ᠬᠤᠭᠤᠯᠠ ᠢᠳᠡᠬᠦ ᠦᠶᠡᠰ ᠭᠠᠷ ᠤᠲᠠᠰᠤ ᠨᠠᠭᠠᠳᠬᠤ ᠨᠢ ᠬᠤᠳᠣᠭᠤᠳᠣ ᠭᠡᠳᠡᠰᠦᠨ ᠳᠤ ᠮᠠᠭᠤ
ᠨᠡᠶᠢᠲᠡᠯᠡᠭᠰᠡᠨ ᠴᠠᠭ᠄
2021/10/29
                ᠡᠳᠦᠷ ᠤᠨ ᠭᠤᠷᠪᠠᠨ ᠴᠠᠭ ᠤᠨ ᠬᠤᠭᠤᠯᠠ ᠮᠠᠰᠢ ᠴᠢᠬᠤᠯᠠ᠂  ᠭᠡᠪᠡᠴᠦ  ᠠᠮᠢᠳᠤᠷᠠᠯ ᠤᠨ  ᠠᠶᠢᠵᠠᠮ ᠤᠨ  ᠲᠦᠷᠭᠡᠰᠬᠦ‌ᠵᠢᠴᠢ ᠡᠯᠧᠺᠲᠷᠣᠨ  ᠲᠣᠨᠤᠭ  ᠲᠥᠬᠦᠭᠡᠷᠦᠮᠵᠢ ᠶᠢᠨ  ᠲᠦᠭᠡᠮᠡᠯᠵᠢᠯᠡᠭᠳᠡᠬᠦ ᠶᠢ  ᠳᠠᠭᠠᠯᠳᠤᠨ᠂  ᠰᠤᠷᠤᠭᠴᠢᠳ ᠠᠴᠠ  ᠨᠠᠰᠤᠲᠠᠳ‌‍ᠬᠦ᠋ᠷᠲᠡᠯ᠎ᠡ ᠮᠠᠰᠢ ᠣᠯᠠᠨ ᠬᠥᠮᠦᠨ ᠪᠦᠷ ᠬᠤᠭᠤᠯᠠ ᠢᠳᠡᠬᠦ  ᠦᠶᠡᠰ  ᠭᠠᠷ  ᠤᠲᠠᠰᠤ  ᠨᠠᠭᠠᠳᠬᠤ  ᠳᠠᠳᠬᠠᠯ ᠲᠠᠢ  ᠪᠣᠯᠤᠭᠰᠠᠨ‌‍ᠪᠠᠶᠢᠨ᠎ᠠ᠃ ᠬᠡᠷᠪᠡ ᠬᠤᠭᠤᠯᠠ ᠢᠳᠡᠬᠦ ᠳᠡᠭᠡᠨ ᠬᠡᠵᠢᠶᠡᠳᠡ ᠭᠠᠷ ᠤᠲᠠᠰᠤ᠂ ᠲᠧᠯᠸᠢᠰ ᠱᠠᠭᠠᠢᠢᠪᠠᠯ ᠥᠯᠥᠰᠬᠦ ᠴᠠᠳᠬᠤ ᠪᠠᠨ ᠮᠡᠳᠡᠬᠦ‌ᠦᠭᠡᠢ ᠪᠤᠯᠵᠤ᠂ ᠡᠭᠦᠨ ᠠᠴᠠ ᠪᠣᠯᠵᠤ ᠢᠯᠡᠭᠦᠦ ᠢᠳᠡᠭᠦ ᠳᠤ ᠬᠦᠷᠦᠨ᠎ᠡ᠃ ᠹᠠᠨ ᡁᠢ ᠬᠤᠩ ᠵᠢᠭᠠᠵᠤ ᠭᠠᠷᠭᠠᠭᠰᠠᠨ ᠨᠢ᠂ ᠬᠥᠮᠦᠨ‌‍ᠰᠡᠳᠬᠢᠯ ᠰᠠᠨᠠᠭ᠎ᠠ ᠪᠠᠨ ᠲᠥᠪᠯᠡᠷᠡᠭᠦᠯᠦᠨ ᠪᠣᠳᠣᠯᠬᠢᠯᠠᠬᠤ ᠪᠤᠶᠤ  ᠣᠶᠤᠨ  ᠰᠠᠨᠠᠭᠠᠨ ᠤ  ᠳᠠᠷᠤᠯᠲᠠ  ᠨᠡᠯᠢᠶᠡᠳ  ᠶᠡᠭᠡ  ᠪᠠᠶᠢᠬᠤ‌ᠦᠶᠡᠰ᠂  ᠤᠷᠭᠤᠮᠠᠯᠯᠢᠭ  ᠮᠡᠳᠡᠷᠡᠯ ᠤᠨ  ᠠᠵᠢᠯᠯᠠᠭ᠎ᠠ ᠨᠢ  ᠳᠠᠷᠤᠭᠳᠠᠵᠤ᠂  ᠰᠢᠩᠭᠡᠭᠡᠯᠲᠡ ᠶᠢᠨ   ᠰᠢᠰᠲ᠋ᠧᠮ ᠤᠨ   ᠴᠢᠰᠤᠨ ‍ᠤ‌ᠬᠠᠩᠭᠠᠯᠭ᠎ᠠ  ᠪᠠᠭᠠᠳᠤᠨ᠂  ᠬᠤᠳᠣᠭᠤᠳᠣᠨ ᠤ  ᠭᠦᠷᠪᠡᠯᠵᠡᠯ ᠨᠢ  ᠳᠠᠷᠤᠶ  ᠤᠳᠠᠭᠠᠰᠢᠷᠠᠳᠠᠭ᠂  ᠢᠯᠡᠩᠭᠤᠶ᠎ᠠ  ᠰᠢᠩᠭᠡᠭᠡᠯᠲᠡ ᠵᠢᠨ‌‍ᠴᠢᠳᠠᠮᠵᠢ ᠨᠢ ᠤᠭ ᠠᠴᠠ ᠪᠠᠨ ᠳᠤᠷᠤᠢ ᠪᠠᠶᠢᠭᠰᠠᠨ ᠬᠥᠮᠦᠨ ᠳᠤ ᠠᠪᠴᠤ  ᠬᠡᠯᠡᠪᠡᠯ᠂  ᠬᠤᠭᠤᠯᠠᠯᠠᠬᠤ ᠳᠠᠭᠠᠨ  ᠦᠴᠦᠬᠡᠨ  ᠴᠦ‌‍ᠰᠡᠳᠬᠢᠯ ᠠᠯᠭᠠᠰᠠᠬᠤ  ᠦᠭᠡᠢ  ᠪᠠᠶᠢᠪᠠᠯ  ᠰᠠᠶ᠋ᠢ  ᠢᠳᠡᠰᠢ ᠪᠠᠨ  ᠭᠦᠢᠴᠡᠳ  ᠰᠢᠩᠭᠡᠭᠡᠵᠦ  ᠳᠡᠶᠢᠯᠳᠡᠭ᠃  ᠬᠡᠳᠦ᠋ᠢᠪᠡᠷ  ᠤᠳᠤ‌ᠦᠶ᠎ᠡ ᠶᠢᠨ ᠨᠡᠶᠢᠭᠡᠮ ᠤᠨ ᠳᠠᠷᠤᠯᠲᠠ ᠶᠡᠭᠡ ᠪᠠᠶᠢᠪᠠᠴᠤ ᠬᠤᠭᠤᠯᠠ ᠢᠳᠡᠬᠦ ᠦᠶᠡᠰ ᠬᠠᠰᠢ ᠯᠠ ᠰᠡᠳᠬᠢᠯ ᠢᠶᠠᠨ ᠲᠦᠪᠯᠡᠷᠡᠭᠦᠯᠵᠦ᠂ᠬᠤᠳᠣᠭᠤᠳᠣ ᠭᠡᠳᠡᠰᠦᠨ ᠤ ᠪᠠᠨ ᠥᠯᠥᠰᠬᠦ  ᠴᠠᠳᠬᠤ  ᠪᠠᠶᠢᠳᠠᠯ ᠢ  ᠰᠠᠶᠢᠲᠤᠷ  ᠰᠡᠷᠡᠵᠤ᠂  ᠡᠨᠧᠷᠭᠢ ᠶᠢ  ᠳᠡᠩᠳᠡᠭᠦᠦ  ᠠᠷᠪᠢᠨ‌ᠡᠳ᠋ᠯᠡᠬᠦ ᠠᠴᠠ ᠵᠠᠶᠢᠯᠠᠰᠬᠢᠪᠡᠯ ᠵᠤᠬᠢᠨ᠎ᠠ᠃ ᠡᠭᠦᠨ ᠤ ᠬᠠᠮᠲᠤ ᠬᠤᠷᠳᠤᠨ  ᠢᠳᠡᠬᠦ ᠶᠢ  ᠪᠤᠳᠤᠵᠤ  ᠪᠤᠯᠬᠤ  ᠦᠭᠡᠢ᠂  ᠰᠢᠮ᠎ᠡ ᠲᠠᠢ‌ᠵᠠᠵᠢᠯᠵᠤ ᠠᠭᠠᠵᠢᠭᠤᠬᠠᠨ  ᠵᠠᠯᠭᠢᠪᠠᠯ  ᠰᠠᠶ᠋ᠢ  ᠰᠢᠮ᠎ᠡ  ᠲᠡᠵᠢᠭᠡᠯᠲᠦ  ᠪᠦᠷᠢᠯᠳᠦᠬᠦᠨ  ᠠᠭᠠᠵᠢᠮ ᠢᠶᠠᠷ  ᠵᠠᠳᠠᠷᠠᠵᠤ  ᠬᠤᠳᠣᠭᠤᠳᠣ‌‍ᠭᠡᠳᠡᠰᠦᠨ ᠳᠤ ᠰᠢᠩᠭᠡᠭᠡᠭᠳᠡᠨ᠎ᠡ᠃                                                  ᠨᠠᠶᠢᠷᠠᠭᠤᠯᠤᠭᠴᠢ᠄ ᠪᠤᠥ ᠯᠢᠩ ᠶᠤᠸᠠᠨ                                                  ᠢᠷᠡᠯᠲᠠ᠄ ᠠᠷᠠᠳ ᠤᠨ ᠰᠦᠯᠵᠢᠶ᠎ᠡ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2