ᠤᠨᠴᠠᠭᠠᠢ ᠴᠠᠭ ᠮᠦᠴᠡ ᠳᠠᠬᠢ ᠤᠯᠤᠰ ᠤᠨ ᠨᠢᠭᠡᠳᠦᠯᠲᠡᠢ ᠰᠢᠯᠭᠠᠯᠲᠠ ᠡᠬᠢᠯᠡᠪᠡ
ᠨᠡᠶᠢᠲᠡᠯᠡᠭᠰᠡᠨ ᠴᠠᠭ᠄
2020/7/9
       ᠵᠢᠯ ᠪᠤᠯᠭᠠᠨ ᠤ 6 ᠰᠠᠷ᠎ᠠ ᠶᠢᠨ 7᠎ ᠠᠴᠠ ᠡᠬᠢᠯᠡᠳᠡᠭ ᠶᠡᠭᠡ ᠳᠡᠭᠡᠳᠦ ᠰᠤᠷᠭᠠᠭᠤᠯᠢ ᠶᠢᠨ ᠤᠯᠤᠰ ᠤᠨ ᠨᠢᠭᠡᠳᠦᠯᠲᠡᠢ ᠰᠢᠯᠭᠠᠯᠲᠠ ᠡᠨᠡ ᠵᠢᠯ ᠬᠢᠵᠢᠭ ᠤᠨ ᠤᠨᠴᠠᠭᠠᠢ ᠰᠢᠯᠲᠠᠭᠠᠨ ᠠᠴᠠ ᠪᠤᠯᠵᠦ 7 ᠰᠠᠷ᠎ᠠ ᠶᠢᠨ 7᠎ ᠳᠤ ᠶᠠᠪᠤᠭᠳᠠᠵᠤ ᠡᠬᠢᠯᠡᠪᠡ᠃        ᠬᠢᠵᠢᠭ ᠤᠨ ᠪᠠᠶᠢᠳᠠᠯ ᠪᠦᠷᠢᠮᠤᠰᠦᠨ ᠳᠠᠷᠤᠭᠳᠠᠭ᠎ᠠ ᠦᠭᠡᠢ ᠪᠤᠯᠬᠤᠷ ᠡᠨᠡ ᠵᠢᠯ ᠤᠨ ᠤᠯᠤᠰ ᠤᠨ ᠰᠢᠯᠭᠠᠯᠲᠠ ᠶᠢᠨ ᠲᠠᠯᠠᠪᠠᠢ ᠳᠤ ᠪᠡᠶ᠎ᠡ ᠶᠢᠨ ᠬᠠᠯᠠᠭᠤᠨ ᠢ ᠬᠡᠮᠵᠢᠬᠦ ᠲᠤᠭᠤᠷᠢᠭ ᠭᠠᠷᠭᠠᠭᠰᠠᠨ ᠨᠢ ᠦᠡᠭᠭᠡᠷᠡᠭᠰᠡᠨ ᠵᠢᠯ ᠠᠴᠠ ᠢᠯᠭᠠᠭᠳᠠᠬᠤ ᠤᠨᠴᠠᠯᠢᠭ ᠪᠤᠯᠵᠢ᠃ ᠰᠢᠯᠭᠠᠭᠤᠯᠤᠭᠴᠢ ᠡᠷᠬᠡᠪᠰᠢ ᠬᠠᠯᠠᠭᠤᠨ ᠢ ᠬᠡᠮᠵᠢᠬᠦ ᠲᠣᠭᠤᠷᠢᠭ ᠲᠤ ᠬᠦᠷᠴᠦ᠂ ᠪᠡᠶ᠎ᠡ ᠶᠢᠨ ᠬᠠᠯᠠᠭᠤᠨ ᠢᠶᠠᠨ ᠬᠡᠮᠵᠢᠭᠦᠯᠦᠭᠡᠳ ᠬᠤᠭᠤᠷᠤᠨᠳᠤᠭᠢ ᠵᠠᠢ ᠪᠠᠨ 1 ᠮᠧᠲᠷ ᠠᠴᠠ ᠳᠡᠭᠡᠭᠰᠢ ᠪᠠᠶᠢᠬᠤ ᠶᠢ ᠪᠠᠲᠤᠯᠠᠵᠦ᠂ ᠮᠦᠷᠦᠯᠡᠨ ᠲᠠᠯᠠᠪᠠᠢ ᠳᠤ ᠤᠷᠤᠬᠤ ᠪᠤᠯᠤᠨ᠎ᠠ᠃        ᠡᠨᠡ ᠵᠢᠯ ᠮᠠᠨ ᠤ ᠬᠤᠲᠠ ᠠᠴᠠ ᠨᠡᠶᠢᠲᠡ 19702 ᠬᠦᠮᠦᠨ ᠤᠯᠤᠰ ᠤᠨ ᠨᠢᠭᠡᠳᠦᠯᠲᠡᠢ ᠰᠢᠯᠭᠠᠯᠲᠠ ᠳᠤ ᠤᠷᠤᠯᠴᠠᠵᠦ᠂ ᠪᠦᠬᠦ ᠬᠤᠲᠠ ᠳᠤ 11 ᠰᠢᠯᠭᠠᠯᠲᠠ ᠶᠢᠨ ᠲᠤᠭᠤᠷᠢᠭ᠂ 17 ᠰᠢᠯᠭᠠᠯᠲᠠ ᠶᠢᠨ ᠴᠡᠭ᠂ 644 ᠰᠢᠯᠭᠠᠯᠲᠠ ᠶᠢᠨ ᠲᠠᠯᠠᠪᠠᠢ ᠳᠤᠬᠢᠷᠠᠭᠤᠯᠵᠠᠢ᠃ ᠡᠭᠦᠨ ᠳᠤ ᠮᠤᠩᠭᠤᠯ ᠢᠶᠠᠷ ᠰᠢᠯᠭᠠᠭᠤᠯᠬᠤ ᠰᠤᠷᠤᠭᠴᠢ ᠨᠡᠶᠢᠲᠡ 76 ᠬᠦᠮᠦᠨ ᠪᠠᠶᠢᠵᠦ᠂ ᠪᠠᠶᠢᠭᠠᠯᠢ ᠶᠢᠨ ᠰᠢᠨᠵᠢᠯᠡᠬᠦ ᠤᠬᠠᠭᠠᠨ ᠤ ᠲᠦᠷᠦᠯ ᠤᠨ 29 ᠰᠤᠷᠤᠭᠴᠢ᠂ ᠨᠡᠶᠢᠭᠡᠮ ᠤᠨ ᠰᠢᠨᠵᠢᠯᠡᠬᠦ ᠤᠬᠠᠭᠠᠨ ᠤ ᠲᠦᠷᠦᠯ ᠤᠨ 24 ᠰᠤᠷᠤᠭᠴᠢ᠂ ᠤᠷᠠᠯᠢᠭ ᠤᠨ ᠲᠦᠷᠦᠯ ᠤᠨ 23 ᠰᠤᠷᠤᠭᠴᠢ ᠤᠷᠤᠯᠴᠠᠵᠦ ᠂ ᠰᠢᠯᠭᠠᠯᠲᠠ ᠶᠢᠨ ᠲᠠᠯᠠᠪᠠᠢ ᠶᠢ ᠵᠢᠨᠢᠩ ᠨᠢᠭᠡᠳᠦᠭᠡᠷ ᠳᠤᠮᠳᠠᠳᠤ ᠰᠤᠷᠭᠠᠭᠤᠯᠢ ᠳᠤ ᠳᠤᠬᠢᠷᠠᠭᠤᠯᠵᠠᠢ᠃        ᠮᠠᠨ ᠢ ᠰᠤᠷᠪᠤᠯᠵᠢᠯᠠᠬᠤ ᠪᠠᠷ ᠬᠦᠷᠬᠦ ᠳᠤ ᠰᠢᠯᠭᠠᠯᠲᠠ ᠶᠢᠨ ᠲᠠᠯᠠᠪᠠᠢ ᠶᠢᠨ ᠭᠠᠳᠠᠨ᠎ᠠ ᠭᠡᠷ ᠤᠨ ᠠᠬᠠᠮᠠᠳ᠂ ᠪᠠᠭᠰᠢ ᠨᠠᠷ ᠬᠤᠷᠠᠵᠦ᠂ ᠰᠢᠯᠭᠠᠯᠲᠠ ᠳᠤ ᠤᠷᠤᠬᠤ ᠬᠡᠦᠬᠡᠳ ᠲᠡᠭᠡᠨ ᠢᠲᠡᠭᠡᠯ ᠬᠦᠴᠦ ᠨᠡᠮᠡᠬᠦ ᠪᠠᠷ ᠤᠯᠠᠭᠤᠯᠠ ᠬᠦᠯᠢᠶᠡᠵᠡᠭᠡᠵᠦ ᠪᠠᠶᠢᠯ᠎ᠠ᠃ ᠳᠦᠷᠪᠡᠳ ᠬᠤᠰᠢᠭᠤᠨ ᠠᠴᠠ ᠬᠦᠷᠴᠦ ᠢᠷᠡᠭᠰᠡᠨ ᠲᠦᠮᠦᠰᠦᠨᠬᠤᠸᠠᠷ᠂ ᠬᠡᠦᠬᠡᠨ ᠠᠶᠠᠯᠭᠤ ᠶᠢᠨ ᠢᠶᠠᠨ ᠲᠤᠬᠠᠢ᠄ ︽ᠡᠨᠡ ᠵᠢᠯ ᠬᠢᠵᠢᠭ ᠤᠨ ᠨᠦᠯᠦᠭᠡ ᠠᠴᠠ ᠪᠤᠯᠤᠭᠠᠳ ᠨᠢᠭᠡ ᠰᠠᠷ᠎ᠠ ᠤᠷᠦ᠋ᠢᠲᠠᠵᠦ ᠴᠤᠭᠯᠠᠭᠠᠳ ᠳᠠᠪᠲᠠᠯᠭ᠎ᠠ ᠶᠢᠨ ᠲᠠᠯ᠎ᠠ ᠪᠠᠷ ᠵᠢᠭᠠᠬᠠᠨ ᠰᠤᠯᠠ ᠪᠤᠯᠤᠭᠰᠠᠨ ᠪᠠᠶᠢᠬ᠎ᠠ᠂ ᠬᠡᠳᠦ᠋ᠢᠪᠡᠷ ᠰᠦᠯᠵᠢᠶᠡᠨ ᠳᠡᠭᠡᠷ᠎ᠡ ᠬᠢᠴᠢᠶᠡᠯ ᠤᠷᠤᠭᠰᠠᠨ ᠪᠤᠯᠪᠠᠴᠦ ᠠᠩᠬᠢ ᠶᠢᠨ ᠭᠡᠷ ᠲᠤ ᠪᠠᠭᠰᠢ ᠶᠢᠨ ᠳᠡᠷᠭᠡᠲᠡ ᠳᠠᠪᠲᠠᠬᠤ ᠶᠢ ᠠᠷᠠᠢ ᠬᠦᠷᠬᠦ ᠦᠭᠡᠢ᠂ ᠶᠠᠮᠠᠷ ᠪᠤᠯᠤᠭᠰᠠᠨ ᠴᠦ ᠬᠡᠦᠬᠡᠨ ᠮᠠᠨᠢ ᠯᠠᠪᠳᠠᠭᠤᠨ ᠤᠷᠤᠯᠴᠠᠵᠦ ᠲᠠᠪᠲᠠᠭᠰᠠᠨ ᠤ ᠪᠠᠨ ᠬᠢᠷᠢ ᠪᠠᠷ ᠰᠠᠶᠢᠨ ᠴᠢᠷᠮᠠᠶᠢᠵᠦ ᠰᠢᠯᠭᠠᠭᠤᠯᠪᠠᠯ ᠪᠤᠯᠴᠢᠬᠠᠨ᠎ᠠ︾ ᠭᠡᠵᠦ ᠰᠠᠨᠠᠭᠠᠰᠢᠷᠠᠯ ᠢᠶᠠᠨ ᠬᠤᠪᠢᠶᠠᠯᠴᠠᠯ᠎ᠠ᠃        ᠲᠡᠭᠦᠨ ᠤ ᠬᠡᠦᠬᠡᠨ ᠠᠶᠠᠯᠭᠤ ᠪᠤᠯ ᠪᠠᠶᠢᠭᠠᠯᠢ ᠶᠢᠨ ᠰᠢᠨᠵᠢᠯᠡᠬᠦ ᠤᠬᠠᠭᠠᠨ ᠤ ᠲᠦᠷᠦᠯ ᠤᠨ ᠠᠩᠬᠢ ᠠᠴᠠ ᠰᠢᠯᠭᠠᠭᠤᠯᠵᠦ ᠪᠠᠶᠢᠭ᠎ᠠ ᠰᠤᠷᠤᠭᠴᠢ ᠪᠤᠯᠤᠨ᠎ᠠ᠃ ᠦᠨᠳᠦᠷ ᠳᠤᠮᠳᠠᠳᠤ ᠪᠠᠨ ᠬᠦᠬᠡᠬᠤᠲᠠ ᠳᠤ ᠦᠵᠡᠭᠰᠡᠨ ᠪᠤᠯᠬᠤᠷ ᠰᠢᠯᠭᠠᠬᠤ ᠦᠶ᠎ᠡ ᠤᠷᠤᠨ ᠨᠤᠲᠤᠭ ᠲᠠᠭᠠᠨ ᠢᠷᠡᠵᠦ ᠰᠢᠯᠭᠠᠭᠤᠯᠬᠤ ᠤᠴᠢᠷ ᠬᠢᠵᠢᠭ ᠤᠨ ᠪᠠᠶᠢᠳᠠᠯ ᠠᠴᠠ ᠪᠤᠯᠤᠭᠠᠳ ᠬᠠᠭᠠᠰ ᠰᠠᠷ᠎ᠠ ᠶᠢᠨ ᠡᠮᠦᠨ᠎ᠡ ᠢᠷᠡᠵᠦ᠂ ᠰᠤᠷᠭᠠᠭᠤᠯᠢ ᠠᠴᠠ ᠨᠢ ᠪᠠᠶᠢᠷᠢ ᠳᠤᠬᠢᠷᠠᠭᠤᠯᠤᠨ᠂ ᠡᠳᠦᠷ ᠪᠦᠷᠢ ᠪᠡᠶ᠎ᠡ ᠶᠢᠨ ᠬᠠᠯᠠᠭᠤᠨ ᠢᠶᠠᠨ ᠬᠡᠮᠵᠢᠵᠦ ᠲᠤᠰᠢᠶᠠᠳᠠᠭ ᠪᠠᠶᠢᠪᠠ᠃ ᠲᠦᠮᠦᠰᠦᠨᠬᠤᠸᠠᠷ ᠤᠨ ᠬᠢᠨ ᠬᠦᠳᠡᠭᠡ ᠳᠡᠭᠡᠨ ᠠᠵᠢᠯ ᠤᠯᠠᠨᠲᠠᠢ ᠪᠤᠯᠬᠤᠷ ᠢᠷᠡᠵᠦ ᠬᠠᠷᠠᠭᠠᠯᠵᠠᠵᠦ ᠴᠢᠳᠠᠭᠰᠠᠨ ᠦᠭᠡᠢ᠂ ᠭᠡᠪᠡᠴᠦ ᠪᠠᠭ᠎ᠠ ᠠᠴᠠ ᠪᠡᠶ᠎ᠡ ᠪᠠᠨ ᠳᠠᠭᠠᠭᠠᠳ ᠰᠤᠷᠴᠢᠬᠠᠭᠰᠠᠨ ᠠᠶᠠᠯᠭᠤ ᠬᠡᠦᠬᠡᠨ ᠰᠢᠯᠭᠠᠯᠲᠠ ᠶᠢᠨ ᠲᠠᠯᠠᠪᠠᠢ ᠳᠤ ᠤᠷᠤᠬᠤ ᠳᠠᠭᠠᠨ ᠶᠡᠭᠡ ᠲᠠᠯᠪᠢᠭᠤᠨ ᠪᠠᠶᠢᠯ᠎ᠠ ᠭᠡᠵᠦ ᠡᠵᠢ ᠨᠢ ᠶᠠᠷᠢᠨ᠎ᠠ᠃         ᠭᠤᠷᠪᠠᠨ ᠵᠢᠯ ᠤᠨ ᠰᠢᠷᠭᠠᠭᠤ ᠳᠠᠪᠳᠠᠯᠲᠠ ᠶᠢ ᠭᠤᠷᠪᠠᠨ ᠡᠳᠦᠷ ᠲᠤ ᠰᠢᠯᠭᠠᠷᠠᠭᠤᠯᠬᠤ ᠤᠯᠤᠰ ᠤᠨ ᠨᠢᠭᠡᠳᠦᠯᠲᠡᠢ ᠰᠢᠯᠭᠠᠯᠲᠠ ᠨᠢ ᠠᠷᠪᠠᠭᠠᠳ ᠵᠢᠯ ᠤᠨ ᠲᠤᠷᠰᠢᠳᠠ ᠰᠤᠷᠴᠦ ᠡᠵᠡᠮᠰᠢᠭᠰᠡᠨ ᠮᠡᠳᠡᠯᠭᠡ ᠮᠡᠳᠡᠴᠡ ᠪᠠᠨ ᠰᠢᠯᠭᠠᠵᠦ ᠦᠢᠯᠡᠳᠦᠭᠡᠵᠢᠭᠦᠯᠬᠦ ᠰᠤᠷᠤᠭᠴᠢ ᠨᠢᠭᠡᠪᠦᠷᠢ ᠶᠢᠨ ᠡᠷᠬᠡᠪᠰᠢ ᠳᠠᠪᠠᠭ᠋ᠤ ᠬᠠᠲᠠᠭᠤ ᠰᠢᠯᠭᠠᠯᠲᠠ ᠪᠤᠯᠬᠤᠷ ᠬᠤᠵᠢᠮ ᠤᠨ ᠠᠮᠢᠳᠤᠷᠠᠯ ᠳᠤ ᠨᠢ ᠡᠷᠭᠢᠯᠲᠡ ᠶᠢᠨ ᠴᠡᠭ ᠲᠤᠭᠲᠠᠭᠠᠬᠤ ᠵᠠᠩᠭᠢᠯᠠᠭ᠎ᠠ ᠶᠢᠨ ᠮᠦᠴᠡ ᠬᠡᠮᠡᠨ ᠰᠤᠷᠤᠭᠴᠢ᠂ ᠪᠠᠭᠰᠢ᠂ ᠭᠡᠷ ᠤᠨ ᠠᠬᠠᠮᠠᠳ ᠵᠢᠴᠢ ᠨᠡᠶᠢᠭᠡᠮ ᠨᠡᠶᠢᠲᠡ ᠶᠢᠨ ᠤᠯᠠᠨ ᠬᠠᠯᠠᠭᠤᠨ ᠰᠡᠳᠬᠢᠯᠲᠦ ᠬᠦᠮᠦᠰ ᠤᠨ ᠰᠠᠨᠠᠭᠠᠰᠢᠷᠠᠯ ᠤᠨ ᠳᠤᠮᠳᠠ ᠶᠠᠪᠤᠭᠳᠠᠵᠦ ᠪᠠᠶᠢᠨ᠎ᠠ᠃         ᠤᠢᠢᠯᠠᠭᠠᠭᠰᠠᠨ ᠢᠶᠠᠷ ᠵᠢᠨᠢᠩ ᠲᠤᠭᠤᠷᠢᠭ ᠤᠨ ᠵᠠᠮ ᠬᠠᠷᠢᠯᠴᠠᠭᠠᠨ ᠤ ᠶᠡᠭᠡ ᠠᠩᠬᠢ 230 ᠠᠵᠢᠯᠲᠠᠨ ᠢ ᠲᠤᠮᠢᠯᠠᠨ 20 ᠭᠠᠷᠤᠢ ᠲᠡᠷᠭᠡ ᠳᠤᠬᠢᠷᠠᠭᠤᠯᠵᠦ᠂ ᠰᠤᠷᠭᠠᠭᠤᠯᠢ ᠪᠤᠯᠭᠠᠨ ᠤ ᠡᠮᠦᠨ᠎ᠡ 2 ᠮᠤᠲ᠋ᠤᠷ ᠲᠡᠷᠭᠡ ᠵᠤᠭᠰᠤᠵᠦ᠂ ᠰᠢᠯᠭᠠᠭᠤᠯᠤᠭᠴᠢ ᠶᠢᠨ ᠰᠢᠯᠦᠭᠤᠬᠠᠨ ᠰᠢᠯᠭᠠᠯᠲᠠ ᠳᠤ ᠤᠷᠤᠯᠴᠠᠬᠤ ᠳᠤ ᠬᠠᠮᠤᠭ ᠳᠦᠭᠦᠮ ᠮᠦᠷᠲᠡᠭᠡᠨ ᠲᠦᠷᠭᠡᠨ ᠦᠢᠯᠡᠴᠢᠯᠡᠭᠡ ᠬᠠᠨᠭ᠍ᠭᠠᠬᠤ ᠪᠠᠷ ᠪᠡᠯᠡᠳᠭᠡᠭᠰᠡᠨ ᠪᠠᠶᠢᠨ᠎ᠠ᠃ ᠡᠭᠦᠨ ᠠᠴᠠ ᠭᠠᠳᠠᠨ᠎ᠠ᠂ ᠣᠨᠴᠠ ᠪᠣᠯᠪᠠᠰᠤᠷᠠᠯ ᠤᠨ ᠪᠠᠲᠯᠢᠶᠣᠨ ᠤ ᠶᠡᠭᠡ ᠠᠩᠭᠢ ᠶᠢᠨ ᠬᠢᠨᠢ ᠰᠢᠯᠭᠠᠯᠲᠠ ᠶᠢᠨ ᠲᠠᠯᠠᠪᠠᠢ ᠳᠤ ᠬᠦᠷᠴᠦ᠂ ᠰᠤᠷᠤᠭᠴᠢᠳ ᠤᠨ ᠠᠮᠤᠷ ᠲᠦᠪᠰᠢᠨ ᠢ ᠪᠠᠳᠤᠯᠠᠬᠤ ᠶᠢᠨ ᠡᠭᠦᠳᠡᠨ ᠠᠴᠠ ᠰᠤᠷᠭᠠᠭᠤᠯᠢ ᠶᠢᠨ ᠭᠠᠳᠠᠨᠠᠬᠢ ᠰᠡᠷᠭᠡᠶᠢᠯᠡᠯᠲᠡ ᠶᠢᠨ ᠱᠤᠭᠤᠮ ᠳᠡᠭᠡᠷ᠎ᠡ ᠶᠠᠭᠠᠷᠠᠯᠲᠠᠢ ᠠᠵᠢᠯᠯᠠᠵᠦ᠂ ᠰᠢᠯᠭᠠᠭᠤᠯᠤᠭᠴᠢ ᠪᠠ ᠰᠢᠯᠭᠠᠯᠲᠠ ᠶᠢᠨ ᠶᠠᠪᠤᠳᠠᠯ ᠤᠨ ᠠᠵᠢᠯᠲᠠᠨ ᠤ ᠤᠷᠤᠵᠦ ᠭᠠᠷᠬᠤ ᠶᠢ ᠴᠢᠩᠭ᠎ᠠ ᠬᠢᠨᠠᠵᠦ᠂ ᠰᠡᠷᠭᠡᠶᠢᠯᠡᠯᠲᠡ ᠶᠢᠨ ᠲᠣᠭᠤᠷᠢᠭ ᠠᠴᠠ ᠭᠠᠳᠠᠨ᠎ᠠ ᠰᠢᠯᠭᠠᠭᠤᠯᠤᠭᠴᠢ ᠶᠢᠨ ᠬᠡᠷ ᠤᠨ ᠠᠬᠠᠮᠠᠳ᠂ ᠪᠠᠭᠰᠢ ᠵᠡᠷᠭᠡ ᠰᠢᠯᠭᠠᠯᠲᠠ ᠶᠢᠨ ᠲᠠᠯᠠᠪᠠᠢ ᠳᠤ ᠬᠦᠷᠭᠡᠭᠰᠡᠳ ᠤᠨ ᠴᠤᠭᠯᠠᠷᠠᠬᠤ ᠶᠢ ᠴᠠᠭᠠᠵᠠᠯᠠᠵᠠᠢ᠃ ᠵᠢᠨᠢᠩ ᠲᠤᠭᠤᠷᠢᠭ ᠤᠨ ᠰᠦᠷᠳᠡᠭᠦᠯᠦᠯ ᠢ ᠡᠰᠡᠷᠭᠦᠴᠡᠬᠦ ᠪᠠ ᠣᠨᠴᠠ ᠪᠣᠯᠪᠠᠰᠤᠷᠠᠯ ᠤᠨ ᠪᠠᠲᠯᠢᠶᠣᠨ ᠤ ᠶᠡᠭᠡ ᠠᠩᠭᠢ ᠶᠢᠨ ᠠᠵᠢᠯᠲᠠᠨ᠄ ︽ᠤᠯᠤᠰ ᠤᠨ ᠰᠢᠯᠭᠠᠯᠲᠠ ᠶᠢᠨ ᠠᠮᠤᠷ ᠲᠦᠪᠰᠢᠨ ᠶᠠᠪᠤᠭᠳᠠᠬᠤ ᠶᠢ ᠪᠠᠲᠤᠯᠠᠬᠤ ᠶᠢᠨ ᠲᠦᠯᠦᠭᠡ ᠪᠢᠳᠡ ᠤᠷᠢᠳᠴᠢᠯᠠᠨ ᠲᠦᠰᠦᠪᠯᠡᠨ ᠪᠠᠶᠢᠷᠢᠯᠠᠭᠤᠯᠵᠦ᠂ ᠰᠢᠯᠭᠠᠯᠲᠠ ᠶᠢᠨ ᠲᠠᠯᠠᠪᠠᠢ ᠪᠦᠷᠢ ᠶᠢᠨ ᠲᠥᠪ ᠣᠷᠣᠨ ᠳᠤ 8 ᠣᠨᠴᠠ ᠴᠠᠭᠳᠠᠭ᠎ᠠ ᠶᠢᠨ ᠭᠡᠰᠢᠭᠦᠨ ᠲᠣᠬᠢᠷᠠᠭᠤᠯᠵᠤ᠂ ᠡᠭᠦᠨ ᠤ ᠬᠠᠮᠲᠤ᠂ ᠬᠡᠷᠡᠭᠴᠡᠭᠡ ᠲᠠᠢ ᠦᠶ᠎ᠡ ᠳᠤ ᠰᠢᠯᠭᠠᠭᠤᠯᠤᠭᠰᠠᠳ ᠪᠣᠯᠤᠨ ᠭᠡᠷ ᠤᠨ ᠠᠬᠠᠮᠠᠳ ᠲᠤ ᠴᠢᠬᠤᠯᠠ ᠦᠶ᠋ᠯᠡᠴᠢᠯᠡᠭᠡ ᠬᠠᠨᠭ᠍ᠭᠠᠬᠤ ᠶᠢᠨ ᠲᠦᠯᠦᠭᠡ᠂ ᠰᠢᠯᠭᠠᠯᠲᠠ ᠶᠢᠨ ᠲᠠᠯᠠᠪᠠᠶ ᠶᠢᠨ ᠤᠷᠴᠢᠮ ᠬᠤᠶᠠᠷ ᠲᠣᠭᠤᠷᠢᠨ ᠴᠠᠭᠳᠠᠬᠤ ᠲᠡᠷᠭᠡ ᠳᠤᠬᠢᠷᠠᠭᠤᠯᠵᠠᠢ᠃︾ ᠭᠡᠯ᠎ᠡ᠃                              ᠢᠷᠡᠯᠲᠡ᠄  ᠤᠯᠠᠭᠠᠨᠴᠠᠪ  ᠤᠨ ᠰᠤᠨᠢᠨ
 
ᠢᠷᠡᠯᠲᠡ᠄ ᠤᠯᠠᠭᠠᠨᠴᠠᠪ  ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2