| ᠣᠶᠢᠷ᠎ᠠ ᠳᠤ᠂ ᠠᠮᠧᠷᠢᠺᠠ ᠶᠢᠨ ᠰᠢᠨᠰᠢᠨᠨᠠᠲ ᠬᠡᠦᠬᠡᠳ ᠤᠨ ᠡᠮᠨᠡᠯᠭᠡ ᠶᠢᠨ ᠬᠤᠷᠢᠶᠠᠨ ᠤ ᠨᠢᠭᠡᠨ ᠰᠢᠨ᠎ᠡ | ᠰᠤᠳᠤᠯᠭᠠᠨ ᠢᠶᠠᠷ ᠢᠯᠡᠷᠡᠭᠦᠯᠦᠭᠰᠡᠨ ᠢᠶᠠᠷ᠂ ᠴᠠᠬᠢᠮ ᠳᠡᠯᠭᠡᠴᠡ ᠬᠠᠷᠠᠵᠤ ᠰᠠᠭᠤᠬᠤ ᠴᠠᠭ ᠨᠢ ᠬᠡᠲᠦ ᠤᠷᠲᠤ ᠪᠣᠯᠪᠠᠯ | ᠬᠡᠦᠬᠡᠳ ᠤᠨ ᠦᠭᠡ ᠬᠡᠯᠡ ᠪᠠ ᠥᠪᠡᠷ ᠢ ᠪᠠᠨ ᠵᠤᠬᠢᠴᠠᠭᠤᠯᠬᠤ ᠲᠠᠯ᠎ᠠ ᠪᠠᠷ ᠬᠢ ᠴᠢᠳᠠᠪᠤᠷᠢ ᠶᠢ ᠪᠠᠭᠤᠷᠠᠭᠤᠯᠵᠤ | ᠮᠡᠳᠡᠨ᠎ᠡ ᠬᠡᠪᠡ᠃ ᠰᠤᠳᠤᠯᠤᠭᠠᠴᠢᠳ᠂ 3 ~ 5 ᠨᠠᠰᠤᠨ ᠤ 47 ᠬᠡᠦᠬᠡᠳ ᠲᠤ ᠲᠤᠷᠰᠢᠯᠳᠠ ᠬᠢᠭᠰᠡᠨ ᠳ᠋ᠦᠩ ᠠᠴᠠ | ᠦᠵᠡᠪᠡᠯ᠂ ᠡᠳᠦᠷ ᠪᠦᠷᠢ ᠺᠣᠮᠫᠢᠦ᠋ᠲ᠋ᠧᠷ᠂ ᠲᠧᠯᠸᠢᠰ ᠪᠠ ᠭᠠᠷ ᠤᠲᠠᠰᠤ ᠵᠡᠷᠭᠡ ᠴᠠᠬᠢᠮ ᠳᠡᠯᠭᠡᠴᠡ ᠶᠢ ᠴᠠᠭ | ᠬᠡᠲᠦᠷᠡᠳᠡᠯ᠎ᠡ ᠦᠵᠡᠭᠰᠡᠨ ᠬᠡᠦᠬᠡᠳ ᠤᠨ ᠲᠠᠷᠢᠬᠢᠨ ᠤ ᠴᠠᠭᠠᠨ ᠡᠳ᠋ ︵ᠦᠭᠡ ᠬᠡᠯᠡ᠂ ᠤᠩᠰᠢᠵᠤ ᠪᠢᠴᠢᠬᠦ ᠵᠢᠴᠢ | ᠲᠠᠨᠢᠨ ᠮᠡᠳᠡᠬᠦᠢ ᠶᠢᠨ ᠴᠢᠳᠠᠪᠤᠷᠢ ᠶᠢ ᠨᠥᠯᠥᠭᠡᠯᠡᠬᠦ ᠪᠣᠳᠠᠰ︶ ᠤᠨ ᠪᠤᠶᠢᠵᠢᠯᠲᠠ ᠨᠢ ᠴᠠᠬᠢᠮ ᠲᠡᠯᠭᠡᠴᠡ ᠤᠳᠠᠭᠠᠨ | ᠦᠵᠡᠭᠰᠡᠨ ᠦᠭᠡᠢ ᠬᠡᠦᠬᠡᠳ ᠤᠨ ᠬᠢ ᠠᠴᠠ ᠢᠯᠡᠷᠬᠡᠶ ᠳᠣᠤᠷ᠎ᠠ ᠪᠠᠶᠢᠳᠠᠭ᠃ ᠰᠤᠳᠤᠯᠭᠠᠨ ᠠᠴᠠ ᠦᠵᠡᠪᠡᠯ᠂ | ᠺᠣᠮᠫᠢᠦ᠋ᠲ᠋ᠧᠷ᠂ ᠲᠧᠯᠸᠢᠰ ᠪᠠ ᠭᠠᠷ ᠤᠲᠠᠰᠤ ᠵᠡᠷᠭᠡ ᠴᠠᠬᠢᠮ ᠳᠡᠯᠭᠡᠴᠡ ᠶᠢ ᠤᠷᠲᠤ ᠴᠠᠭ ᠢᠶᠠᠷ ᠦᠵᠡᠬᠦ ᠨᠢ | ᠬᠡᠦᠬᠡᠳ ᠤᠨ ᠠᠩᠬᠠᠷᠤᠯ ᠲᠥᠪᠯᠡᠷᠡᠬᠦ ᠥᠬᠡᠶ᠂ ᠮᠠᠭᠤ ᠳᠠᠳᠬᠠᠯ ᠪᠠ ᠦᠢᠯᠡ ᠠᠵᠢᠯᠯᠠᠭ᠎ᠠ ᠶᠢᠨ ᠠᠰᠠᠭᠤᠳᠠᠯ ᠲᠠᠢ | ᠬᠤᠯᠪᠣᠭ᠎ᠠ ᠲᠠᠢ ᠪᠠᠶᠢᠳᠠᠭ᠃ ᠳᠡᠯᠭᠡᠴᠡ ᠦᠵᠡᠬᠦ ᠴᠠᠭ ᠨᠢ ᠬᠡᠲᠦᠷᠬᠡᠢ ᠤᠷᠲᠤ ᠪᠣᠯᠬᠤ ᠠᠴᠠ ᠬᠡᠦᠬᠡᠳ ᠤᠨ ᠦᠭᠡ | ᠬᠡᠯᠡᠨ ᠤ ᠪᠤᠶᠢᠵᠢᠯᠲᠠ ᠤᠳᠠᠭᠠᠰᠢᠷᠡᠬᠤ ᠮᠦᠷᠳᠡᠬᠡᠨ ᠡᠴᠢᠭᠡ ᠡᠬᠡ ᠶᠢᠨ ᠢᠶᠠᠨ ᠬᠤᠭᠤᠷᠤᠨᠳᠤᠬᠢ ᠬᠠᠷᠢᠯᠴᠠᠭ᠎ᠠ | ᠬᠤᠯᠪᠤᠭ᠎ᠠ ᠴᠤ ᠪᠠᠭᠠᠰᠤᠨ᠎ᠠ᠃ ᠡᠶᠢᠮᠦ ᠠᠴᠠ ᠬᠡᠷ ᠤᠨ ᠠᠬᠠᠮᠡᠳ 18 ᠰᠠᠷ᠎ᠠ ᠪᠣᠯᠣᠭᠠᠳᠤᠢ ᠨᠢᠯᠬ᠎ᠠ ᠬᠡᠦᠬᠡᠳ ᠤᠨ | ᠴᠠᠬᠢᠮ ᠪᠦᠲᠦᠭᠡᠭᠳᠡᠬᠦᠨ ᠬᠡᠷᠡᠭᠯᠡᠬᠦ ᠠᠴᠠ ᠵᠠᠶᠢᠯᠠᠰᠬᠢᠬᠦ ᠬᠡᠷᠡᠭᠲᠡᠶ᠂ 2 ~ 5 ᠨᠠᠰᠤᠨ ᠤ ᠬᠡᠦᠬᠡᠳ ᠤᠨ ᠴᠠᠬᠢᠮ | ᠳᠡᠯᠭᠡᠴᠡ ᠦᠵᠡᠬᠦ ᠴᠠᠭ ᠢ ᠨᠢ ᠴᠤ ᠪᠤᠭᠤᠨᠢᠰᠬᠠᠬᠤ ᠬᠡᠷᠡᠭᠲᠡᠢ᠃ ᠡᠭᠦᠨ ᠤ ᠬᠠᠮᠲᠤ᠂ ᠬᠡᠷ ᠤᠨ ᠠᠬᠠᠮᠡᠳ ᠠᠴᠠ ᠪᠠᠰᠠ | ᠬᠡᠦᠬᠡᠳ ᠤᠨ ᠣᠷᠣᠢ ᠶᠢᠨ ᠬᠤᠭᠤᠯᠠ ᠢᠳᠡᠬᠦ ᠦᠶ᠎ᠡ ᠪᠤᠶᠤ ᠤᠨᠲᠠᠬᠤ ᠦᠶ᠎ᠡ ᠳᠤ ᠪᠠᠨ ᠴᠠᠬᠢᠮ ᠪᠦᠲᠦᠭᠡᠭᠳᠡᠬᠦᠨ | ᠬᠡᠷᠡᠭᠯᠡᠵᠦ ᠪᠣᠯᠬᠤ ᠦᠭᠡᠢ ᠶᠢ ᠮᠡᠳᠡᠭᠦᠯᠵᠦ ᠰᠤᠷᠭᠠᠬᠤ ᠬᠡᠷᠡᠭᠲᠡᠢ ᠬᠡᠵᠤ ᠰᠠᠨᠠᠭᠤᠯᠵᠤ ᠪᠠᠶᠢᠨ᠎ᠠ᠃ | ᠢᠷᠡᠯᠳᠡ᠄ ᠲᠤᠮᠳᠠᠳᠤ ᠤᠯᠤᠰ ᠤᠨ ᠡᠮᠡᠭᠲᠡᠶᠢᠴᠤᠳ ᠰᠡᠳᠬᠦᠯ | |