ᠬᠤᠶᠠᠷ ᠵᠦᠢᠯ ᠤᠨ ᠬᠥᠮᠦᠨ ︽ᠬᠠᠯᠠᠬᠤ ᠨᠠᠭᠠᠯᠲᠠ︾᠎ ᠶᠢ ᠪᠢᠲᠡᠭᠡᠢ ᠬᠡᠷᠡᠭᠯᠡᠭᠡᠷᠡᠢ
ᠨᠡᠶᠢᠲᠡᠯᠡᠭᠰᠡᠨ ᠴᠠᠭ᠄
2021/10/29
          ᠤᠳᠤᠬᠠᠨ ᠤ ᠵᠠᠬ᠎ᠠ ᠳᠡᠯᠭᠡᠭᠦᠷ ᠳᠡᠭᠡᠷ᠎ᠡ ᠪᠠᠶᠢᠩᠭᠤ ᠬᠠᠷᠠᠭᠳᠠᠳᠠᠭ ︽ᠬᠠᠯᠠᠬᠤ ᠨᠠᠭᠠᠯᠲᠠ︾᠎ ᠳᠤ ᠲᠡᠮᠦᠷ ᠤᠨ  ᠨᠤᠨᠲᠠᠭ ᠂ᠮᠣᠳᠣᠨ ᠤ ᠬᠡᠮᠬᠡᠳᠡᠭ᠂ ᠢᠳᠡᠪᠬᠢᠵᠢᠭᠦᠯᠦᠭᠰᠡᠨ ᠨᠡᠭᠦᠷᠡᠰᠦ᠂ ᠳᠠᠪᠤᠰᠤ᠂ ᠤᠰᠤ ᠵᠡᠷᠭᠡ ᠠᠴᠠ ᠪᠦᠷᠢᠯᠳᠦᠭᠰᠡᠨ ᠨᠡᠶᠢᠯᠡᠯᠵᠡᠮᠡᠯ  ᠪᠤᠳᠠᠰ‌ᠠᠭᠤᠯᠵᠤ᠂ ᠬᠦᠴᠢᠯᠲᠥ᠋ᠷᠥᠭᠴᠢ ᠶᠢᠨ ᠦᠢᠯᠡᠳᠦᠯ ᠢᠶᠠᠷ ᠢᠯᠴᠢ ᠢᠯᠭᠠᠷᠠᠭᠤᠯᠬᠤ ᠤᠷᠪᠠᠯ ᠡᠭᠦᠰᠬᠡᠵᠦ᠂ ᠬᠠᠮᠤᠭ  ᠥᠨᠳᠥᠷ ᠲᠡᠭᠡᠨ62℃᠎ ᠲᠤ ᠬᠦᠷᠴᠦ᠂ ᠳᠤᠮᠳᠠᠴᠢ ᠳᠤᠯᠠᠭᠠᠨ ᠤ ᠬᠡᠮᠵᠢᠶ᠎ᠡ ᠨᠢ ᠴᠦ 52℃᠎ ᠲᠤ ᠬᠦᠷᠴᠤ᠂ 12 ᠴᠠᠭ ᠲᠠᠰᠤᠷᠠᠯᠲᠠ  ᠦᠭᠡᠢ‌ᠢᠯᠴᠢ ᠢᠯᠭᠠᠷᠠᠭᠤᠯᠳᠠᠭ ᠪᠠᠶᠢᠨ᠎ᠠ᠃  ᠬᠥᠮᠦᠰ  ︽ᠬᠠᠯᠠᠬᠤ  ᠨᠠᠭᠠᠯᠲᠠ︾᠎ ᠶᠢ  ᠰᠢᠭᠤᠳ  ᠬᠡᠪᠡᠯᠢ᠂  ᠬᠥᠯ ᠤᠨ  ᠤᠯᠠ  ᠵᠡᠷᠭᠡ‌ᠭᠠᠵᠠᠷ ᠲᠠᠭᠠᠨ ᠨᠠᠭᠠᠳᠠᠭ᠂ ᠭᠡᠪᠡᠴᠦ ︽ᠬᠠᠯᠠᠬᠤ ᠨᠠᠭᠠᠯᠲᠠ︾ ᠎ ᠶᠢ ᠬᠠᠮᠤᠭ ᠰᠠᠶᠢᠨ ᠨᠢ ᠳ᠋ᠠᠴᠠᠩ ᠤᠨ ᠢᠶᠠᠨ ᠳᠣᠲᠣᠷ᠎ᠠ ᠲᠠᠯ᠎ᠠ ᠪᠤᠶᠤ‌‍ᠲ᠋ᠣᠲᠣᠭᠤᠷ ᠬᠤᠪᠴᠠᠰᠤᠨ ᠤ ᠪᠠᠨ ᠭᠠᠳᠠᠷ ᠲᠠᠯ᠎ᠠ ᠳᠤ ᠨᠠᠭᠠᠵᠤ᠂ ᠰᠢᠭᠤᠳ ᠠᠷᠠᠰᠤᠨ ᠳᠤ ᠬᠦᠷᠦᠯᠴᠡᠭᠦᠯᠬᠦ ᠦᠭᠡᠢ ᠪᠤᠯ ᠰᠠᠶᠢᠨ᠂ᠤᠨᠲᠠᠬᠤ ᠳᠠᠭᠠᠨ ᠴᠤ ᠨᠠᠭᠠᠵᠤ ᠪᠣᠯᠬᠤ ᠦᠭᠡᠢ᠂ ᠡᠰᠡ ᠲᠡᠭᠡᠪᠡᠯ ᠠᠮᠠᠷᠬᠠᠨ ᠳᠣᠣᠷ᠎ᠠ ᠳᠤᠯᠠᠭᠠᠨ ᠳᠤ  ᠬᠠᠯᠠᠭᠠᠭᠳᠠᠵᠤ᠂  ᠠᠷᠠᠰᠤ‌‍ᠬᠦ᠋ᠷᠦᠰᠦ ᠤᠯᠠᠶᠢᠵᠤ ᠴᠦᠪᠦᠷᠢᠭᠦᠲᠡᠵᠦ ᠮᠡᠳᠡᠨ᠎ᠡ᠃  ᠬᠠᠯᠠᠬᠤ ᠨᠠᠭᠠᠯᠲᠠ ᠨᠢ ᠬᠥᠮᠦᠨ ᠪᠣᠯᠭᠠᠨ ᠳᠤ ᠴᠥᠮ ᠲᠤᠬᠢᠷᠠᠬᠤ ᠪᠢᠰᠢ᠃         ᠨᠢᠭᠡ ᠳᠤ  ᠵᠢᠷᠮᠦᠰᠦᠨ  ᠪᠦᠰᠡᠭᠦ᠋ᠢᠴᠦᠳ‌ᠠᠯᠢ ᠴᠢᠳᠠᠬᠤ ᠪᠠᠷ ᠬᠡᠷᠡᠭᠯᠡᠬᠦ ᠦᠭᠡᠢ ᠪᠤᠯ ᠰᠠᠶᠢᠨ᠂ ᠰᠠᠪᠠ ᠶᠢᠨ ᠬᠡᠰᠡᠭ ᠲᠤ ᠨᠠᠭᠠᠪᠠᠯ  ᠰᠠᠪᠠᠨ ᠤ  ᠠᠪᠴᠢᠯᠲᠠ ᠶᠢ  ᠡᠭᠦᠰᠬᠡᠵᠦ‌ᠮᠡᠳᠡᠬᠦ ᠪᠦᠭᠡᠳ ᠴᠢᠨᠠᠭᠰᠢᠯᠠᠭᠠᠳ ᠬᠡᠪᠡᠯᠢ ᠳᠠᠬᠢ ᠬᠡᠦᠬᠡᠳ ᠢ ᠵᠡᠷᠡᠮᠳᠡᠭ ᠪᠤᠯᠭᠠᠬᠤ ᠪᠤᠶᠤ ᠤᠷᠤᠭ ᠤᠨᠠᠭᠠᠬᠤ ᠳᠤ ᠬᠦᠷᠦᠨ᠎ᠡ᠃                 ᠬᠤᠶᠠᠳᠤᠭᠠᠷ ᠲᠤ᠂ ᠰᠢᠬᠢᠷ ᠰᠢᠵᠢᠩ ᠡᠪᠡᠳᠴᠢᠲᠡᠨ ᠤ ᠮᠡᠳᠡᠷᠡᠯ ᠤᠨ ᠰᠡᠵᠢᠭᠦᠷ ᠤᠨ ᠣᠷᠴᠢᠯ ᠮᠠᠭᠤ ᠤᠴᠢᠷ ᠠᠴᠠ ᠭᠠᠷ‌‍ᠬᠥ᠋ᠯ ᠬᠦᠢᠲᠡᠨ ᠣᠷᠭᠢᠳᠠᠭ᠂ ᠢᠩᠭᠢᠬᠦ ᠳᠤ ᠬᠠᠯᠠᠬᠤ ᠨᠠᠭᠠᠯᠲᠠ᠂ ᠬᠠᠯᠠᠭᠤᠨ ᠤᠰᠦᠠ ᠤ ᠤᠭᠤᠲᠠ ᠬᠡᠷᠡᠭᠯᠡᠬᠦ  ᠮᠡᠲᠦ ᠶᠢᠨ  ᠵᠦᠢᠯ‌‍ᠪᠦ᠋ᠷᠢ ᠶᠢᠨ ᠠᠷᠭ᠎ᠠ  ᠬᠡᠮᠵᠢᠶ᠎ᠡ  ᠠᠪᠴᠤ  ᠳᠤᠯᠠᠭᠠᠴᠠᠳᠠᠭ᠃  ᠡᠳᠡᠭᠡᠷ  ᠠᠷᠭ᠎ᠠ ᠨᠢ  ᠬᠡᠳᠦ᠋ᠢᠪᠡᠷ  ᠲᠦᠬᠦᠮ  ᠬᠢᠯᠪᠠᠷ  ᠪᠤᠯᠪᠠᠴᠤ‌ᠡᠪᠡᠳᠴᠢᠲᠡᠨ ᠤ ᠬᠠᠯᠠᠭᠤᠨ ᠬᠦᠢᠲᠡᠨ ᠤ ᠡᠪᠡᠳᠬᠦ ᠰᠡᠷᠡᠯ ᠵᠡᠷᠭᠡ ᠨᠢ  ᠤᠳᠠᠭᠠᠰᠢᠷᠠᠮᠠᠯ  ᠤᠴᠢᠷ ᠠᠴᠠ  ᠬᠢᠴᠢᠶᠡᠬᠦ  ᠦᠭᠡᠢ  ᠪᠤᠯ‌‍ᠰᠢᠯᠵᠠᠯᠤᠭᠳᠠᠬᠤ ᠪᠣᠯᠣᠯᠴᠠᠭ᠎ᠠ ᠲᠠᠢ᠂ ᠮᠥᠨ ᠴᠤ ᠡᠪᠡᠳᠴᠢᠲᠡᠨ ᠤ ᠲᠤᠰ ᠪᠡᠶ᠎ᠡ ᠶᠢᠨ  ᠡᠪᠡᠳᠴᠢᠨ  ᠡᠰᠡᠷᠭᠦᠴᠡᠬᠦ  ᠴᠢᠳᠠᠪᠤᠷᠢ ᠨᠢ‌‍ᠲ᠋ᠣᠷᠣᠢ᠂ ᠰᠢᠷᠬ᠎ᠠ ᠨᠢ ᠠᠮᠠᠷᠬᠠᠨ ᠡᠳᠡᠭᠡᠷᠡᠬᠦ ᠦᠭᠡᠢ ᠪᠠᠶᠢᠵᠤ᠂ ᠠᠮᠠᠷᠬᠠᠨ ᠨᠡᠩ ᠬᠦᠨᠳᠦ ᠨᠣᠴᠢᠲᠠᠶ ᠦᠷ᠎ᠡ ᠳ᠋ᠦᠩ ᠳᠤ  ᠬᠦᠷᠴᠦ‌ᠮᠡᠳᠡᠨ᠎ᠡ᠃                                                      ᠨᠠᠶᠢᠷᠠᠭᠤᠯᠤᠭᠴᠢ᠄ ᠪᠤᠥ ᠯᠢᠩ ᠶᠤᠸᠠᠨ                                                      ᠢᠷᠡᠯᠲᠠ᠄ ᠠᠷᠠᠳ ᠤᠨ ᠰᠦᠯᠵᠢᠶ᠎ᠡ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2