ᠨᠤᠭᠤᠭ᠎ᠠ ᠢᠳᠡᠭᠦ ᠦᠬᠡᠢ ᠪᠤᠯ ᠡᠪᠡᠳᠴᠢᠨ ᠤᠯᠤᠨ᠎ᠠ
ᠨᠡᠶᠢᠲᠡᠯᠡᠭᠰᠡᠨ ᠴᠠᠭ᠄
2021/10/29
           ᠢᠳᠡᠭᠡᠨ ᠤᠮᠳᠠᠭᠠᠨ ᠤ ᠵᠦᠭᠯᠡᠭᠦᠷ ᠲᠤ᠂ ᠡᠳᠦᠷ ᠪᠤᠯᠭᠠᠨ 300 — 500 ᠭᠷᠡᠮ ᠢᠳᠡᠰᠢᠨ ᠨᠤᠭᠤᠭ᠎ᠠ ᠢᠳᠡᠵᠦ᠂ᠡᠭᠦᠨ ᠤ ᠬᠠᠭᠠᠰ ᠨᠢ ᠭᠦᠨ ᠦᠩᠭᠡᠳᠡᠢ ᠢᠳᠡᠰᠢᠨ ᠨᠤᠭᠤᠭ᠎ᠠ ᠪᠠᠶᠢᠬᠤ ᠶᠤᠰᠤᠳᠠᠢ ᠭᠡᠰᠡᠨ ᠵᠦᠪᠯᠡᠯᠭᠡ ᠦᠭᠭᠦᠭᠰᠡᠨ ᠪᠠᠶᠢᠨ᠎ᠠ᠃                 ︽ᠠᠮᠢ ᠨᠠᠰᠤᠨ ᠤ ᠴᠠᠭ ᠰᠤᠨᠢᠨ︾᠎ ᠤ ᠬᠢᠨ  ᠵᠤᠬᠢᠶᠠᠨ  ᠪᠠᠶᠢᠭᠤᠯᠤᠭᠰᠠᠨ  ᠢᠳᠡᠰᠢᠨ  ᠨᠤᠭᠤᠭ᠎ᠠ  ᠢᠳᠡᠵᠦ  ᠪᠠᠶᠢᠭ᠎ᠠ‌‍ᠪᠠᠶᠢᠳᠠᠯ ᠤᠨ ᠳᠤᠬᠠᠢ ᠪᠠᠶᠢᠴᠠᠭᠠᠯᠳᠠ ᠠᠴᠠ ᠦᠵᠡᠪᠡᠯ᠂ ᠮᠠᠨ ᠤ  ᠤᠯᠤᠰ ᠤᠨ  ᠤᠯᠠᠩᠭᠢ  ᠳᠤᠭᠠᠨ ᠤ  ᠬᠦᠮᠦᠨ  ᠪᠦᠷ  ᠡᠳᠦᠷ‌‍ᠪᠤᠯᠭᠠᠨ  ᠢᠳᠡᠰᠢᠨ  ᠨᠤᠭᠤᠭ᠎ᠠ  ᠢᠳᠡᠵᠤ  ᠪᠠᠶᠢᠭ᠎ᠠ  ᠪᠤᠯᠪᠠᠴᠤ  ᠶᠢᠰᠦᠨ  ᠬᠤᠪᠢ ᠶᠢᠨ  ᠬᠦᠮᠦᠨ ᠤ  ᠢᠳᠡᠭᠰᠡᠨ   ᠢᠳᠡᠰᠢᠨ‌ᠨᠤᠭᠤᠭ᠎ᠠ ᠶᠢᠨ ᠳᠦᠷᠦᠯ ᠨᠢ 5 ᠵᠦᠢᠯ ᠠᠴᠠ ᠳᠤᠤᠷ᠎ᠠ ᠪᠠᠶᠢᠵᠤ᠂ ᠨᠢᠭᠡ ᠯᠡ ᠵᠦᠢᠯ ᠤᠨ  ᠨᠤᠭᠤᠭ᠎ᠠ  ᠢᠳᠡᠳᠡᠭ  ᠬᠦᠮᠦᠨ  ᠴᠤ᠋‌ᠤᠯᠠᠨ ᠪᠠᠶᠢᠭ᠎ᠠ ᠠᠵᠢ᠃ ᠤᠯᠠᠩᠭᠢ ᠳᠤᠰᠬᠠᠢ ᠮᠡᠷᠭᠡᠵᠢᠯᠳᠡᠨ ᠪᠦᠷ ᠳᠤᠮᠳᠠᠳᠤ ᠤᠯᠤᠰ ᠤᠨ ᠬᠦᠮᠦᠨ ᠤ ᠢᠳᠡᠰᠢᠨ ᠨᠤᠭᠤᠭ᠎ᠠ  ᠢᠳᠡᠬᠦ  ᠬᠡᠮᠵᠢᠶ᠎ᠠ‌‍ᠪᠠᠭ᠎ᠠ ᠪᠠᠶᠢᠨ᠎ᠠ ᠭᠡᠵᠦ ᠦᠵᠡᠵᠡᠭᠡᠵᠦ ᠪᠠᠶᠢᠨ᠎ᠠ᠃        ᠢᠳᠡᠭᠡᠨ ᠤᠮᠳᠠᠭᠠᠨ ᠤ ᠵᠦᠭᠯᠡᠭᠦᠷ ᠲᠤ ᠪᠠᠰᠠ ᠢᠳᠡᠰᠢᠨ ᠨᠤᠭᠤᠭ᠎ᠠ ᠵᠢᠮᠢᠰ  ᠳᠡᠮᠡᠢ  ᠢᠳᠡᠬᠦ  ᠦᠭᠡᠢ  ᠪᠠᠶᠢᠬᠤ  ᠪᠤᠯ‌‍ᠲ᠋ᠡᠯᠡᠬᠡᠢ ᠶᠢᠨ ᠤᠯᠤᠰ ᠤᠨ ᠰᠠᠭᠤᠭᠠᠯᠢ ᠠᠷᠠᠳ ᠤᠨ ᠦᠭᠦᠯ ᠤᠨ ᠳᠦᠷᠦᠭᠦᠦ ᠠᠷᠪᠠ ᠳᠤ  ᠤᠷᠤᠬᠤ  ᠠᠶᠤᠯᠳᠠᠢ  ᠡᠯᠧᠮᠧᠨ᠋ᠲ ‍ᠦᠨ‌ᠨᠢᠭᠡ ᠪᠤᠯᠤᠨ᠎ᠠ ᠭᠡᠵᠦ ᠵᠢᠭᠠᠭᠰᠠᠨ ᠪᠠᠶᠢᠨ᠎ᠠ᠃ ᠳᠡᠭᠡᠪᠡᠯ ᠢᠳᠡᠰᠢᠨ ᠨᠤᠭᠤᠭ᠎ᠠ ᠪᠠᠭ᠎ᠠ ᠢᠳᠡᠬᠦ ᠨᠢ ᠴᠤᠬᠤᠮ ᠶᠠᠮᠠᠷ ᠦᠷ᠎ᠡ ᠳ᠋ᠦᠩ ᠢ ᠠᠪᠴᠢᠷᠠᠳᠠᠭ ᠪᠤᠯ︖                  ᠰᠢᠮ᠎ᠡ ᠳᠡᠵᠢᠭᠡᠯ ᠳᠤᠳᠠᠭᠳᠠᠨ᠎ᠠ                 ᠢᠳᠡᠰᠢᠨ  ᠨᠤᠭᠤᠭ᠎ᠠ ᠳᠤ  ᠸᠢᠲ᠋ᠠᠮᠢᠨ᠂  ᠤᠷᠭᠠᠨᠢᠬ  ᠪᠤᠰᠤ  ᠳᠠᠪᠤᠰᠤ᠂  ᠢᠳᠡᠭᠡᠨ ᠤ  ᠰᠢᠷᠭᠡᠭᠯᠢᠭ  ᠵᠡᠷᠭᠡ  ᠡᠯᠪᠡᠭ‌ᠠᠭᠤᠯᠤᠭᠳᠠᠳᠠᠭ᠂ ᠬᠡᠷᠪᠡ ᠢᠳᠡᠰᠢᠨ ᠨᠤᠭᠤᠭ᠎ᠠ ᠢᠳᠡᠬᠦ ᠦᠭᠡᠢ ᠪᠤᠶᠤ ᠬᠦᠷᠦᠯᠴᠡᠭᠦ᠋ᠢᠴᠡ ᠬᠡᠮᠵᠢᠶ᠎ᠠ ᠪᠠᠷ  ᠢᠳᠡᠬᠦ  ᠦᠭᠡᠢ  ᠪᠤᠯ‌‍ᠪᠡᠶ᠎ᠡ ᠶᠢᠨ ᠵᠠᠷᠤᠴᠠᠭᠤᠯᠤᠭᠰᠠᠨ ᠸᠢᠲ᠋ᠠᠮᠢᠨ ᠢ ᠴᠠᠭ ᠳᠤᠬᠠᠢ ᠳᠤᠨᠢ ᠨᠦᠬᠦᠵᠦ ᠳᠡᠶᠢᠯᠬᠦ ᠦᠭᠡᠢ᠃                      ᠢᠳᠡᠰᠢᠨ ᠨᠤᠭᠤᠭ᠎ᠠ ᠨᠢ ᠬᠦᠮᠦᠨ ᠤ ᠭᠡᠳᠡᠰᠦᠨ ᠤ ᠬᠡᠪ ᠤᠨ  ᠴᠢᠳᠠᠪᠬᠢ ᠶᠢ  ᠪᠠᠳᠤᠯᠠᠬᠤ ᠳᠤ  ᠴᠢᠬᠤᠯᠠ  ᠦᠢᠯᠡᠳᠦᠯ‌ᠦᠵᠡᠭᠦᠯᠳᠡᠭ᠂  ᠢᠳᠡᠰᠢᠨ  ᠨᠤᠭᠤᠭ᠎ᠠ ᠳᠤ  ᠠᠭᠤᠯᠤᠭᠳᠠᠳᠠᠭ  ᠢᠳᠡᠭᠡᠨ ᠤ  ᠰᠢᠷᠭᠡᠭᠯᠢᠭ ᠢ  ᠬᠦᠷᠦᠯᠴᠡᠭᠦ᠋ᠢᠴᠡ  ᠬᠡᠮᠵᠢᠶ᠎ᠡ ᠪᠠᠷ‌‍ᠰᠢᠩᠭᠡᠭᠡᠨ ᠠᠪᠴᠤ ᠳᠡᠶᠢᠯᠬᠦ ᠦᠭᠡᠢ ᠪᠤᠯ  ᠠᠮᠠᠷᠬᠠᠨ  ᠬᠤᠷᠭᠤᠰᠤᠯᠠᠬᠤ  ᠪᠠᠶᠢᠳᠠᠯ  ᠭᠠᠷᠳᠠᠭ  ᠪᠦᠭᠡᠳ  ᠤᠯᠠᠮ  ᠴᠢᠨᠠᠬᠰᠢᠳᠠ‌‍ᠰᠢᠯᠤᠭᠤᠨ ᠭᠡᠳᠡᠰᠦᠨ ᠤ ᠦᠮᠡᠨ ᠡᠭᠦᠰᠭᠡᠬᠦ ᠠᠶᠤᠯ ᠲᠠᠢ ᠪᠠᠶᠢᠳᠠᠭ᠃ ᠬᠦᠷᠦᠯᠴᠡᠭᠦ᠋ᠢᠴᠡ ᠢᠳᠡᠰᠢᠨ ᠨᠤᠭᠤᠭ᠎ᠠ ᠢᠳᠡᠬᠦ ᠨᠢ ᠪᠠᠰᠠ‌‍ᠰᠠ ᠡᠪᠡᠳᠴᠢᠨ ᠪᠠ ᠳᠢᠳᠢᠮᠯᠢᠭ ᠵᠢᠷᠦᠭᠡᠨ ᠡᠪᠡᠳᠴᠢᠨ  ᠡᠭᠦᠰᠬᠦ  ᠠᠶᠤᠯ ᠢ  ᠪᠠᠭᠠᠰᠬᠠᠳᠠᠭ᠂  ᠮᠦᠨ  ᠴᠤ  ᠵᠢᠷᠦᠭᠡ  ᠴᠢᠰᠦᠨ‌‍ᠰᠤᠳᠠᠯ ᠤᠨ ᠡᠪᠡᠳᠴᠢᠨ ᠠᠴᠠ ᠪᠤᠯᠬᠤ ᠦᠬᠦᠯ ᠤᠨ ᠠᠶᠤᠯ ᠢ ᠪᠠᠭᠠᠰᠬᠠᠳᠠᠭ᠃                  ᠢᠳᠡᠰᠢᠨ ᠨᠤᠭᠤᠭ᠎ᠠ ᠢᠯᠡᠭᠦᠦ ᠢᠳᠡᠬᠦ ᠳᠡᠮ                  ᠬᠡᠮᠵᠢᠶᠡᠨ ᠤ ᠳᠠᠯ᠎ᠠ ᠠᠴᠠ ᠶᠠᠷᠢᠪᠠᠯ᠂ 100 ᠭᠷᠡᠮ ᠳᠦᠭᠦᠬᠡᠢ ᠢᠳᠡᠰᠢᠨ ᠨᠤᠭᠤᠭ᠎ᠠ ᠶᠢ ᠪᠤᠯᠭᠤᠭᠰᠠᠨ ᠳᠠᠷᠠᠭ᠎ᠠ  ᠶᠡᠭᠡ‌‍ᠪᠠᠭ᠎ᠠ ᠨᠢ ᠪᠠᠷᠤᠭ ᠨᠢᠭᠡ ᠳᠤᠤᠷ ᠪᠦᠮᠪᠦᠭᠡ ᠶᠢᠨ ᠬᠢᠷᠢ ᠪᠤᠯᠳᠠᠭ᠂ ᠳᠡᠶᠢᠮᠦ ᠠᠴᠠ ᠡᠳᠦᠷ ᠲᠤ  5  ᠳᠤᠤᠷ  ᠪᠦᠮᠪᠦᠭᠡ ᠶᠢᠨ  ᠬᠢᠷᠢ‌ᠢᠳᠡᠰᠢᠨ ᠨᠤᠭᠤᠭ᠎ᠠ ᠢᠳᠡᠬᠦ ᠳᠤ ᠯᠡ 500 ᠭᠷᠡᠮ ᠳᠦᠭᠦᠬᠡᠢ ᠢᠳᠡᠰᠢᠨ ᠨᠤᠭᠤᠭ᠎ᠠ ᠢᠳᠡᠭᠰᠡᠨ ᠲᠠᠢ ᠳᠡᠩᠴᠡᠨ᠎ᠠ᠃                  1. ᠡᠷᠡᠨ ᠪᠤᠯᠭᠠᠨ ᠤ  ᠬᠤᠭᠤᠯᠠᠨ ᠳᠤ  ᠪᠦᠷ  ᠢᠳᠡᠰᠢᠨ  ᠨᠤᠭᠤᠭ᠎ᠠ  ᠪᠠᠶᠢᠬᠤ᠂  ᠨᠢᠭᠡ  ᠡᠷᠡᠨ ᠤ  ᠬᠤᠭᠤᠯᠠᠨ ‍ᠤ‌ᠬᠠᠭᠠᠰ ᠢ ᠨᠢ ᠢᠳᠡᠰᠢᠨ ᠨᠤᠭᠤᠭ᠎ᠠ ᠡᠵᠡᠯᠡᠵᠦ ᠪᠠᠶᠢᠬᠤ ᠶᠢ ᠪᠠᠳᠤᠯᠠᠨ᠎ᠠ᠃ ᠳᠡᠭᠡᠪᠡᠯ  ᠰᠠᠶ᠋ᠢ  300  —  500  ᠭᠷᠡᠮ ‍ᠤᠨ‌ᠬᠠᠷᠠᠯᠳᠠ ᠪᠠᠨ ᠪᠡᠶᠡᠯᠡᠭᠦᠯᠵᠦ ᠳᠡᠶᠢᠯᠦᠨ᠎ᠠ᠃  ᠭᠤᠷᠪᠠᠨ ᠠᠮᠠ ᠪᠦᠯᠢ ᠶᠢᠨ ᠬᠢᠨ ᠡᠳᠦᠷ ᠲᠤ 1 — 1.5 ᠺᠢᠯᠦᠭᠷᠡᠮ  ᠰᠢᠨ᠎ᠠ  ᠰᠤᠷᠭᠤᠭ  ᠢᠳᠡᠰᠢᠨ  ᠨᠤᠭᠤᠭ᠎ᠠ‌ᠠᠪᠴᠤ ᠭᠤᠷᠪᠠᠨ  ᠡᠷᠡᠨ  ᠬᠤᠭᠤᠯᠠᠨ ᠳᠠᠭᠠᠨ  ᠬᠤᠪᠢᠶᠠᠵᠤ  ᠳᠤᠬᠢᠷᠠᠭᠤᠯᠤᠨ᠎ᠠ᠃  ᠦᠳᠡ  ᠤᠷᠤᠢ ᠶᠢᠨ  ᠬᠤᠭᠤᠯᠠᠨ ᠳ᠋ᠠᠭᠠᠨ‌ᠢᠳᠡᠰᠢᠨ ᠨᠤᠭᠤᠭ᠎ᠠ ᠡᠯᠪᠡᠭ ᠨᠤᠭᠤᠭ᠎ᠠ  ᠵᠠᠭᠤᠰᠢ  ᠪᠡᠯᠡᠳᠭᠡᠨ᠎ᠠ᠂  ᠳᠦᠭᠦᠬᠡᠢ ᠪᠠᠷ  ᠢᠳᠡᠵᠦ  ᠪᠤᠯᠳᠠᠭ  ᠢᠳᠡᠰᠢᠨ  ᠨᠤᠭᠤᠭ᠎ᠠ︵ᠳᠦᠪᠡᠳ ᠬᠠᠰᠢ᠂ ᠦᠷᠭᠡᠰᠦᠳᠦ ᠬᠡᠮᠭᠡ᠂ ᠭᠡᠷ ᠤᠨ ᠢᠳᠡᠷ᠎ᠡ ᠵᠡᠷᠭᠡ︶᠎ ᠶᠢ ᠬᠤᠭᠤᠯᠠᠨ ᠡᠮᠦᠨ᠎ᠠ  ᠬᠤᠶᠢᠨ᠎ᠠ  ᠰᠤᠯᠠ  ᠢᠳᠡᠭᠡᠨ ‍ᠤ‌ᠤᠷᠤᠨ ᠳᠤ ᠢᠳᠡᠵᠦ ᠪᠤᠯᠤᠨ᠎ᠠ᠂ ᠳᠡᠭᠡᠪᠡᠯ ᠢᠳᠡᠰᠢᠨ ᠨᠤᠭᠤᠭ᠎ᠠ ᠶᠢᠨ ᠤᠤᠯ  ᠦᠨᠦᠷ  ᠠᠮᠳᠠ ᠶᠢ  ᠬᠠᠳᠠᠭᠠᠯᠠᠵᠤ  ᠳᠡᠶᠢᠯᠬᠦ ᠪᠠᠷ‌‍ᠪᠠᠷᠠᠬᠤ ᠦᠭᠡᠢ ᠰᠢᠮ᠎ᠡ ᠳᠡᠵᠢᠭᠡᠯ ᠢ ᠨᠢ ᠴᠤ ᠠᠯᠳᠠᠭᠳᠠᠭᠤᠯᠤᠯ ᠦᠭᠡᠢ ᠪᠠᠷ ᠰᠢᠩᠭᠡᠭᠡᠵᠦ ᠪᠤᠯᠤᠨ᠎ᠠ᠃                   2. ᠭᠠᠷ ᠤᠨ ᠦᠵᠦᠭᠦᠷ ᠳᠠᠯᠪᠢᠨ᠎ᠠ᠃ ᠠᠮᠧᠷᠢᠺᠠ ᠶᠢᠨ ᠬᠢᠨ ᠤ ᠨᠢᠭᠡ ᠰᠤᠳᠤᠯᠭᠠᠨ ᠠᠴᠠ ᠦᠵᠡᠪᠡᠯ᠂ ᠬᠦᠷᠦᠭᠡᠭᠦᠷ ᠤᠨ ᠬᠠᠭᠠᠯᠭ᠎ᠠ ᠶᠢ  ᠤᠩᠭᠤᠢᠢᠯᠭᠠᠬᠤ ᠲᠠᠢ‌ᠵᠡᠷᠭᠡ ᠨᠢᠳᠤᠨ ᠳᠤ ᠦᠷᠳᠦᠳᠡᠭ ᠳᠡᠷᠡ ᠢᠳᠡᠭᠡᠨ ᠤ ᠵᠦᠢᠯ ᠢ  ᠰᠤᠩᠭᠤᠵᠤ  ᠢᠳᠡᠬᠦ  ᠳᠤᠬᠢᠶᠠᠯᠳᠤᠯ ᠨᠢ  ᠬᠤᠶᠠᠷ  ᠳᠠᠬᠢᠨ ᠵᠶ᠋ᠠᠷ‌ᠦᠨᠳᠦᠷ ᠪᠠᠶᠢᠳᠠᠭ ᠪᠠᠶᠢᠨ᠎ᠠ᠂ ᠳᠡᠶᠢᠮᠦ ᠠᠴᠠ ᠢᠳᠡᠰᠢᠨ ᠨᠤᠭᠤᠭ᠎ᠠ ᠪᠠᠨ  ᠨᠢᠳᠤᠨ ᠳᠤ  ᠦᠵᠡᠭᠳᠡᠳᠡᠭ  ᠭᠠᠷ ᠲᠤ  ᠪᠠᠷᠢᠬᠳᠠᠳᠠᠭ‌ᠭᠠᠵᠠᠷ ᠳᠠᠯᠪᠢᠬᠤ ᠨᠢ ᠳᠤᠩ ᠴᠢᠬᠤᠯᠠ᠃  ᠢᠳᠡᠭᠡᠨ ᠤᠮᠳᠠᠭᠠᠨ ᠤ ᠵᠦᠭᠯᠡᠭᠦᠷ ᠲᠤ  ᠴᠤ᠂  ᠳᠦᠬᠦᠭᠡᠢ ᠪᠠᠷ  ᠢᠳᠡᠳᠡᠭ  ᠢᠳᠡᠰᠢᠨ  ᠨᠤᠭᠤᠭ᠎ᠠ ᠶᠢ  ᠨᠢᠳᠤᠨ ᠳ᠋ᠤ᠋‌ᠦᠵᠡᠭᠳᠡᠳᠡᠭ ᠭᠠᠷ ᠲᠤ ᠪᠠᠷᠢᠬᠳᠠᠳᠠᠭ ᠭᠠᠵᠠᠷ ᠲᠤ ᠳᠠᠯᠪᠢᠬᠤ ᠵᠦᠪᠯᠡᠯᠭᠡ ᠦᠭᠭᠦᠭᠰᠡᠨ ᠪᠠᠶᠢᠨ᠎ᠠ᠃                     3. ᠰᠢᠨ᠎ᠡ ᠰᠡᠪᠡᠭᠦᠨ ᠢᠳᠡᠬᠦ ᠠᠷᠭ᠎ᠠ ᠶᠢ ᠳᠤᠷᠰᠢᠵᠤ ᠪᠤᠯᠤᠨ᠎ᠠ᠃ ᠢᠳᠡᠰᠢᠨ ᠨᠤᠭᠤᠭ᠎ᠠ ᠶᠢ ᠬᠤᠭᠤᠯᠠᠨ ᠤ ᠪᠠᠨ ᠭᠤᠤᠯ‌‍ᠪᠠᠶᠢᠷᠢᠨ ᠳᠤ ᠳᠠᠯᠪᠢᠵᠤ᠂ ᠶᠠᠩᠵᠤ ᠶᠠᠩᠵᠤ ᠪᠠᠷ ᠢᠳᠡᠬᠦ ᠶᠢ ᠳᠤᠷᠰᠢᠵᠤ ᠦᠵᠡᠵᠦ ᠪᠤᠯᠤᠨ᠎ᠠ᠂ ᠠᠯᠠᠬᠯᠠᠭᠤᠯᠵᠤ ᠢᠳᠡᠬᠦ  ᠳᠤᠷᠠᠳᠠᠢ‌‍ᠪᠠᠭᠰᠤᠷᠭ᠎ᠠ ᠬᠤᠯᠢᠴᠠ ᠬᠢᠵᠦ ᠢᠳᠡᠵᠦ ᠪᠤᠯᠤᠨ᠎ᠠ᠃ ᠭᠡᠷ ᠲᠡᠭᠡᠨ  ᠢᠳᠡᠰᠢᠨ  ᠨᠤᠭᠤᠭ᠎ᠠ ᠶᠢᠨ  ᠰᠢᠭᠦᠰᠦ  ᠰᠢᠬᠠᠵᠤ  ᠤᠤᠭᠤᠵᠤ‌‍ᠪᠤᠯᠤᠨ᠎ᠠ᠂ ᠢᠳᠡᠰᠢᠨ ᠨᠤᠭᠤᠭ᠎ᠠ ᠶᠢᠨ ᠰᠢᠭᠦᠰᠦ ᠰᠢᠬᠠᠵᠤ ᠤᠤᠭᠤᠬᠤ ᠳᠠᠭᠠᠨ ᠰᠢᠭᠠᠷᠤᠭ ᠲᠠᠢ ᠨᠢ ᠴᠤᠭ ᠤᠤᠭᠤᠪᠠᠯ ᠰᠠᠶᠢᠨ᠃              ᠢᠳᠡᠰᠢᠨ ᠨᠤᠭᠤᠭ᠎ᠠ ᠰᠤᠩᠭᠤᠵᠤ ᠢᠳᠡᠬᠦ ᠵᠠᠷᠴᠢᠮ                  ᠰᠢᠨ᠎ᠠ ᠰᠤᠷᠭᠤᠭ ᠪᠠᠶᠢᠬᠤ ᠶᠢ ᠴᠢᠬᠤᠯᠠᠴᠢᠯᠠᠨ᠎ᠠ ᠰᠢᠨ᠎ᠠ ᠰᠤᠷᠭᠤᠭ ᠬᠤᠷᠢᠶᠠᠯᠳᠠ ᠶᠢᠨ ᠴᠠᠭ ᠲᠠᠭᠠᠨ ᠪᠠᠶᠢᠭ᠎ᠠ ᠢᠳᠡᠰᠢᠨ‌ᠨᠤᠭᠤᠭ᠎ᠠ ᠶᠢᠨ ᠦᠩᠭᠡ ᠨᠢ ᠰᠠᠶᠢᠬᠠᠨ᠂ ᠤᠰᠤᠨ ᠤ ᠠᠭᠤᠯᠤᠭᠳᠠᠴᠠ ᠨᠢ  ᠡᠯᠪᠡᠭ᠂  ᠰᠢᠨ᠎ᠠ  ᠳᠡᠵᠢᠭᠡᠯ ᠨᠢ  ᠪᠦᠷᠢᠨ᠂  ᠦᠨᠦᠷ‌ᠠᠮᠳᠠ ᠰᠠᠶᠢᠳᠠᠢ ᠪᠠᠶᠢᠳᠠᠭ᠂ ᠬᠦᠮᠦᠨ ᠤ ᠪᠡᠶ᠎ᠡ ᠶᠢᠨ ᠡᠷᠡᠭᠦᠯ ᠮᠡᠨᠳᠦ ᠳᠤ ᠨᠡᠩ ᠠᠰᠢᠬᠳᠠᠢ ᠪᠠᠶᠢᠳᠠᠭ᠃ ᠡᠳᠦᠷ ᠤᠨ ᠨᠤᠭᠤᠭ᠎ᠠ ᠪᠠᠨ ᠡᠳᠦᠷ ᠲᠡᠭᠡᠨ ᠠᠪᠴᠤ  ᠤᠳᠠᠭᠠᠨ  ᠬᠠᠳᠠᠭᠠᠯᠠᠬᠤ  ᠦᠭᠡᠢ  ᠪᠤᠯ  ᠰᠠᠶᠢᠨ᠃  ᠤᠳᠠᠭᠠᠨ‌ᠬᠠᠳᠠᠭᠠᠯᠠᠪᠠᠯ ᠤᠰᠤ᠂ ᠰᠢᠮ᠎ᠠ ᠳᠡᠵᠢᠭᠡᠯ ᠨᠢ ᠠᠯᠳᠠᠭᠳᠠᠵᠤ ᠠᠮᠳᠠ ᠨᠢ ᠴᠤ ᠰᠤᠯᠠᠷᠠᠨ᠎ᠠ᠃  ᠤᠳᠠᠭᠠᠨ  ᠳᠠᠯᠪᠢᠭᠠᠳ  ᠢᠯᠵᠢᠷᠡᠪᠡᠯ‌‍ᠪᠠᠰᠠ ᠳᠤᠳᠠᠭᠤ ᠠᠽᠤᠲ ᠬᠦᠴᠢᠯ ᠤᠨ ᠳᠠᠪᠤᠰᠤ ᠮᠡᠳᠦ ᠶᠢᠨ  ᠦᠮᠡᠨ  ᠡᠭᠦᠰᠭᠡᠭᠴᠢ ᠶᠢ  ᠪᠤᠢ  ᠪᠤᠯᠭᠠᠵᠤ  ᠡᠷᠡᠭᠦᠯ  ᠮᠡᠨᠳᠦ ᠵᠢ‌ᠬᠤᠬᠢᠷᠠᠭᠤᠯᠵᠤ ᠮᠡᠳᠡᠨ᠎ᠠ᠃                    ᠦᠩᠭᠡ ᠪᠠᠷ ᠨᠢ ᠰᠤᠩᠭᠤᠨ᠎ᠠ                    ᠢᠳᠡᠰᠢᠨ ᠨᠤᠭᠤᠭ᠎ᠠ ᠶᠢ ᠦᠩᠭᠡ ᠪᠠᠷ ᠨᠢ ᠭᠦᠨ ᠦᠩᠭᠡᠳᠡᠢ ᠭᠦᠶᠦᠭᠡᠨ ᠦᠩᠭᠡᠳᠡᠢ ᠭᠡᠵᠦ  ᠬᠤᠪᠢᠶᠠᠵᠤ  ᠪᠤᠯᠤᠨ᠎ᠠ᠃ᠭᠦᠨ ᠦᠩᠭᠡᠳᠡᠢ ᠢᠳᠡᠰᠢᠨ ᠨᠤᠭᠤᠭ᠎ᠠ ᠭᠡᠳᠡᠭ ᠨᠢ  ᠭᠦᠨ  ᠨᠤᠭᠤᠭᠠᠨ  ᠦᠩᠭᠡᠳᠡᠢ᠂  ᠤᠯᠠᠭᠠᠨ  ᠦᠩᠭᠡᠳᠡᠢ᠂  ᠵᠦᠷᠵᠢ ᠵᠢᠨ‌ᠤᠯᠠᠭᠠᠨ ᠦᠩᠭᠡᠳᠡᠢ ᠪᠠ ᠬᠦᠷᠡᠩ ᠤᠯᠠᠭᠠᠨ  ᠦᠩᠭᠡᠳᠡᠢ  ᠢᠳᠡᠰᠢᠨ  ᠨᠤᠭᠤᠭ᠎ᠠ ᠶᠢ  ᠬᠡᠯᠡᠳᠡᠭ  ᠪᠦᠭᠡᠳ  ᠭᠦᠨ  ᠦᠩᠭᠡᠳᠡᠢ‌ᠢᠳᠡᠰᠢᠨ ᠨᠤᠭᠤᠭ᠎ᠠ ᠳᠤ β- ᠬᠤᠯᠤᠤᠪᠠᠩ ᠤᠨ  ᠡᠳ᠋  ᠡᠯᠪᠡᠭ  ᠠᠭᠤᠯᠤᠭᠳᠠᠳᠠᠭ᠂  ᠳᠡᠷᠡ ᠨᠢ  ᠸᠢᠲ᠋ᠠᠮᠢᠨ  A᠎ ᠶᠢᠨ  ᠭᠤᠤᠯ‌ᠢᠷᠡᠯᠳᠡ ᠪᠤᠯᠤᠨ᠎ᠠ᠂ ᠳᠡᠶᠢᠮᠦ ᠢᠯᠡᠭᠦᠦ ᠢᠳᠡᠬᠦ ᠶᠢ ᠠᠩᠬᠠᠷᠪᠠᠯ  ᠵᠤᠬᠢᠨ᠎ᠠ᠃  ᠤᠯᠠᠨ  ᠲᠦᠷᠦᠯ ᠤᠨ  ᠢᠳᠡᠰᠢᠨ  ᠨᠤᠭᠤᠭ᠎ᠠ ᠵᠢ‌‍ᠰᠤᠯᠢᠵᠤ ᠬᠤᠯᠢᠵᠤ ᠢᠳᠡᠨ᠎ᠠ ᠢᠳᠡᠰᠢᠨ ᠨᠤᠭᠤᠭ᠎ᠠ ᠰᠤᠩᠭᠤᠨ ᠠᠪᠬᠤ ᠳᠠᠭᠠᠨ ᠤᠯᠠᠨ ᠶᠠᠩᠵᠤ ᠶᠢ  ᠬᠤᠪᠢᠷᠠᠭᠤᠯᠵᠤ  ᠰᠤᠯᠢᠵᠤ᠂ᠡᠳᠦᠷ ᠪᠤᠯᠭᠠᠨ 5᠎ ᠠᠴᠠ ᠳᠡᠭᠡᠭᠰᠢ ᠳᠦᠷᠦᠯ ᠤᠨ ᠢᠳᠡᠰᠢᠨ ᠨᠤᠭᠤᠭ᠎ᠠ ᠢᠳᠡᠭᠰᠡᠨ ᠪᠠᠶᠢᠪᠠᠯ ᠰᠠᠶᠢᠨ᠃        ᠨᠠᠪᠴᠢᠳᠤ ᠨᠤᠭᠤᠭ᠎ᠠ᠂ ᠵᠠᠭᠠᠯᠮᠠᠢ ᠴᠡᠴᠡᠭᠳᠡᠨ ᠤ  ᠢᠵᠠᠭᠤᠷ ᠤᠨ  ᠢᠳᠡᠰᠢᠨ  ᠨᠤᠭᠤᠭ᠎ᠠ  ᠵᠢᠱᠢᠶᠡᠯᠡᠪᠡᠯ  ᠰᠢᠯᠢᠮᠳᠡᠭ᠂ᠨᠤᠭᠤᠭᠠᠨ ᠴᠡᠴᠡᠭᠳᠦ ᠨᠤᠭᠤᠭ᠎ᠠ᠂ ᠡᠯ᠎ᠠ ᠵᠦᠢᠯ ᠤᠨ ᠪᠦᠭᠡᠷᠡᠩᠬᠡᠢ ᠴᠠᠭᠠᠨ ᠨᠤᠭᠤᠭ᠎ᠠ ᠵᠡᠷᠭᠡ ᠨᠢ ᠪᠦᠷ ᠠᠰᠢᠬᠳᠤ ᠪᠤᠳᠠᠰ  ᠡᠯᠪᠡᠭ‌ᠠᠭᠤᠯᠳᠠᠭ᠂ ᠢᠯᠡᠭᠦᠦ ᠰᠤᠩᠭᠤᠬᠤ ᠶᠢ ᠠᠩᠬᠠᠷᠪᠠᠯ ᠳᠡᠭᠡᠷ᠎ᠡ︔ ᠪᠤᠷᠴᠠᠭ ᠤᠨ ᠵᠦᠢᠯ ᠪᠤᠯ ᠬᠦᠮᠦᠰ ᠤᠨ ᠠᠷᠪᠢᠨ ᠢᠳᠡᠳᠡᠭ  ᠨᠢᠭᠡ‌‍ᠲ᠋ᠦ᠋ᠷᠦᠯ ᠪᠤᠯᠤᠨ᠎ᠠ᠂  ᠪᠤᠷᠴᠠᠭ ᠤᠨ  ᠵᠦᠢᠯ ᠳᠤ  ᠠᠮᠢᠨᠣ᠋  ᠬᠦᠴᠢᠯ᠂  ᠡᠯ᠎ᠠ  ᠵᠦᠢᠯ ᠤᠨ  ᠡᠷᠦᠳᠡᠰᠦ  ᠪᠠ  ᠸᠢᠲ᠋ᠠᠮᠢᠨ  ᠡᠯᠪᠡᠭ‌ᠠᠭᠤᠯᠳᠠᠭ︔  ᠮᠦᠬᠦ ᠵᠠᠮᠠᠭ ᠤᠨ ᠲᠦᠷᠦᠯ ᠤᠨ ᠢᠳᠡᠭᠡᠨ ᠵᠢᠱᠢᠶᠡᠯᠡᠪᠡᠯ ᠦᠨᠳᠡᠭᠡᠨ ᠮᠦᠬᠦ᠂ ᠬᠠᠪᠳᠠᠭᠠᠢ ᠮᠦᠬᠦ  ᠵᠡᠷᠭᠡ ᠳᠤ  ᠸᠢᠲ᠋ᠠᠮᠢᠨB᠂ ᠳᠡᠮᠦᠷ᠂ ᠰᠧᠯᠧᠨ᠂ ᠺᠠᠯᠢ ᠡᠯᠪᠡᠭ ᠠᠭᠤᠯᠳᠠᠭ᠃ ᠡᠯ᠎ᠠ  ᠲᠦᠷᠦᠯ ᠤᠨ  ᠢᠳᠡᠰᠢᠨ  ᠨᠤᠭᠤᠭ᠎ᠠ ᠶᠢᠨ  ᠤᠨᠴᠠᠯᠢᠬ ᠨᠢ  ᠪᠦᠷ‌ᠠᠳᠠᠯᠢ ᠦᠭᠡᠢ ᠪᠠᠶᠢᠳᠠᠭ ᠪᠤᠯᠬᠤᠷ ᠤᠯᠠᠨ ᠳᠦᠷᠦᠯ ᠢ ᠬᠤᠯᠢᠵᠤ ᠰᠤᠯᠢᠵᠤ ᠢᠳᠡᠵᠦ ᠪᠠᠶᠢᠪᠠᠯ ᠰᠠᠶᠢᠨ᠃        ᠠᠩᠬᠠᠷᠤᠭᠤᠯᠬᠤ ᠨᠢ᠂  ᠳᠦᠮᠦᠰᠦ᠂  ᠨᠠᠩᠭᠢ  ᠴᠠᠭᠠᠨ᠂  ᠯᠠᠩᠭᠤᠸᠠ  ᠵᠡᠷᠭᠡ  ᠢᠳᠡᠰᠢᠨ  ᠨᠤᠭᠤᠭ᠎ᠠ ᠳᠤ   ᠢᠯᠴᠢ‌ᠠᠭᠤᠯᠤᠭᠳᠠᠳᠠᠭ ᠪᠤᠯᠬᠤᠷ᠂ ᠡᠳᠡᠭᠡᠷ ᠢᠶᠠᠷ ᠨᠤᠭᠤᠭ᠎ᠠ ᠵᠠᠭᠤᠰᠢ ᠬᠢᠪᠡᠯ ᠭᠤᠤᠯ ᠬᠤᠭᠤᠯᠠ ᠪᠠᠨ ᠪᠠᠭᠠᠰᠬᠠᠬᠤ ᠴᠢᠬᠤᠯᠠᠲᠠᠢ᠃                                               ᠨᠠᠶᠢᠷᠠᠭᠤᠯᠤᠭᠴᠢ᠄ ᠪᠤᠥ ᠯᠢᠩ ᠶᠤᠸᠠᠨ                                               ᠢᠷᠡᠯᠲᠠ᠄ ᠠᠷᠠᠳ ᠤᠨ ᠰᠦᠯᠵᠢᠶ᠎ᠡ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2