᠳᠬᠡᠮᠵᠢ  ᠲᠣᠬᠢᠷᠠᠭᠤᠯᠬᠤ  ᠪᠤᠶᠤ  ᠤᠭᠰᠠᠷᠠᠬᠤ  ᠨᠥᠬᠦᠴᠡᠯ ᠢ‌ᠤᠷᠢᠳᠴᠢᠯᠠᠨ ᠦᠯᠡᠳᠡᠭᠡᠬᠦ ᠬᠡᠷᠡᠭᠲᠡᠶ︔ ᠰᠠᠭᠠᠳ ᠦᠭᠡᠢ ᠲᠡᠷᠭᠡᠨ ᠵᠣᠭᠰᠣᠭᠠᠯ ᠪᠠᠶᠢᠭᠤᠯᠪᠠᠯ ᠵᠣᠬᠢᠨ᠎ᠠ ᠭᠡᠪᠡ᠃                 ᠲᠠᠯᠠᠪᠠᠶ ᠶᠢᠨ ᠲᠠᠯ᠎ᠠ ᠪᠠᠷ᠂ ᠰᠠᠨᠠᠯ ᠬᠤᠷᠢᠶᠠᠬᠤ ᠨᠤᠤᠷᠠᠭ ᠲᠤ ᠱᠠᠭᠠᠷᠳᠠᠭᠰᠠᠨ ᠨᠢ᠂ ᠲᠥᠪᠯᠡᠷᠡᠩᠭᠦᠶ ᠵᠦᠯᠭᠡ  ᠭᠠᠵᠠᠷ ‍ᠤᠨ‌ᠥᠷᠭᠡᠴᠡ ᠶᠢ 8 ᠮᠧᠲᠷ ᠠᠴᠠ  ᠪᠠᠭ᠎ᠠ  ᠪᠠᠶᠢᠯᠭᠠᠵᠤ  ᠪᠣᠯᠬᠤ  ᠥᠬᠡᠶ︔  ᠲᠥᠪᠯᠡᠷᠡᠩᠭᠦᠶ  ᠵᠦᠯᠭᠡ  ᠭᠠᠵᠠᠷ ᠤᠨ  ᠳᠣᠲᠣᠷ᠎ᠠ᠂ᠪᠠᠷᠢᠮᠵᠢᠶᠠᠲᠤ ᠪᠠᠷᠢᠯᠭ᠎ᠠ ᠶᠢᠨ ᠨᠡᠷᠡᠨ ᠤ ᠲᠤᠰᠤᠯᠲᠠ ᠶᠢᠨ  ᠰᠡᠭᠦᠳᠡᠷ ᠤᠨ  ᠱᠤᠭᠤᠮ ᠤᠨ  ᠬᠡᠪᠴᠢᠶᠡᠨ ᠠᠴᠠ  ᠭᠠᠳᠠᠨᠠᠬᠢ  ᠵᠦᠯᠭᠡ‌ᠭᠠᠵᠠᠷ ᠤᠨ ᠲᠠᠯᠠᠪᠠᠶ ᠶᠢ ᠭᠤᠷᠪᠠᠨ ᠤ  ᠨᠢᠭᠡ ᠠᠴᠠ  ᠳᠤᠲᠠᠭᠤ  ᠪᠠᠶᠢᠯᠭᠠᠵᠤ  ᠪᠣᠯᠬᠤ  ᠥᠬᠡᠶ  ᠪᠥᠭᠡᠳ  ᠨᠠᠰᠤᠲᠠᠶᠢᠴᠤᠳ  ᠪᠠ‌‍ᠬᠡᠦᠬᠡᠳ ᠤᠨ ᠠᠵᠢᠯᠯᠠᠭᠠᠨ ᠤ ᠲᠠᠯᠠᠪᠤᠷ ᠭᠠᠷᠭᠠᠬᠤ ᠬᠡᠷᠡᠭᠲᠡᠶ᠃ ᠡᠭᠦᠨ ᠠᠴᠠ ᠭᠠᠳᠠᠨ᠎ᠠ᠂ ᠣᠷᠣᠨ  ᠰᠠᠭᠤᠴᠠ ᠶᠢᠨ  ᠪᠠᠷᠢᠯᠭ᠎ᠠ ᠳ᠋ᠤ᠋‌‍ᠲ᠋ᠠᠭᠠᠯᠲᠠ ᠵᠠᠮ ᠳᠣᠭᠢᠷᠠᠭᠤᠯᠤᠨ ᠪᠠᠶᠢᠭᠤᠯᠵᠤ᠂ ᠣᠷᠣᠨ  ᠰᠠᠭᠤᠴᠠ ᠶᠢᠨ  ᠣᠷᠣᠵᠤ  ᠭᠠᠷᠬᠤ  ᠡᠭᠦᠳᠡ᠂  ᠨᠠᠰᠤᠲᠠᠶᠢᠴᠤᠳ  ᠪᠠ‌‍ᠬᠡᠦᠬᠡᠳ ᠤᠨ ᠠᠵᠢᠯᠯᠠᠭᠠᠨ ᠤ ᠲᠠᠯᠠᠪᠤᠷ ᠲᠠᠢ ᠬᠠᠷᠰᠢ ᠰᠠᠭᠠᠳ  ᠥᠬᠡᠶ  ᠬᠤᠯᠪᠣᠬᠤ ᠶᠢᠨ  ᠬᠠᠮᠲᠤ᠂  ᠬᠤᠲᠠ  ᠪᠤᠶᠤ  ᠪᠠᠯᠭᠠᠰᠤ‌‍ᠲ᠋ᠣᠭᠤᠷᠢᠭ ᠤᠨ ᠵᠠᠮ ᠤᠨ ᠶᠠᠪᠠᠭᠠᠨ‌ᠵᠠᠮ ᠲᠠᠢ ᠬᠤᠯᠪᠣᠵᠤ ᠰᠠᠭᠠᠳ  ᠥᠬᠡᠶ  ᠠᠯᠬᠤᠬᠤ  ᠰᠢᠰᠲ᠋ᠧᠮ ᠢ  ᠪᠦᠷᠢᠯᠳᠦᠭᠦᠯᠬᠦ  ᠬᠡᠷᠡᠭᠲᠡᠶ‌‍ᠭᠡᠵᠡᠢ᠃                  ᠰᠠᠨᠠᠯ ᠬᠤᠷᠢᠶᠠᠬᠤ ᠨᠤᠤᠷᠠᠭ ᠲᠤ ᠪᠠᠰᠠ᠂ ᠴᠡᠪᠡᠷᠯᠡᠭᠡᠨ ᠤ ᠦᠷᠦᠭᠡ ᠶᠢ ᠪᠤᠰᠤᠳ ᠰᠠᠭᠤᠭᠠᠯᠢ  ᠡᠷᠦᠬᠡ ᠶᠢᠨ  ᠤᠨᠲᠠᠬᠤ‌ᠥᠷᠥᠭᠡ᠂  ᠲᠣᠭᠤᠭᠠᠨ  ᠬᠡᠷ  ᠪᠠ  ᠬᠤᠭᠤᠯᠠᠨ  ᠬᠡᠷ ᠤᠨ  ᠳᠡᠭᠡᠳᠦ  ᠳᠠᠪᠬᠤᠷᠭ᠎ᠠ ᠳᠤ  ᠪᠠᠶᠢᠷᠢᠯᠠᠭᠤᠯᠵᠤ  ᠪᠣᠯᠬᠤ  ᠥᠬᠡᠶ᠃ᠴᠡᠪᠡᠷᠯᠡᠭᠡᠨ ᠤ ᠦᠷᠦᠭᠡ ᠶᠢᠨ ᠱᠠᠯᠠ ᠶᠢ ᠬᠠᠯᠳᠤᠷᠢᠬᠤ ᠠᠴᠠ ᠰᠡᠷᠭᠡᠶᠢᠯᠡᠨ ᠳᠡᠪᠢᠰᠴᠦ᠂ ᠱᠠᠯᠠ ᠶᠢᠨ  ᠲᠠᠶᠢᠪᠤᠩ  ᠦᠷᠦᠯᠲᠡ ᠵᠢᠨ‌ᠢᠯᠡᠳᠬᠡᠮᠵᠢ ︵COF︶᠎ ᠶᠢ 0 . 6᠎ ᠠᠴᠠ ᠪᠠᠭ᠎ᠠ ᠪᠠᠶᠢᠯᠭᠠᠵᠤ ᠪᠣᠯᠬᠤ ᠦᠭᠡᠶ᠃ ᠲᠣᠭᠤᠭᠠᠨ ᠭᠡᠷ᠂ ᠴᠡᠪᠡᠷᠯᠡᠭᠡᠨ ᠤ ᠦᠷᠦᠭᠡ᠂ᠪᠢᠲᠡᠭᠦᠦ ᠨᠠᠷᠠᠪᠴᠢ ᠬᠢᠭᠡᠳ ᠵᠡᠷᠭᠡᠯᠡᠳᠡᠭᠡ ᠣᠷᠣᠨ ᠵᠠᠶ ᠶᠢᠨ ᠱᠠᠯᠠ ᠶᠢᠨ ᠲᠦᠪᠰᠢᠨ ᠤ ᠵᠥᠷᠢᠶ᠎ᠡ ᠨᠢ 0 .  015  ᠮᠧᠲᠷ ᠡᠴᠠ‌‍ᠶᠡᠭᠡ ᠪᠠᠶᠢᠵᠤ ᠪᠣᠯᠬᠤ ᠦᠭᠡᠶ ᠪᠥᠭᠡᠳ ᠨᠠᠯᠠᠤᠬᠠᠨ ᠰᠢᠯᠵᠢᠬᠦ ᠬᠡᠷᠡᠭᠲᠡᠶ ᠭᠡᠵᠡᠢ᠃              ᠢᠷᠡᠯᠲᠡ᠄ ᠠᠷᠠᠳ ᠤᠨ ᠰᠦᠯᠵᠢᠶ᠎ᠡ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2