| | ᠰᠡᠷᠢᠬᠦᠯᠭᠡᠳᠦ ᠴᠠᠬ ᠭᠡᠳᠦ ᠲᠠᠬᠢᠨ ᠲᠤᠤᠭᠠᠷᠬᠤ ᠪᠠᠷ ᠨᠦᠢᠷᠮᠤᠬᠯᠠᠨ ᠪᠤᠰᠴᠤ᠂ ᠤᠬᠢᠶᠠᠵᠤ | ᠴᠡᠪᠡᠷᠯᠡᠭᠰᠡᠨ ᠢᠶᠠᠨ ᠶᠠᠭᠠᠷᠠᠤᠬᠠᠨ ᠠᠵᠢᠯ ᠳᠠᠭᠠᠨ ᠭᠠᠷᠬᠤ ᠪᠠᠷ ᠶᠡᠷᠦ ᠨᠢ ᠴᠠᠬ ᠬᠦᠷᠦᠯᠴᠡᠬᠦ ᠦᠭᠡᠢ ᠪᠤᠯᠵᠤ᠂ | ᠬᠤᠶᠢᠨ᠎ᠠ ᠠᠴᠠ ᠨᠢ ᠨᠡᠭᠡᠵᠤ ᠪᠠᠶᠢᠬᠤ ᠰᠢᠬ ᠲᠦᠷᠦᠭᠳᠡᠯ ᠦᠭᠳᠡᠭ᠃ ᠡᠨᠡ ᠨᠢ ᠭᠡᠳᠦ ᠶᠡᠭᠡ ᠶᠠᠳᠠᠷᠠᠯ ᠢ ᠠᠪᠴᠢᠷᠠᠳᠠᠬ | ᠮᠦᠷᠳᠡᠭᠡᠨ ᠶᠡᠭᠡ ᠲᠠᠷᠢᠬᠢᠨ ᠤ ᠡᠷᠬᠢᠯᠳᠡ ᠶᠢ ᠬᠠᠷᠰᠢᠯᠠᠵᠤ᠂ ᠠᠵᠢᠯ ᠤᠨ ᠪᠦᠳᠦᠮᠵᠢ ᠶᠢ ᠴᠤ ᠨᠦᠯᠦᠭᠡᠯᠡᠳᠡᠭ᠃ | ᠢᠡᠭᠬᠢᠵᠤ ᠴᠠᠬ ᠤᠨ ᠬᠤᠶᠢᠨ᠎ᠠ ᠠᠴᠠ ᠨᠡᠭᠡᠵᠤ ᠲᠠᠭᠤᠬᠤ ᠶᠢᠨ ᠤᠷᠤᠨ ᠳᠤ ᠡᠷᠳᠡ ᠪᠤᠰᠴᠤ ᠴᠠᠬ ᠢ ᠲᠠᠭᠠᠭᠤᠯᠤᠬᠴᠢ | ᠪᠤᠯᠵᠤ ᠠᠮᠢᠳᠤᠷᠠᠶ᠎ᠠ ᠪᠢᠳᠡ᠃ | ᠡᠷᠳᠡ ᠪᠤᠰᠳᠠᠬ ᠬᠦᠮᠦᠨ ᠤᠯᠠᠮ ᠴᠤ ᠡᠷᠴᠢ ᠬᠦᠴᠦᠳᠡᠢ᠂ ᠨᠡᠩ ᠵᠠᠯᠠᠭᠤᠬᠠᠨ ᠬᠠᠷᠠᠬᠳᠠᠳᠠᠬ ᠭᠡᠵᠤ | ᠰᠤᠳᠤᠯᠭᠠᠨ ᠢᠶᠠᠷ ᠢᠯᠡᠷᠡᠬᠦᠯᠦᠭᠰᠡᠨ ᠰᠢᠤ ᠳ᠋ᠠ᠃ ᠦᠷᠬᠦᠯᠵᠢ ᠡᠷᠳᠡ ᠪᠤᠰᠳᠠᠬ ᠬᠦᠮᠦᠨ ᠤᠯᠠᠩᠬᠢ ᠳᠠᠭᠠᠨ ᠭᠡᠳᠦ | ᠤᠷᠤᠢ ᠤᠨᠳᠠᠬᠤ ᠮᠠᠭᠤ ᠲᠠᠳᠬᠠᠯ ᠦᠭᠡᠢ ᠪᠠᠶᠢᠳᠠᠬ᠃ ᠡᠨᠡ ᠨᠢ ᠭᠡᠳᠦ ᠤᠷᠤᠢ ᠤᠨᠳᠠᠬᠤ ᠠᠴᠠ ᠪᠤᠯᠤᠬᠰᠠᠨ ᠡᠯᠳᠡᠪ | ᠵᠦᠢᠯ ᠤᠨ ᠡᠪᠡᠳᠴᠢᠨ ᠡᠮᠭᠡᠭ ᠠᠴᠠ ᠵᠠᠶᠢᠯᠠᠰᠬᠢᠨ᠂ ᠪᠡᠶ᠎ᠠ ᠶᠢᠨ ᠡᠷᠡᠭᠦᠯ ᠮᠡᠨᠳᠦ ᠳᠤ ᠨᠡᠩ ᠠᠰᠢᠬᠳᠠᠢ ᠪᠠᠶᠢᠳᠠᠬ᠃ | ᠡᠷᠳᠡ ᠤᠨᠳᠠᠵᠤ ᠡᠷᠳᠡ ᠪᠤᠰᠳᠠᠬ ᠬᠦᠮᠦᠨ ᠤ ᠰᠢᠨ᠎ᠠ ᠬᠠᠭᠤᠴᠢᠨ ᠤ ᠰᠤᠯᠢᠯᠴᠠᠭ᠎ᠠ ᠢᠯᠭᠤᠮ ᠪᠠᠶᠢᠵᠤ᠂ ᠨᠢᠭᠤᠷ | ᠴᠢᠷᠠᠢ ᠨᠡᠩ ᠴᠤᠬ ᠵᠢᠪᠬᠤᠭ᠎ᠠ ᠲᠠᠢ ᠪᠤᠯᠵᠤ᠂ ᠨᠢᠳᠦᠨ ᠤ ᠠᠨᠢᠰᠬ᠎ᠠ ᠤᠨᠵᠢᠢᠬᠤ ᠵᠡᠷᠭᠡ ᠪᠠᠶᠢᠳᠠᠯ ᠪᠦᠷ ᠠᠷᠢᠯᠳᠠᠬ᠃ | ᠡᠬᠦᠨ ᠲᠠᠢ ᠠᠳᠠᠯᠢᠳᠬᠠᠪᠠᠯ᠂ ᠭᠡᠳᠦ ᠤᠷᠤᠢ ᠤᠨᠳᠠᠵᠤ᠂ ᠦᠷᠯᠦᠭᠡ ᠳᠡᠭᠡᠨ ᠪᠤᠰᠴᠤ ᠲᠡᠶᠢᠯᠬᠦ ᠦᠭᠡᠢ ᠬᠦᠮᠦᠰ | ᠠᠳᠠᠯᠢᠬᠠᠨ 7 ᠴᠠᠬ ᠤᠨᠳᠠᠯ ᠠ ᠴᠤ ᠭᠡᠰᠡᠨ ᠨᠢᠭᠤᠷ ᠴᠢᠷᠠᠢ ᠨᠢ ᠦᠡᠭᠭᠡ ᠮᠠᠭᠤᠳᠠᠵᠤ ᠢᠯᠡᠬᠦᠦ ᠦᠳᠡᠯᠦᠭᠰᠡᠨ | ᠬᠠᠷᠠᠬᠳᠠᠳᠠᠬ᠃ ᠬᠦᠮᠦᠨ ᠪᠡᠶ᠎ᠠ ᠶᠢᠨ ᠡᠷᠭᠡᠳᠡᠨ ᠤ ᠤᠷᠭᠤᠮᠠᠯ ᠤᠨ ᠴᠠᠬ ᠢ ᠰᠠᠶᠢᠬᠠᠨ ᠲᠤᠬᠢᠷᠠᠭᠤᠯᠵᠤ ᠴᠢᠳᠠᠪᠠᠯ᠂ | ᠬᠤᠳᠤᠭᠤᠳᠤ ᠭᠡᠳᠡᠰᠦᠨ ᠤ ᠬᠦᠳᠡᠯᠭᠡᠭᠡᠨ ᠨᠡᠩ ᠢᠳᠡᠪᠬᠢᠳᠡᠢ ᠪᠤᠯᠵᠤ᠂ ᠦᠷᠯᠦᠭᠡ ᠭᠠᠳᠠᠭᠠᠯᠠᠬᠤ ᠲᠠᠳᠬᠠᠯ ᠲᠠᠢ | ᠪᠤᠯᠬᠤ ᠳᠤ ᠠᠰᠢᠬᠳᠠᠢ ᠪᠠᠶᠢᠳᠠᠬ᠃ ᠲᠡᠶᠢᠮᠦ ᠪᠤᠯᠬᠤᠷ ᠡᠷᠳᠡ ᠪᠤᠰᠳᠠᠬ ᠶᠤᠮ ᠪᠤᠯ ᠴᠢᠷᠠᠢ ᠵᠢᠰᠦ ᠶᠢ | ᠭᠤᠸᠠᠵᠢᠭᠤᠯᠬᠤ ᠳᠤ ᠠᠰᠢᠬᠳᠠᠢ ᠪᠠᠶᠢᠳᠠᠬ᠃ ᠲᠡᠭᠡᠪᠡᠯ ᠴᠤᠬᠤᠮ ᠦᠷᠯᠦᠭᠡ ᠶᠢᠨ ᠶᠠᠮᠠᠷᠬᠠᠨ ᠬᠦᠳᠡᠯᠭᠡᠭᠡᠨ ᠨᠢ ᠨᠡᠩ | ᠶᠡᠭᠡ ᠪᠦᠳᠦᠮᠵᠢᠳᠡᠢ ᠪᠠᠶᠢᠳᠠᠬ ᠪᠤᠯ︖ ᠶᠠᠷᠢᠶᠠᠨ ᠦᠭᠡᠢ ᠪᠡᠶ᠎ᠠ ᠪᠠᠨ ᠰᠤᠨᠢᠶᠠᠯᠭᠠᠵᠤ ᠲᠡᠯᠡᠬᠦ ᠬᠦᠳᠡᠯᠭᠡᠭᠡᠨ ᠪᠠᠶᠢᠵᠤ᠂ | ᠪᠡᠶ᠎ᠠ ᠶᠢᠨ ᠬᠦᠳᠡᠯᠭᠡᠭᠡᠨ ᠢ ᠤᠯᠠᠮ ᠰᠠᠶᠢᠵᠢᠷᠠᠭᠤᠯᠳᠠᠬ᠃ ᠬᠦᠮᠦᠨ ᠤᠨᠳᠠᠵᠤ ᠪᠠᠶᠢᠬᠤ ᠦᠶᠡᠰ᠂ ᠪᠡᠶ᠎ᠠ ᠶᠢᠨ | ᠬᠦᠳᠡᠯᠭᠡᠭᠡᠨ ᠵᠤᠬᠰᠤᠩᠭᠤᠶᠢᠢᠷᠠᠳᠠᠬ᠃ ᠲᠡᠭᠡᠪᠡᠯ ᠦᠷᠯᠦᠭᠡ ᠡᠷᠳᠡ ᠲᠤᠬᠢᠷᠠᠮᠵᠢᠳᠠᠢ ᠰᠤᠨᠢᠶᠠᠯᠭᠠᠵᠤ ᠲᠡᠯᠡᠬᠦ | ᠬᠦᠳᠡᠯᠭᠡᠭᠡᠨ ᠬᠢᠬᠦ ᠨᠢ ᠪᠡᠶ᠎ᠠ ᠮᠠᠬᠠᠪᠤᠳ ᠲᠤ ᠰᠠᠶᠢᠨ ᠪᠠᠶᠢᠵᠤ᠂ ᠴᠢᠰᠤᠨ ᠤ ᠡᠷᠬᠢᠯᠳᠡᠨ ᠶᠢ ᠠᠬᠢᠭᠤᠯᠤᠨ ᠡᠷᠴᠢ | ᠬᠦᠷᠴᠤ ᠨᠡᠮᠡᠳᠡᠭ᠃ ᠡᠷᠳᠡ ᠪᠤᠰᠬᠤ ᠨᠢ ᠴᠢᠷᠠᠢ ᠵᠢᠰᠦᠨ ᠤ ᠭᠤᠸᠠᠵᠢᠯ ᠳᠤ ᠠᠰᠢᠬᠳᠠᠢ ᠪᠠᠷ ᠪᠠᠷᠠᠬᠤ ᠦᠭᠡᠢ᠂ | ᠲᠠᠷᠢᠬᠢ ᠲᠤᠯᠤᠭᠠᠢ ᠶᠢ ᠤᠯᠠᠮ ᠰᠡᠷᠭᠡᠭ ᠪᠤᠯᠭᠠᠨ ᠬᠦᠮᠦᠨ ᠢ ᠰᠡᠷᠬᠦᠯᠡᠩ ᠪᠤᠯᠭᠠᠳᠠᠬ᠃ ᠤᠴᠢᠷ ᠨᠢ ᠡᠷᠳᠡ ᠪᠤᠰᠳᠠᠬ | ᠬᠦᠮᠦᠨ ᠤ ᠲᠠᠷᠢᠬᠢᠨ ᠤ ᠡᠰ ᠪᠠ ᠮᠡᠳᠡᠷᠡᠯ ᠤᠨ ᠡᠰ ᠤᠨ ᠠᠮᠢ ᠨᠠᠰᠤ ᠪᠠ ᠠᠮᠢᠵᠢᠷᠠᠯ ᠤᠨ ᠬᠦᠴᠦᠨ ᠨᠡᠩ ᠴᠢᠩᠭ᠎ᠠ | ᠪᠠᠶᠢᠵᠤ᠂ ᠡᠨᠡ ᠨᠢ ᠬᠦᠮᠦᠨ ᠤ ᠰᠡᠩᠭᠡᠷᠡᠯ ᠪᠠ ᠰᠡᠷᠡᠯ ᠤᠨ ᠤᠶᠢᠢᠯᠳᠠ ᠶᠢ ᠰᠠᠶᠢᠵᠢᠷᠠᠭᠤᠯᠤᠨ᠂ ᠤᠯᠠᠮ ᠴᠤᠪᠤᠭᠤ | ᠰᠡᠷᠬᠦᠯᠡᠩ ᠪᠤᠯᠭᠠᠵᠤ᠂ ᠠᠵᠢᠯᠯᠠᠬᠤ ᠪᠦᠳᠦᠮᠵᠢ ᠪᠠ ᠠᠮᠵᠢᠯᠳᠠ ᠤᠯᠬᠤ ᠨᠤᠷᠮ᠎ᠠ ᠶᠢ ᠲᠡᠭᠡᠭᠰᠢᠯᠡᠬᠦᠯᠳᠡᠭ᠃ | ᠡᠷᠳᠡ ᠪᠤᠰᠬᠤ ᠨᠢ ᠪᠠᠰᠠ ᠵᠤᠪᠠᠨᠢᠬᠤ ᠵᠡᠷᠭᠡ ᠰᠡᠳᠬᠢᠴᠡ ᠶᠢᠨ ᠪᠠᠶᠢᠳᠠᠯ ᠢ ᠰᠠᠶᠢᠵᠢᠷᠠᠭᠤᠯᠤᠨ᠂ ᠡᠳᠦᠷ | ᠤᠷᠳᠤᠰᠴᠤ᠂ ᠢᠯᠡᠬᠦᠦ 2 ᠴᠠᠬ ᠨᠡᠮᠡᠭᠳᠡᠭᠰᠡᠨ ᠲᠦᠷᠦᠭᠳᠡᠯ ᠤᠯᠭᠤᠨ᠂ ᠴᠠᠬ ᠤᠨ ᠬᠤᠶᠢᠨ᠎ᠠ ᠠᠴᠠ ᠨᠡᠭᠡᠵᠤ ᠲᠠᠭᠤᠬᠤ | ᠪᠢᠰᠢ ᠬᠠᠷᠢᠨ ᠴᠠᠬ ᠢ ᠡᠵᠡᠮᠳᠡᠵᠤ ᠪᠠᠶᠢᠬᠤ ᠰᠢᠬ ᠪᠤᠯᠭᠠᠳᠠᠬ᠃ ᠠᠳᠠᠯᠢᠬᠠᠨ ᠢᠶᠠᠷ ᠴᠠᠬ ᠲᠠᠭᠠᠨ ᠤᠨᠳᠠᠵᠤ ᠡᠷᠳᠡ | ᠪᠤᠰᠳᠠᠬ ᠬᠦᠮᠦᠰ ᠵᠤᠪᠠᠨᠢᠬᠤ ᠪᠤᠬᠢᠨᠢᠳᠤᠬᠤ ᠠᠶᠤᠯ ᠳᠤ ᠲᠤᠯᠭᠠᠷᠠᠬᠤ ᠨᠤᠷᠮ᠎ᠠ ᠨᠢ ᠪᠠᠭ᠎ᠠ ᠪᠠᠶᠢᠳᠠᠬ᠃ ᠡᠷᠳᠡ | ᠪᠤᠰᠬᠤ ᠶᠢ ᠬᠦᠰᠡᠵᠤ ᠪᠠᠶᠢᠪᠠᠯ᠂ ᠦᠪᠡᠷ ᠤᠨ ᠲᠤᠷᠠᠳᠠᠢ ᠵᠦᠢᠯ ᠠᠴᠠ ᠪᠠᠨ ᠭᠠᠷᠳᠠᠵᠤ ᠲᠤᠷᠰᠢᠵᠤ ᠪᠤᠯᠤᠨ᠎ᠠ᠃ | ᠦᠪᠡᠷ ᠤᠨ ᠲᠤᠷ᠎ᠠ ᠪᠠᠭ᠋ᠠᠳᠠᠢ ᠵᠦᠢᠯ ᠤᠨ ᠢᠶᠠᠨ ᠲᠦᠯᠦᠭᠡ 1 ᠴᠠᠬ ᠡᠷᠳᠡᠯᠡᠵᠤ ᠪᠤᠰᠬᠤ᠂ ᠡᠰᠡᠬᠦᠯ᠎ᠠ ᠬᠠᠭᠠᠰ ᠴᠠᠬ᠂ | ᠠᠯᠢ ᠡᠰᠡᠬᠦᠯ᠎ᠠ 10 ᠮᠢᠨᠦ᠋ᠲ ᠡᠷᠳᠡᠯᠡᠵᠤ ᠪᠤᠰᠬᠤ ᠨᠢ ᠴᠢᠮᠠᠶᠢᠢ ᠤᠤᠯ ᠠᠴᠠ ᠴᠢᠨᠢ ᠬᠤᠯᠠ ᠢᠯᠡᠬᠦᠦ | ᠬᠤᠪᠢᠷᠠᠯᠳᠠ ᠲᠠᠢ ᠪᠤᠯᠭᠠᠳᠠᠬ᠃ ᠡᠨᠡ ᠪᠤᠯ ᠵᠦᠪᠭᠡᠨ ᠴᠢᠨᠤ ᠴᠠᠬ ᠪᠠᠶᠢᠵᠤ᠂ ᠤᠷᠠᠨ ᠪᠢᠴᠢᠯᠭᠡ ᠪᠢᠴᠢᠬᠦ᠂ ᠵᠢᠷᠤᠬ | ᠵᠢᠷᠤᠬᠤ᠂ ᠰᠤᠯᠠ ᠠᠯᠬᠤᠬᠤ᠂ ᠬᠦᠶᠦᠬᠦ ᠵᠡᠷᠭᠡ ᠦᠪᠡᠷ ᠤᠨ ᠠᠯᠢ ᠲᠤᠷᠠᠳᠠᠢ ᠪᠠᠨ ᠬᠢᠵᠤ ᠪᠤᠯᠤᠨ᠎ᠠ᠃ ᠡᠨᠡ ᠨᠢ ᠶᠠᠬ | ᠴᠢᠮᠠᠳᠤ ᠢᠯᠡᠬᠦᠦ 2 ᠴᠠᠬ ᠢ ᠪᠡᠯᠡᠭᠯᠡᠭᠰᠡᠨ ᠰᠢᠭ ᠪᠠᠶᠢᠵᠤ᠂ ᠠᠮᠢ ᠨᠠᠰᠤ ᠴᠢᠨᠢ ᠤᠳᠬ᠎ᠠ ᠲᠡᠬᠦᠯᠳᠡᠷ ᠪᠤᠯᠳᠠᠬ᠃ | | | | | | ᠢᠷᠡᠯᠲᠡ᠄ ᠤᠯᠠᠭᠠᠨᠬᠠᠳᠠ ᠶᠢᠨ ᠡᠳᠦᠷ ᠤᠨ ᠰᠣᠨᠢᠨ |