ᠢᠷᠡᠬᠦ ᠵᠢᠯ ᠪᠦᠬᠦ ᠤᠯᠤᠰ ᠎ ᠤᠨ ᠡᠮ ᠡᠮᠨᠡᠯᠭᠡ ᠶᠢᠨ ᠳᠠᠭᠠᠳᠬᠠᠯ ᠤᠨ ᠰᠢᠰᠲ᠋ᠧᠮ ᠢ ᠨᠢᠭᠡ ᠯᠠ ᠨᠣᠮᠧᠷ ᠢᠶᠠᠷ ᠨᠡᠪᠲᠡᠷᠡᠭᠦᠯᠦᠨ᠎ᠡ
ᠨᠡᠶᠢᠲᠡᠯᠡᠭᠰᠡᠨ ᠴᠠᠭ᠄
2019/10/15
     ᠤᠯᠤᠰ ᠎ ᠤᠨ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠣᠶᠢᠷ᠎ᠠ ᠳᠤ ︽ᠡᠮᠴᠢᠯᠡᠭᠡᠨ ᠤ ᠪᠠᠲᠤᠯᠠᠭ᠎ᠠ ᠶᠢᠨ ᠴᠡᠭ ᠲᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ ᠵᠡᠷᠭᠡ ᠮᠡᠳᠡᠭᠡ ᠵᠠᠩᠭᠢ ᠶᠢᠨ ᠲᠤᠬᠠᠶᠢᠯᠠᠭᠰᠠᠨ ᠠᠵᠢᠯ ᠎ ᠤᠨ ᠺᠣᠳ᠋ᠯᠠᠬᠤ ᠳᠦᠷᠢᠮ ᠪᠠ ᠠᠷᠭ᠎ᠠ ᠶᠢ ᠳᠠᠷᠤᠮᠠᠯᠯᠠᠨ ᠲᠠᠷᠬᠠᠭᠠᠬᠤ ᠲᠤᠬᠠᠢ ᠮᠡᠳᠡᠭᠳᠡᠯ︾ ᠪᠠᠭᠤᠯᠭᠠᠵᠤ᠂ 15 ᠵᠦᠶᠯ ᠤᠨ ᠡᠮᠴᠢᠯᠡᠭᠡᠨ ᠤ ᠳᠠᠭᠠᠳᠬᠠᠯ ᠤᠨ ᠮᠡᠳᠡᠭᠡ ᠵᠠᠩᠭᠢ ᠶᠢᠨ ᠲᠤᠬᠠᠶᠢᠯᠠᠭᠰᠠᠨ ᠠᠵᠢᠯ ᠎ ᠤᠨ ᠺᠣᠳ᠋ᠯᠠᠬᠤ ᠪᠠᠷᠢᠮᠵᠢᠶ᠎ᠠ ᠶᠢ ᠨᠢᠭᠡᠨᠲᠡ ᠪᠦᠬᠦᠨ ᠢ ᠲᠣᠭᠲᠠᠭᠠᠵᠤ ᠳᠠᠭᠤᠰᠤᠭᠰᠠᠨ ᠢ ᠬᠠᠷᠠᠭᠤᠯᠵᠤ ᠪᠠᠶᠢᠨ᠎ᠠ᠃ ᠵᠢᠱᠢᠯᠲᠡ ᠪᠠᠷ 2020᠎  ᠤᠨ ᠪᠣᠯᠬᠤ ᠳᠤ᠂ ᠤᠯᠤᠰ ᠎ ᠤᠨ ᠡᠮ ᠡᠮᠨᠡᠯᠭᠡ ᠶᠢᠨ ᠳᠠᠭᠠᠳᠬᠠᠯ ᠤᠨ ᠲᠣᠪᠴᠢᠶ᠎ᠠ 15 ᠵᠦᠶᠯ ᠤᠨ ᠮᠡᠳᠡᠭᠡ ᠵᠠᠩᠭᠢ ᠶᠢᠨ ᠲᠤᠬᠠᠶᠢᠯᠠᠭᠰᠠᠨ ᠠᠵᠢᠯ ᠎ ᠤᠨ ᠺᠣᠳ᠋ᠯᠠᠬᠤ ᠪᠠᠷᠢᠮᠵᠢᠶ᠎ᠠ ᠶᠢ ᠨᠠᠶᠢᠳᠠᠪᠤᠷᠢᠵᠢᠭᠤᠯᠤᠨ ᠬᠡᠷᠡᠭᠯᠡᠬᠦ ᠶᠢ ᠪᠡᠶᠡᠯᠡᠭᠦᠯᠵᠦ᠂ ᠪᠥᠬᠦ ᠤᠯᠤᠰ ᠠᠴᠠ ᠡᠮ ᠡᠮᠨᠡᠯᠭᠡ ᠶᠢᠨ ᠳᠠᠭᠠᠳᠬᠠᠯ ᠤᠨ ᠰᠢᠰᠲ᠋ᠧᠮ ᠪᠠ ᠡᠯ᠎ᠡ ᠲᠤᠬᠠᠶᠢᠯᠠᠭᠰᠠᠨ ᠠᠵᠢᠯ ᠎ ᠤᠨ ᠵᠠᠩᠭᠢᠯᠠᠭ᠎ᠠ ᠶᠢᠨ ︽ᠨᠢᠭᠡ ᠨᠣᠮᠧᠷ ᠲᠤ ᠨᠡᠪᠲᠡᠷᠡᠬᠦ︾᠎ ᠶᠢ ᠪᠡᠶᠡᠯᠡᠭᠦᠯᠦᠨ᠎ᠡ᠃      ᠲᠠᠨᠢᠯᠴᠠᠭᠤᠯᠤᠭᠰᠠᠨ ᠢᠶᠠᠷ᠂ ᠤᠯᠤᠰ ᠎ ᠤᠨ ᠡᠮ ᠡᠮᠨᠡᠯᠭᠡ ᠶᠢᠨ ᠳᠠᠭᠠᠳᠬᠠᠯ ᠤᠨ ᠲᠣᠪᠴᠢᠶ᠎ᠠ 2018᠎ ᠤᠨ 8 ᠰᠠᠷ᠎ᠠ ᠳᠤ᠂ ︽ᠨᠢᠭᠡᠳᠦᠯᠲᠡᠶ ᠲᠥᠷᠥᠯ ᠬᠤᠪᠢᠶᠠᠬᠤ᠂ ᠨᠢᠭᠡᠳᠦᠯᠲᠡᠶ ᠨᠣᠮᠧᠷᠯᠠᠬᠤ᠂ ᠨᠢᠭᠡᠳᠦᠯᠲᠡᠶ ᠨᠡᠶᠢᠲᠡᠯᠡᠬᠦ᠂ ᠨᠢᠭᠡᠳᠦᠯᠲᠡᠶ ᠬᠠᠮᠢᠶᠠᠷᠬᠤ︾ ᠶᠡᠷᠦᠩᠬᠡᠶ ᠱᠠᠭᠠᠷᠳᠠᠯᠭ᠎ᠠ ᠶᠣᠰᠣᠭᠠᠷ᠂ ᠡᠮ ᠡᠮᠨᠡᠯᠭᠡ ᠶᠢᠨ ᠳᠠᠭᠠᠳᠬᠠᠯ ᠤᠨ ᠮᠡᠳᠡᠭᠡ ᠵᠠᠩᠭᠢ ᠶᠢᠨ 15 ᠵᠦᠶᠯ ᠤᠨ ᠳ᠋ᠤᠭᠠᠷᠯᠠᠯ ᠤᠨ ᠪᠠᠷᠢᠮᠵᠢᠶ᠎ᠠ ᠶᠢ ᠲᠣᠭᠲᠠᠭᠠᠬᠤ ᠠᠵᠢᠯ ᠢ ᠡᠬᠢᠯᠡᠭᠦᠯᠪᠡ᠃ ᠡᠨᠡ ᠵᠢᠯ ᠤᠨ 6 ᠰᠠᠷ᠎ᠠ ᠳᠤ᠂ ᠡᠪᠡᠳᠴᠢᠨ ᠡᠮᠭᠡᠭ ᠢ ᠣᠨᠣᠰᠢᠯᠠᠬᠤ ᠪᠠ ᠮᠡᠰᠡ ᠵᠠᠰᠠᠯ ᠬᠢᠬᠦ᠂ ᠡᠮᠴᠢᠯᠡᠭᠡᠨ ᠤ ᠦᠶᠯᠡᠴᠢᠯᠡᠭᠡᠨ ᠤ ᠲᠥᠷᠥᠯ ᠵᠦᠶᠯ᠂ ᠡᠮ ᠤᠨ ᠵᠦᠶᠯ ᠪᠠ ᠡᠮᠴᠢᠯᠡᠭᠡᠨ ᠳᠤ ᠬᠡᠷᠡᠭᠯᠡᠬᠦ ᠬᠤᠷᠣᠭᠳᠠᠯ ᠮᠠᠲ᠋ᠧᠷᠢᠶᠠᠯ ᠵᠡᠷᠭᠡ 4 ᠵᠦᠶᠯ ᠤᠨ ᠺᠣᠳ᠋ᠯᠠᠬᠤ ᠪᠠᠷᠢᠮᠵᠢᠶ᠎ᠠ ᠶᠢᠨ ᠳ᠋ᠠᠶᠢᠲ᠋ᠠ ᠬᠥᠮᠥᠷᠭᠡ ᠪᠠ ᠬᠥᠳᠡᠯᠦᠩᠭᠦᠶ ᠬᠠᠮᠠᠭᠠᠯᠠᠯᠲᠠ ᠶᠢᠨ ᠲᠠᠪᠴᠠᠩ ᠰᠦᠯᠵᠢᠶᠡᠨ ᠳᠤ ᠭᠠᠷᠪᠠ᠃ ᠡᠨᠡ ᠵᠢᠯ ᠤᠨ 9 ᠰᠠᠷ᠎ᠠ ᠶᠢᠨ ᠰᠡᠭᠦᠯᠴᠢ ᠪᠣᠯᠲᠠᠯ᠎ᠠ᠂ ᠡᠮ ᠤᠨ ᠵᠦᠶᠯ ᠤᠨ ᠠᠵᠤ ᠠᠬᠤᠶᠢᠯᠠᠯ ᠨᠢᠭᠡᠨᠲᠡ ᠰᠦᠯᠵᠢᠶᠡᠨ ᠳᠡᠭᠡᠷ᠎ᠡ ᠦᠶᠯᠡᠳᠬᠦᠨ ᠤ ᠮᠡᠳᠡᠭᠡ ᠵᠠᠩᠭᠢ ᠶᠢ 120459 ᠵᠦᠶᠯ ᠬᠠᠮᠠᠭᠠᠯᠠᠪᠠ  ᠃ ᠡᠮᠴᠢᠯᠡᠭᠡᠨ ᠳᠤ ᠬᠡᠷᠡᠭᠯᠡᠬᠦ ᠬᠤᠷᠣᠭᠳᠠᠯ ᠮᠠᠲ᠋ᠧᠷᠢᠶᠠᠯ ᠤᠨ ᠠᠵᠤ ᠠᠬᠤᠶᠢᠯᠠᠯ ᠨᠢᠭᠡᠨᠲᠡ ᠳᠠᠩᠰᠠᠯᠠᠭᠤᠯᠤᠭᠰᠠᠨ ᠦᠨᠡᠮᠯᠡᠯ ᠤᠨ ᠮᠡᠳᠡᠭᠡ ᠵᠠᠩᠭᠢ ᠶᠢ 175 ᠵᠤᠷᠪᠤᠰ᠂ ᠬᠡᠪ ᠵᠠᠭᠪᠤᠷ ᠤᠨ ᠬᠡᠯᠪᠡᠷᠢ ᠮᠠᠶ᠋ᠢᠭ ᠨᠢ 2000 ᠲᠦᠮᠡᠨ ᠵᠤᠷᠪᠤᠰ ᠪᠠᠶᠢᠵᠤ᠂ ᠡᠭᠦᠨ ᠳᠤ ᠨᠢᠭᠡᠨᠲᠡ ᠡᠯ᠎ᠡ ᠭᠠᠵᠠᠷ ᠲᠤ ᠬᠡᠷᠡᠭᠯᠡᠭᠰᠡᠨ ᠦᠶᠯᠡᠳᠬᠦᠨ ᠨᠢ 12000 ᠵᠤᠷᠪᠤᠰ ᠪᠠᠶᠢᠨ᠎ᠠ᠃      9 ᠰᠠᠷ᠎ᠠ ᠶᠢᠨ 26᠎ ᠤ ᠡᠳᠦᠷ᠂ ᠤᠯᠤᠰ ᠤᠨ ᠡᠮ ᠡᠮᠨᠡᠯᠭᠡ ᠶᠢᠨ ᠪᠠᠲᠤᠯᠠᠭ᠎ᠠ ᠶᠢᠨ ᠲᠣᠪᠴᠢᠶ᠎ᠠ ᠡᠮ ᠡᠮᠨᠡᠯᠭᠡ ᠶᠢᠨ ᠪᠠᠲᠤᠯᠠᠭ᠎ᠠ ᠶᠢᠨ ᠰᠠᠭᠤᠷᠢ ᠮᠥᠩᠭᠦ ᠶᠢᠨ ᠲᠠᠰᠤᠯᠤᠨ ᠪᠣᠳᠣᠯᠲᠠ ᠶᠢᠨ ᠲᠣᠳᠣᠷᠬᠠᠶ ᠬᠠᠭᠤᠳᠠᠰᠤ᠂ ᠴᠡᠭ ᠲᠣᠭᠲᠠᠭᠠᠭᠰᠠᠨ ᠡᠮ ᠡᠮᠨᠡᠯᠭᠡ ᠶᠢᠨ ᠪᠠᠶᠢᠭᠤᠯᠤᠮᠵᠢ᠂ ᠡᠮ ᠡᠮᠨᠡᠯᠭᠡ ᠶᠢᠨ ᠳᠠᠭᠠᠳᠬᠠᠯ ᠤᠨ ᠡᠮᠴᠢ᠂ ᠡᠮ ᠡᠮᠨᠡᠯᠭᠡ ᠶᠢᠨ ᠳᠠᠭᠠᠳᠬᠠᠯ ᠤᠨ ᠰᠤᠪᠢᠯᠠᠭᠴᠢ᠂ ᠲᠣᠭᠲᠠᠭᠠᠭᠰᠠᠨ ᠴᠡᠭ ᠤᠨ ᠵᠢᠵᠢᠭᠯᠡᠨ ᠬᠤᠳᠠᠯᠳᠤᠬᠤ ᠡᠮ ᠤᠨ ᠳᠡᠯᠭᠡᠭᠦᠷ᠂ ᠡᠮ ᠡᠮᠨᠡᠯᠭᠡ ᠶᠢᠨ ᠳᠠᠭᠠᠳᠬᠠᠯ ᠤᠨ ᠡᠮ ᠨᠠᠶᠢᠷᠠᠭᠴᠢ᠂ ᠡᠮ ᠡᠮᠨᠡᠯᠭᠡ ᠶᠢᠨ ᠳᠠᠭᠠᠳᠬᠠᠯ ᠤᠨ ᠰᠢᠰᠲ᠋ᠧᠮ ᠤᠨ ᠨᠢᠭᠡᠴᠢ᠂ ᠡᠮ ᠡᠮᠨᠡᠯᠭᠡ ᠶᠢᠨ ᠳᠠᠭᠠᠳᠬᠠᠯ ᠤᠨ ᠰᠢᠰᠲ᠋ᠧᠮ ᠤᠨ ᠠᠵᠢᠯᠲᠠᠨ᠂ ᠡᠮ ᠡᠮᠨᠡᠯᠭᠡ ᠶᠢᠨ ᠳᠠᠭᠠᠳᠬᠠᠯ ᠤᠨ ᠡᠭᠦᠳᠡᠨ ᠡᠮᠨᠡᠯᠭᠡ ᠶᠢᠨ ᠤᠳᠠᠭᠠᠨ ᠴᠢᠨᠠᠷᠲᠠᠶ ᠡᠪᠡᠳᠴᠢᠨ᠂ ᠡᠮ ᠡᠮᠨᠡᠯᠭᠡ ᠶᠢᠨ ᠳᠠᠭᠠᠳᠬᠠᠯ ᠢ ᠦᠨᠳᠦᠰᠦᠯᠡᠨ ᠲᠠᠰᠤᠯᠤᠨ ᠪᠣᠳᠣᠬᠤ᠂ ᠡᠮ ᠡᠮᠨᠡᠯᠭᠡ ᠶᠢᠨ ᠳᠠᠭᠠᠳᠬᠠᠯ ᠤᠨ ᠡᠳᠦᠷ ᠤᠨ ᠮᠡᠰᠡ ᠵᠠᠰᠠᠯ ᠬᠢᠬᠦ ᠵᠡᠷᠭᠡ 11 ᠵᠦᠶᠯ ᠤᠨ ᠡᠮ ᠡᠮᠨᠡᠯᠭᠡ ᠶᠢᠨ ᠳᠠᠭᠠᠳᠬᠠᠯ ᠤᠨ ᠮᠡᠳᠡᠭᠡ ᠵᠠᠩᠭᠢ ᠶᠢᠨ ᠲᠤᠬᠠᠶᠢᠯᠠᠭᠰᠠᠨ ᠠᠵᠢᠯ ᠢ ᠨᠣᠮᠧᠷᠯᠠᠬᠤ ᠳᠦᠷᠢᠮ ᠪᠠ ᠠᠷᠭ᠎ᠠ ᠶᠢ ᠨᠡᠶᠢᠲᠡᠯᠡᠪᠡ᠃ ᠡᠭᠦᠨ ᠤ ᠳᠤ ᠬᠠᠮᠲᠤ᠂ ᠤᠯᠤᠰ ᠎ ᠤᠨ ᠡᠮ ᠡᠮᠨᠡᠯᠭᠡ ᠶᠢᠨ ᠳᠠᠭᠠᠳᠬᠠᠯ ᠤᠨ ᠲᠣᠪᠴᠢᠶ᠎ᠠ ᠶᠢᠨ ᠰᠦᠯᠵᠢᠶᠡᠨ ᠳᠡᠭᠡᠷ᠎ᠡ ︽ᠡᠮ ᠡᠮᠨᠡᠯᠭᠡ ᠶᠢᠨ ᠳᠠᠭᠠᠳᠬᠠᠯ ᠤᠨ ᠮᠡᠳᠡᠭᠡ ᠵᠠᠩᠭᠢ ᠶᠢᠨ ᠲᠤᠬᠠᠶᠢᠯᠠᠭᠰᠠᠨ ᠠᠵᠢᠯ ᠎ ᠤᠨ ᠺᠣᠳ᠋ᠯᠠᠬᠤ ᠪᠠᠷᠢᠮᠵᠢᠶ᠎ᠠ ᠶᠢᠨ ᠳ᠋ᠠᠶᠢᠲ᠋ᠠ ᠬᠥᠮᠥᠷᠭᠡ ᠶᠢᠨ ᠬᠥᠳᠡᠯᠦᠩᠭᠦᠶ ᠬᠠᠮᠠᠭᠠᠯᠠᠯᠲᠠ︾᠎ ᠶᠢᠨ ᠴᠣᠩᠬᠤ ᠶᠢ ᠨᠡᠪᠲᠡᠷᠡᠭᠦᠯᠪᠡ᠃       ᠤᠯᠤᠰ ᠤᠨ ᠡᠮ ᠡᠮᠨᠡᠯᠭᠡ ᠶᠢᠨ ᠳᠠᠭᠠᠳᠬᠠᠯ ᠤᠨ ᠲᠣᠪᠴᠢᠶ᠎ᠠ ᠢᠯᠡᠷᠬᠡᠶᠢᠯᠡᠬᠦ ᠳᠡᠭᠡᠨ᠂ ᠲᠤᠬᠠᠶᠢᠯᠠᠭᠰᠠᠨ ᠠᠵᠢᠯ ᠎ ᠤᠨ ᠳ᠋ᠤᠭᠠᠷᠯᠠᠯ ᠤᠨ ᠳᠦᠷᠢᠮ ᠪᠠ ᠠᠷᠭ᠎ᠠ ᠶᠢ ᠲᠣᠭᠲᠠᠭᠠᠬᠤ ᠪᠣᠯ ᠵᠥᠪᠬᠡᠨ ᠡᠮ ᠡᠮᠨᠡᠯᠭᠡ ᠶᠢᠨ ᠳᠠᠭᠠᠳᠬᠠᠯ ᠤᠨ ᠮᠡᠳᠡᠭᠡ ᠵᠠᠩᠭᠢ ᠶᠢ ᠪᠠᠷᠢᠮᠵᠢᠶᠠᠵᠢᠭᠤᠯᠬᠤ ᠠᠵᠢᠯ ᠎ ᠤᠨ ᠡᠬᠢᠯᠡᠯᠲᠡ ᠮᠥᠨ᠃                                              ᠤᠷᠴᠢᠭᠤᠯᠤᠭᠴᠢ᠄ ᠲᠤᠶᠠᠭ᠎ᠠ
 
ᠢᠷᠡᠯᠲᠡ᠄ ᠵᠢᠨᠢᠩ ᠲᠤᠭᠤᠷᠢᠭ ᠤᠨ ᠵᠠᠰᠠᠭ ᠤᠨ ᠤᠷᠳᠤᠨ ᠤ ᠬᠢᠳᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2