ᠵᠢᠩᠬᠢᠨᠢ ᠵᠦᠭᠡᠢ ᠶᠢᠨ ᠪᠠᠯ ᠨᠢ ᠦᠨᠡᠨ ᠳᠡᠭᠡᠨ ᠳᠡᠶᠢᠮᠤ ᠰᠢᠬᠢᠷᠯᠢᠭ ᠪᠢᠰᠢ
ᠨᠡᠶᠢᠲᠡᠯᠡᠭᠰᠡᠨ ᠴᠠᠭ᠄
2020/11/5
          ᠪᠢᠳᠡ ᠦᠷᠬᠦᠯᠵᠢ ︽ᠪᠠᠯ ᠰᠢᠭ᠋ ᠠᠮᠳᠠᠳᠠᠢ︾ ᠭᠡᠵᠤ ᠬᠡᠯᠡᠳᠡᠭ᠂ ᠭᠡᠳᠡᠯ᠎ᠡ ᠰᠠᠶᠢᠬᠠᠨ ᠠᠮᠳᠠᠯᠠᠵᠤ ᠦᠵᠡᠪᠡᠯ᠂ ᠵᠢᠩᠬᠢᠨᠢ ᠵᠦᠭᠡᠢ ᠶᠢᠨ ᠪᠠᠯ ᠨᠢ ᠦᠨᠡᠨ ᠳᠡᠭᠡᠨ ᠳᠡᠶᠢᠮᠤ ᠰᠢᠬᠢᠷᠯᠢᠭ ᠪᠢᠰᠢ ᠶᠤᠮ᠂ ᠵᠦᠭᠡᠢ ᠶᠢᠨ ᠪᠠᠯ ᠨᠢ ᠨᠢᠰᠢᠩᠬᠦ ᠶᠢᠨ ᠰᠢᠬᠢᠷ ᠢ ᠤᠰᠤ ᠪᠤᠯᠭᠠᠬᠤ ᠶᠠᠪᠤᠳᠠᠯ ᠪᠢᠰᠢ ᠶᠤᠮ᠂ ᠵᠦᠭᠡᠢ ᠶᠢᠨ ᠪᠠᠯ ᠤᠨ ᠪᠦᠷᠢᠯᠳᠤᠬᠦᠨ ᠤ ᠶᠡᠭᠡᠩᠬᠢ ᠨᠢ ᠴᠦᠮ ᠰᠢᠬᠢᠷᠯᠢᠭ ᠤᠨ ᠭᠡᠮᠵᠢᠶ᠎ᠡ ᠪᠠᠷ ᠶᠡᠭᠡ ᠪᠢᠰᠢ ᠦᠵᠤᠮ ᠤᠨ ᠰᠢᠬᠢᠷ ᠪᠤᠯᠤᠨ᠎ᠠ᠃ ᠵᠦᠭᠡᠢ ᠶᠢᠨ ᠪᠠᠯ ᠤᠨ ᠲᠦᠭᠦᠭᠡᠢ ᠡᠳ᠋ ᠪᠤᠯ ᠴᠡᠴᠡᠭ ᠤᠨ ᠪᠠᠯ ᠪᠤᠯᠤᠨ᠎ᠠ᠂ ᠴᠡᠴᠡᠭ ᠤᠨ ᠪᠠᠯ ᠤᠨ ᠭᠤᠤᠯ ᠪᠦᠷᠢᠯᠳᠤᠬᠦᠨ ᠪᠤᠯ ᠨᠢᠰᠢᠩᠬᠦ ᠶᠢᠨ ᠰᠢᠬᠢᠷ ᠪᠤᠯᠤᠨ᠎ᠠ᠃ ᠵᠦᠭᠡᠢ ᠶᠢᠨ ᠪᠠᠯ ᠨᠢ ᠴᠡᠴᠡᠭ ᠤᠨ ᠪᠠᠯ ᠪᠢᠰᠢ ᠶᠤᠮ᠂ ᠡᠷᠡᠮᠡᠭ ᠵᠦᠭᠡᠢ ᠨᠢ ᠴᠡᠴᠡᠭ ᠤᠨ ᠪᠠᠯ ᠢ ᠬᠤᠳᠤᠭᠤᠳᠤ ᠳᠠᠭᠠᠨ ᠤᠷᠤᠭᠤᠯᠵᠤ ᠰᠢᠩᠭᠡᠭᠡᠭᠰᠡᠨ ᠤ ᠲᠠᠷᠠᠭ᠎ᠠ ᠵᠦᠭᠡᠢ ᠶᠢᠨ ᠡᠬᠦᠷ ᠲᠡᠭᠡᠨ ᠪᠤᠴᠠᠭᠠᠭᠠᠳ ᠪᠦᠭᠡᠯᠵᠢᠵᠤ ᠭᠠᠷᠭᠠᠨ ᠬᠠᠳᠠᠭᠠᠯᠠᠵᠤ ᠲᠠᠯᠪᠢᠳᠠᠭ᠃ ᠵᠠᠷᠢᠮ ᠦᠶ᠎ᠠ ᠳᠤ ᠴᠡᠴᠡᠭ ᠤᠨ ᠪᠠᠯ ᠤᠨ ᠤᠰᠤᠨ ᠤ ᠬᠡᠮᠵᠢᠶ᠎ᠠ ᠨᠢ ᠬᠡᠳᠤᠷᠭᠡᠢ ᠶᠡᠭᠡ ᠪᠤᠯᠬᠤᠷ ᠡᠷᠡᠮᠡᠭ ᠵᠦᠭᠡᠢ ᠨᠢ ᠴᠡᠴᠡᠭ ᠤᠨ ᠪᠠᠯ ᠢ ᠠᠮᠠᠨ ᠳᠠᠭᠠᠨ ᠡᠮᠬᠦᠵᠤ ᠤᠰᠤ ᠶᠢ ᠨᠢ ᠠᠭᠤᠷᠰᠢᠭᠤᠯᠵᠤ᠂ ᠵᠦᠭᠡᠢ ᠶᠢᠨ ᠪᠠᠯ ᠤᠨ ᠤᠰᠤᠨ ᠤ ᠬᠡᠮᠵᠢᠶ᠎ᠠ ᠶᠢ ᠵᠤᠬᠢᠰᠳᠠᠢ ᠬᠡᠪᠴᠢᠶᠡᠨ ᠳᠤ ᠪᠠᠶᠢᠯᠭᠠᠬᠤ ᠶᠢᠨ ᠤᠯᠠᠮ ᠠᠴᠠ ᠬᠠᠳᠠᠭᠠᠯᠠᠬᠤ ᠴᠠᠭ ᠢ ᠨᠢ ᠤᠷᠳᠤᠳᠬᠠᠳᠠᠭ᠃ ᠵᠠᠷᠢᠮ ᠴᠢᠨᠠᠷ ᠪᠠᠷᠤᠭᠳᠠᠢ ᠵᠦᠭᠡᠢ ᠶᠢᠨ ᠪᠠᠯ ᠢ ᠪᠤᠯ ᠵᠦᠭᠡᠢ ᠪᠠᠷ ᠰᠢᠬᠢᠷ ᠲᠠᠢ ᠤᠰᠤ ᠶᠢ ᠰᠢᠭᠤᠳ ᠰᠤᠷᠤᠭᠤᠯᠵᠤ ᠴᠡᠴᠡᠭ ᠤᠨ ᠪᠠᠯ ᠢ ᠪᠤᠢ ᠪᠤᠯᠭᠠᠵᠤ ᠦᠢᠯᠡᠳᠪᠤᠷᠢᠯᠡᠵᠤ ᠪᠠᠶᠢᠳᠠᠭ ᠶᠤᠮ᠃ ᠲᠤᠰ ᠶᠠᠪᠤᠴᠠ ᠳᠤ ᠨᠢᠰᠢᠩᠬᠦ ᠶᠢᠨ ᠰᠢᠬᠢᠷ ᠨᠢ ᠵᠢᠮᠢᠰ ᠤᠨ ᠰᠢᠬᠢᠷ ᠪᠠ ᠦᠵᠤᠮ ᠤᠨ ᠰᠢᠬᠢᠷ ᠪᠤᠯᠵᠤ ᠬᠤᠪᠢᠷᠠᠳᠠᠭ᠃ ᠰᠢᠬᠢᠷᠯᠢᠭ ᠤᠨ ᠬᠡᠮᠵᠢᠶ᠎ᠡ ᠪᠠᠷ ᠵᠢᠬᠰᠠᠭᠠᠪᠠᠯ᠂ ᠵᠢᠮᠢᠰ ᠤᠨ ᠰᠢᠬᠢᠷ ᠨᠢ ᠲᠡᠷᠢᠬᠦᠨ ᠳᠤ ᠤᠷᠤᠳᠠᠭ ᠂ ᠲᠡᠬᠦᠨ ᠤ ᠰᠢᠬᠢᠷᠯᠢᠭ ᠤᠨ ᠬᠡᠮᠵᠢᠶ᠎ᠠ ᠨᠢ ᠨᠢᠰᠢᠩᠬᠦ ᠶᠢᠨ ᠰᠢᠬᠢᠷ ᠤᠨ ᠬᠢ ᠠᠴᠠ 1.8 ᠲᠠᠬᠢᠨ ᠦᠨᠳᠤᠷ ᠪᠠᠶᠢᠳᠠᠭ᠃ ᠦᠵᠤᠮ ᠤᠨ ᠰᠢᠬᠢᠷ ᠤᠨ ᠰᠢᠬᠢᠷᠯᠢᠭ ᠤᠨ ᠬᠡᠮᠵᠢᠶ᠎ᠠ ᠨᠢ ᠬᠠᠮᠤᠭ ᠤᠨ ᠲᠤᠤᠷ᠎ᠠ ᠪᠠᠶᠢᠵᠤ᠂ ᠵᠦᠪᠭᠡᠨ ᠨᠢᠰᠢᠩᠬᠦ ᠶᠢᠨ ᠰᠢᠬᠢᠷ ᠤᠨ 0.6 ᠲᠠᠬᠢᠨ ᠪᠠᠶᠢᠳᠠᠭ᠃ ᠵᠦᠭᠡᠢ ᠶᠢᠨ ᠪᠠᠯ ᠤᠨ ᠬᠤᠯᠢᠮᠠᠭ ᠪᠤᠳᠡᠰ ᠤᠨ ᠰᠢᠬᠢᠷᠯᠢᠭ ᠤᠨ ᠬᠡᠮᠵᠢᠶ᠎ᠠ ᠨᠢ ᠦᠨᠳᠤᠰᠤᠨ ᠳᠡᠭᠡᠨ ᠨᠢᠰᠢᠩᠬᠦ ᠶᠢᠨ ᠰᠢᠬᠢᠷ ᠤᠨ ᠬᠢ ᠲᠠᠢ ᠠᠳᠠᠯᠢ ᠪᠠᠶᠢᠵᠤ᠂ ᠴᠢᠨᠠᠭᠰᠢᠯᠠᠪᠠᠯ ᠴᠠᠭᠠᠨ ᠰᠢᠬᠢᠷ ᠤᠨ ᠬᠢ ᠠᠴᠠ 1.3 ᠲᠠᠬᠢᠨ ᠦᠨᠳᠤᠷ ᠪᠠᠶᠢᠳᠠᠭ᠃ ᠭᠡᠳᠡᠯ᠎ᠠ ᠪᠢᠳᠡ ᠵᠦᠭᠡᠢ ᠶᠢᠨ ᠪᠠᠯ ᠢ ᠠᠮᠳᠠᠯᠠᠬᠤ ᠳᠤ ᠶᠠᠭᠠᠬᠢᠭᠠᠳ ᠲᠠᠶᠢᠮᠤ ᠶᠡᠭᠡ ᠰᠢᠬᠢᠷᠯᠢᠭ ᠰᠠᠨᠠᠭᠳᠠᠬᠤ ᠦᠭᠡᠢ ᠪᠤᠢ︖ ᠡᠨᠡ ᠨᠢ ᠵᠢᠮᠢᠰ ᠤᠨ ᠰᠢᠬᠢᠷ ᠤᠨ ᠰᠢᠨᠵᠢ ᠴᠢᠨᠠᠷ ᠠᠴᠠ ᠲᠤᠬᠳᠠᠭᠠᠭᠳᠠᠵᠠᠢ᠂ ᠲᠤᠯᠠᠭᠠᠨ ᠤ ᠬᠡᠮᠵᠢᠶ᠎ᠠ ᠨᠢ ᠲᠡᠬᠦᠨ ᠤ ᠮᠤᠯᠧᠺᠦ᠋ᠯ ᠤᠨ ᠴᠤᠭᠴᠠᠯᠠᠮᠵᠢ ᠶᠢ ᠨᠦᠯᠤᠭᠡᠯᠡᠬᠦ ᠶᠢᠨ ᠤᠯᠠᠮ ᠠᠴᠠ ᠪᠢᠳᠡᠨ ᠤ ᠠᠮᠳᠠ ᠶᠢᠨ ᠪᠤᠯᠴᠤᠷᠤᠤ ᠶᠢ ᠨᠦᠯᠤᠭᠡᠯᠡᠵᠤ᠂ ᠬᠥᠢᠳᠡᠨ ᠪᠤᠯᠬᠤ ᠲᠤᠰᠤᠮ ᠢᠶᠠᠨ ᠲᠡᠷᠡ ᠨᠢ ᠤᠯᠠᠮ ᠰᠢᠬᠢᠷᠯᠢᠭ ᠪᠤᠯᠳᠠᠭ᠃ ᠪᠢᠳᠡᠨ ᠤ ᠤᠤᠭᠤᠳᠠᠭ ᠵᠦᠭᠡᠢ ᠶᠢᠨ ᠪᠠᠯ ᠲᠠᠢ ᠤᠰᠤ ᠨᠢ ᠪᠦᠯᠢᠶᠡᠨ ᠪᠠᠶᠢᠳᠠᠭ ᠪᠤᠯᠬᠤᠷ ᠵᠢᠮᠢᠰ ᠤᠨ ᠰᠢᠬᠢᠷ ᠨᠢ ᠡᠶᠢᠮᠤᠷᠬᠦ ᠲᠤᠯᠠᠭᠠᠨ ᠤ ᠬᠡᠮᠵᠢᠶ᠎ᠠ ᠳᠤ ᠲᠡᠶᠢᠮᠤ ᠰᠢᠬᠢᠷᠯᠢᠭ ᠪᠤᠯᠳᠠᠭ ᠦᠭᠡᠢ ᠶᠤᠮ᠂ ᠡᠶᠢᠮᠤ ᠠᠴᠠ ᠪᠢᠳᠡᠨ ᠳᠤ ᠲᠡᠶᠢᠮᠤ ᠶᠡᠭᠡ ᠰᠢᠬᠢᠷᠯᠢᠭ ᠰᠠᠨᠠᠭᠳᠠᠬᠤ ᠦᠭᠡᠢ ᠨᠢ ᠲᠤᠯᠠᠭᠠᠨ ᠤ ᠬᠡᠮᠵᠢᠶ᠎ᠡ ᠠᠴᠠ ᠪᠤᠯᠤᠭᠰᠠᠨ ᠪᠠᠶᠢᠳᠠᠭ᠃
 
ᠢᠷᠡᠯᠲᠡ᠄ ᠵᠢᠨᠢᠡᠭ ᠲᠤᠭᠤᠷᠢᠭ ᠤᠨ ᠵᠠᠰᠠᠭ ᠤᠨ ᠤᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2