ᠰᠡᠷᠡᠮᠵᠢᠯᠡ︕  ᠨᠠᠰᠤᠲᠠᠨ ᠤ ᠬᠠᠷ ᠣᠳᠠᠰᠣᠨ ᠤ  ︽ᠵᠣᠭᠤᠰᠣᠨ ᠪᠣᠭᠴᠣ︾᠎ ᠎ ᠠᠴᠠ  ᠰᠠᠷ᠎ᠠ  ᠪᠦᠷᠢ  ᠬᠡᠳᠤ ᠬᠡᠳᠦᠨ ᠵᠠᠭᠤᠨ ᠲᠥᠭᠦᠷᠢᠭ  ᠢᠶᠠᠷ ᠬᠠᠰᠤᠭᠳᠠᠵᠠᠢ ︕
ᠨᠡᠶᠢᠲᠡᠯᠡᠭᠰᠡᠨ ᠴᠠᠭ᠄
2022/3/29
        ᠮᠠᠨ ᠤ ᠤᠯᠤᠰ ᠤᠨ ᠨᠠᠰᠤᠲᠠᠶᠢᠴᠤᠳ ᠤᠨ ᠰᠦᠯᠵᠢᠶᠡᠨ ᠢᠷᠭᠡᠨ ᠲᠦᠷᠭᠡᠨ ᠢᠶᠠᠷ  ᠨᠡᠮᠡᠭᠳᠡᠬᠦ ᠶᠢ  ᠳᠠᠭᠠᠯᠳᠤᠨ᠂  ᠵᠠᠷᠢᠮ‌ᠤᠨᠳᠤᠤ ᠰᠠᠨᠠᠭ᠎ᠠ ᠲᠠᠢ ᠬᠠᠤᠯᠢ ᠪᠤᠰᠤ ᠬᠤᠳᠠᠯᠳᠤᠭᠠᠴᠢᠳ ᠡᠨᠡᠬᠦ ᠮᠤᠨᠳᠠᠭ ᠶᠡᠭᠡ ᠬᠡᠷᠡᠭᠯᠡᠭᠡᠨ ᠤ  ᠰᠦᠷᠦᠭᠯᠡᠯ ᠢ  ᠠᠩᠬᠠᠷᠤᠯ ᠳ᠋ᠠᠭᠠᠨ‌ᠠᠪᠴᠠᠶ᠃ ᠣᠶᠢᠷ᠎ᠠ ᠳᠤ᠂ ᠮᠠᠰᠢ  ᠣᠯᠠᠨ  ᠬᠡᠷᠡᠭᠯᠡᠭᠴᠢ ᠶᠢᠨ  ᠵᠠᠭᠠᠯᠳᠤᠬᠤ ᠪᠠᠷ᠂  ᠬᠡᠷ ᠤᠨ  ᠬᠢᠨᠢ  ᠨᠠᠰᠤᠲᠠᠶᠢᠴᠤᠳ ᠤᠨ  ᠭᠠᠷ‌ᠤᠲᠠᠰᠤᠨ ᠳᠡᠭᠡᠷ᠎ᠡ ᠎ ᠨᠢ 1 ᠲᠥᠭᠦᠷᠢᠭ ᠤᠨ ︽ᠢᠨᠲ᠋ᠧᠷ ᠰᠦᠯᠵᠢᠶᠡᠨ ᠤ ᠳᠠᠭᠠᠳᠬᠠᠯ ᠤᠨ ᠵᠠᠷᠤᠳᠠᠯ︾  ᠬᠤᠷᠢᠶᠠᠭᠰᠠᠨ  ᠲᠡᠮᠳᠡᠭᠯᠡᠯ‌ᠣᠯᠠᠨ ᠪᠠᠶᠢᠨ᠎ᠠ᠃ ᠡᠳᠡᠭᠡᠷ ᠳᠠᠭᠠᠳᠬᠠᠯ ᠨᠢ ᠬᠦᠮᠣᠰ ᠲᠤ  ︽0  ᠲᠥᠭᠦᠷᠢᠭ᠂  1  ᠲᠥᠭᠦᠷᠢᠭ︾᠂  ︽ᠵᠠᠷᠤᠳᠠᠯ  ᠬᠤᠷᠢᠶᠠᠬᠤ‌ᠦᠭᠡᠶ︾ ᠭᠡᠰᠡᠨ ᠪᠤᠷᠤᠭᠤ ᠣᠶᠢᠯᠠᠭᠠᠯᠲᠠ  ᠦᠭᠴᠦ  ᠪᠠᠶᠢᠪᠠ᠂  ᠦᠨᠡᠨ ᠳᠡᠭᠡᠨ  ᠳᠠᠭᠠᠳᠬᠠᠯ ᠤᠨ  ᠵᠠᠷᠤᠳᠠᠯ ᠢ  ᠰᠡᠭᠦᠯᠴᠢ ᠵᠢᠨ‌ᠬᠤᠭᠤᠴᠠᠭ᠎ᠠ ᠬᠦᠷᠲᠡᠯ᠎ᠡ ᠲᠡᠰᠬᠡᠨ ᠨᠣᠭᠳᠠᠭᠤᠯᠵᠤ᠂ ᠬᠡᠷᠡᠭᠯᠡᠭᠴᠢᠳ ᠳᠠᠭᠠᠳᠬᠠᠯ ᠤᠨ ᠵᠠᠷᠤᠳᠠᠯ ᠤᠨ ᠬᠠᠷᠠᠭᠠᠯᠵᠠᠯ ᠢ  ᠦᠨᠡᠨ ᠳ᠋ᠡᠬᠡᠨ‌ᠣᠯᠵᠤ ᠡᠳ᠋ᠯᠡᠭᠰᠡᠨ ᠦᠭᠡᠶ᠃ ᠡᠨᠡ ᠵᠢᠯ ᠤᠨ 1 ᠳ᠋ᠤᠭᠡᠷ ᠰᠠᠷ᠎ᠠ ᠳᠤ᠂  ᠪᠠᠩᠬᠢ  ᠳᠠᠭᠠᠳᠬᠠᠯ ᠤᠨ  ᠬᠢᠨᠠᠯᠲᠠ  ᠬᠠᠮᠢᠶᠠᠷᠤᠯᠲᠠ ᠵᠢᠨ‌ᠵᠥ᠋ᠪᠯᠡᠯ ᠠᠴᠠ ᠡᠶᠢᠮᠤᠷᠬᠦ ᠳᠠᠭᠠᠳᠬᠠᠯ ᠤᠨ ᠡᠵᠡᠩᠨᠡᠨ ᠪᠣᠷᠣᠯᠠᠭᠤᠯᠬᠤ ᠠᠵᠢᠯᠯᠠᠭ᠎ᠠ ᠶᠢᠨ ᠲᠦᠭᠰᠢᠭᠦᠷᠢ ᠶᠢᠨ ᠲᠤᠬᠠᠢ ᠰᠠᠨᠠᠭᠤᠯᠤᠮᠵᠢ ᠵᠢ‌ᠨᠡᠶᠢᠲᠡᠯᠡᠵᠦ ᠦᠩᠭᠡᠷᠡᠪᠡ᠃                 ᠳᠤᠮᠳᠠᠳᠤ  ᠤᠯᠤᠰ ᠤᠨ  ᠨᠡᠶᠢᠭᠡᠮ ᠤᠨ  ᠰᠢᠨᠵᠢᠯᠡᠬᠦ  ᠤᠬᠠᠭᠠᠨ ᠤ  ᠬᠦᠷᠢᠶᠡᠯᠡᠩ ᠤᠨ  ᠮᠥᠩᠭᠦᠨ  ᠭᠦᠢᠯᠭᠡᠭᠡᠨ   ‍ᠤ‌‍ᠰᠤᠳᠤᠯᠭᠠᠨ ᠤ ᠭᠠᠵᠠᠷ ᠤᠨ ᠰᠤᠳᠤᠯᠤᠭᠴᠢ ᠭᠦᠸᠧ ᠶᠢᠨ ᠯᠦᠩ᠄ ᠡᠩ ᠤᠨ ᠪᠠᠶᠢᠳᠠᠯ ᠳᠤ ᠰᠠᠷ᠎ᠠ ᠪᠠᠷ  ᠳᠠᠭᠠᠳᠬᠠᠯ ᠤᠨ  ᠵᠠᠷᠤᠳᠠᠯ‌‍ᠲ᠋ᠤᠰᠢᠶᠠᠪᠠᠯ᠂ ᠰᠠᠷ᠎ᠠ ᠪᠦᠷᠢ ᠶᠢᠨ ᠳᠠᠭᠠᠳᠬᠠᠯ ᠤᠨ ᠵᠠᠷᠤᠳᠠᠯ ᠨᠢ ᠦᠨᠳᠦᠰᠦᠨ ᠳᠡᠭᠡᠨ ᠠᠳᠠᠯᠢ ᠪᠠᠶᠢᠬᠤ ᠬᠡᠷᠡᠭᠲᠡᠶ᠃ ᠲᠦᠷᠦᠬᠦᠨ ‍ᠤ‌ᠨᠢᠭᠡ ᠰᠠᠷ᠎ᠠ ᠎ ᠳᠤᠨᠢ ᠳᠤᠲᠠᠭᠤ ᠲᠤᠰᠢᠶᠠᠬᠤ ᠪᠤᠶᠤ ᠰᠡᠭᠦᠯ ᠤᠨ ᠰᠠᠷ᠎ᠠ ᠎ ᠤᠳ ᠲᠤ  ᠨᠡᠮᠡᠭᠳᠡᠭᠦᠯᠦᠭᠰᠡᠨ  ᠪᠣᠯ  ᠬᠢᠨᠠᠨ  ᠬᠠᠮᠢᠶᠠᠷᠬᠤ‌‍ᠲ᠋ᠠᠯ᠎ᠠ ᠠᠴᠠ ᠵᠥᠪᠰᠢᠶᠡᠷᠡᠵᠦ ᠪᠣᠯᠬᠤ ᠦᠭᠡᠢ ᠶᠤᠮ᠃ ᠪᠤᠷᠤᠭᠤ ᠵᠦᠭ ᠬᠥᠲᠥᠯᠬᠦ ᠪᠤᠶᠤ  ᠬᠤᠳᠠᠯ  ᠬᠠᠭᠤᠷᠮᠠᠭ ᠢᠶᠠᠷ  ᠤᠬᠠᠭᠤᠯᠬᠤ‌ᠠᠰᠠᠭᠤᠳᠠᠯ ᠣᠷᠣᠰᠢᠵᠤ ᠪᠠᠶᠢᠨ᠎ᠠ ᠭᠡᠯ᠎ᠡ᠃        ᠸᠢᠴᠠᠲ ᠠᠴᠠ ᠠᠦ᠋ᠲ᠋ᠣ᠋ ᠎ ᠪᠠᠷ ᠰᠦᠢᠳᠭᠡᠯ ᠰᠠᠭᠤᠯᠭᠠᠨ ᠠᠪᠬᠤ ᠶᠢ  ᠦᠭᠡᠶᠢᠰᠭᠡᠵᠦ  ᠲᠡᠶᠢᠯᠬᠦ  ᠥᠬᠡᠶ  ᠪᠠᠶᠢᠨ᠎ᠠ  ᠭᠡᠬᠦ‌ᠤᠯᠠᠨ ᠬᠡᠷᠡᠭᠯᠡᠭᠴᠢ ᠶᠢᠨ ᠲᠤᠰᠬᠠᠭᠰᠠᠨ ᠠᠰᠠᠭᠤᠳᠠᠯ ᠎ ᠤᠨ ᠲᠤᠬᠠᠢ ᠰᠤᠷᠪᠤᠯᠵᠢᠯᠠᠭᠴᠢ ᠲᠧᠩ ᠰᠢᠶᠦ᠋ᠨ ᠺᠣᠮᠫᠠᠨᠢ ᠶᠢᠨ ᠵᠣᠴᠢᠳ ᠲᠠᠢ‌ᠬᠠᠷᠢᠯᠴᠠᠵᠤ  ᠬᠠᠷᠢᠭᠤᠯᠲᠠ  ᠣᠯᠪᠠ᠃  ᠬᠡᠷᠡᠭᠯᠡᠭᠴᠢᠳ  ᠸᠢᠴᠠᠲ ᠎ ᠢᠶᠠᠨ  ᠨᠡᠭᠡᠭᠡᠵᠦ᠂  ᠪᠠᠷᠠᠭᠤᠨ  ᠳᠤᠤᠷ᠎ᠠ   ᠥᠨᠴᠥᠭ ᠎ ᠤᠨ︽我︾᠎ ᠶᠢ ᠲᠣᠪᠴᠢᠳᠠᠨ ᠲᠣᠭᠠᠴᠠᠭ᠎ᠠ ᠬᠢᠬᠦ ᠪᠠᠷᠠᠭᠤᠨ ᠳᠡᠭᠡᠷ᠎ᠡ ᠥᠨᠴᠥᠭ ᠲᠤ  ᠬᠦᠷᠴᠦ᠂  ᠰᠦᠢᠳᠭᠡᠯ  ᠰᠠᠭᠤᠯᠭᠠᠨ  ᠠᠪᠬᠤ‌ᠦᠢᠯᠡᠴᠢᠯᠡᠭᠡᠨ ᠤ ᠬᠠᠭᠤᠳᠠᠰᠤᠨ ᠳᠤ ᠤᠷᠤᠭᠠᠳ᠂ ᠨᠢᠭᠡᠨᠲᠡ ᠭᠡᠷ᠎ᠡ ᠲᠣᠭᠲᠠᠭᠰᠠᠨ  ᠵᠥᠢᠯᠡᠰ ᠲᠤ  ᠬᠦᠴᠦᠨ  ᠥᠬᠡᠶ  ᠪᠣᠯᠭᠠᠬᠤ‌‍ᠴᠢᠬᠤᠯᠠᠲᠠᠶ ᠵᠥᠢᠯᠡᠰ ᠢ ᠲᠣᠪᠴᠢᠳᠠᠵᠤ᠂  ᠲᠣᠰ  ᠵᠥᠢᠯᠡᠰ ᠤᠨ  ᠠᠦ᠋ᠲ᠋ᠣ᠋ ᠪᠠᠷ  ᠰᠦᠢᠳᠭᠡᠯ  ᠰᠠᠭᠤᠯᠭᠠᠨ  ᠠᠪᠬᠤ ᠶᠢ  ᠬᠠᠭᠠᠵᠤ‌‍ᠪᠣᠯᠤᠨ᠎ᠠ᠃                  ᠢᠷᠡᠯᠲᠠ᠄ ᠠᠷᠠᠳ ᠤᠨ ᠰᠦᠯᠵᠢᠶ᠎ᠡ 
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2