ᠸᠢᠴᠠᠲ ᠢᠶᠠᠷ ᠵᠤᠭᠤᠰ ᠶᠠᠪᠤᠭᠤᠯᠬᠤ ᠪᠠ ᠤᠯᠠᠭᠠᠨ ᠪᠠᠭᠯᠠᠭ᠎ᠠ ᠪᠠᠷ ᠵᠤᠭᠤᠰ ᠶᠠᠪᠤᠭᠤᠯᠬᠤ ᠳᠤ ᠠᠯᠢ ᠶᠢ ᠨᠢ ᠪᠤᠴᠠᠭᠠᠬᠤ ᠭᠡᠷᠡᠭᠳᠡᠢ ᠪᠤᠢ︖
ᠨᠡᠶᠢᠲᠡᠯᠡᠭᠰᠡᠨ ᠴᠠᠭ᠄
2024/1/24
        ᠸᠢᠴᠠᠲ ᠎ ᠢᠶᠠᠷ ᠵᠤᠭᠤᠰ ᠶᠠᠪᠤᠭᠤᠯᠬᠤ  ᠪᠠ  ᠤᠯᠠᠭᠠᠨ  ᠪᠠᠭᠯᠠᠭ᠎ᠠ  ᠎ ᠪᠠᠷ  ᠵᠤᠭᠤᠰ  ᠶᠠᠪᠤᠭᠤᠯᠬᠤ  ᠠᠵᠤ  ᠠᠬᠤᠢ ᠵᠢᠨ‌‍ᠶᠠᠪᠤᠯᠴᠠᠭ᠎ᠠ ᠨᠢ ᠠᠳᠠᠯᠢ ᠰᠢᠨᠵᠢ ᠴᠢᠨᠠᠷ ᠲᠠᠢ ᠦᠦ︖  ᠣᠶᠢᠷ᠎ᠠ ᠳᠤ᠂  ᠪᠡᠭᠡᠵᠢᠩ  ᠬᠤᠲᠠ ᠶᠢᠨ  ᠬᠠᠶ  ᠳ᠋ᠢᠶᠠᠨ  ᠲᠣᠭᠤᠷᠢᠭ ‍ᠤᠨ‌ᠠᠷᠠᠳ ᠤᠨ ᠰᠢᠭᠦᠬᠦ ᠬᠤᠷᠢᠶ᠎ᠠ  ᠎ ᠨᠢ  ᠵᠣᠭᠤᠰ  ᠵᠢᠭᠡᠯᠡᠭᠰᠡᠨ  ᠵᠢᠭᠤᠷᠠᠯᠳᠤᠭᠠᠨ ᠤ  ᠬᠡᠷᠡᠭ ᠢ  ᠰᠢᠭᠦᠨ  ᠳᠠᠭᠤᠰᠬᠠᠵᠤ᠂  ᠸᠢᠴᠠᠲ‌ᠵᠢᠨᠷ ᠵᠤᠭᠤᠰ ᠶᠠᠪᠤᠭᠤᠯᠬᠤ ᠪᠠ ᠤᠯᠠᠭᠠᠨ ᠪᠠᠭᠯᠠᠭ᠎ᠠ ᠎ ᠪᠠᠷ ᠵᠤᠭᠤᠰ ᠶᠠᠪᠤᠭᠤᠯᠬᠤ ᠎ ᠨᠢ ᠰᠢᠨᠵᠢ ᠴᠢᠨᠠᠷ ᠤᠨ ᠢᠯᠭᠠᠭ᠎ᠠ ᠎ ᠲᠠᠢ ᠪᠠᠶᠢᠳᠠᠭ ᠢ‌ᠮᠠᠭᠠᠳᠯᠠᠨ ᠲᠣᠭᠲᠠᠭᠠᠵᠠᠢ᠂ ᠲᠤᠬᠠᠶᠢᠯᠠᠪᠠᠯ ᠤᠯᠠᠭᠠᠨ  ᠪᠠᠭᠯᠠᠭ᠎ᠠ  ᠎ ᠪᠠᠷ  ᠵᠤᠭᠤᠰ  ᠶᠠᠪᠤᠭᠤᠯᠬᠤ ᠨᠢ  ᠪᠡᠯᠡᠭᠯᠡᠨ  ᠥᠭᠭᠦᠭᠰᠡᠨ ᠳ᠋ᠤ᠋‌‍ᠲ᠋ᠣᠭᠠᠴᠠᠭᠳᠠᠵᠤ᠂ ᠸᠢᠴᠠᠲ ᠎ ᠢᠶᠠᠷ ᠵᠤᠭᠤᠰ ᠶᠠᠪᠤᠭᠤᠯᠬᠤ ᠨᠢ ᠵᠣᠭᠤᠰ ᠵᠢᠭᠡᠯᠡᠭᠰᠡᠨ ᠳᠤ ᠲᠣᠭᠠᠴᠠᠭᠳᠠᠨ᠎ᠠ᠃             ︽ᠸᠢᠴᠠᠲ ᠎ ᠢᠶᠠᠷ ᠵᠤᠭᠤᠰ  ᠶᠠᠪᠤᠭᠤᠯᠬᠤ  ᠪᠠ  ᠤᠯᠠᠭᠠᠨ  ᠪᠠᠭᠯᠠᠭ᠎ᠠ  ᠎ ᠪᠠᠷ  ᠵᠤᠭᠤᠰ  ᠶᠠᠪᠤᠭᠤᠯᠬᠤ  ᠎ ᠨᠢ  ᠬᠡᠳᠦ᠋ᠢᠪᠡᠷ‌‍ᠸᠢᠴᠠᠲ ᠤᠨ ᠵᠥᠭᠡᠯᠡᠨ ᠲᠤᠨᠤᠭ ᠎ ᠢᠶᠠᠷ ᠳᠠᠮᠵᠢᠭᠤᠯᠤᠨ ᠵᠣᠭᠤᠰ ᠶᠠᠪᠤᠭᠤᠯᠵᠤ ᠪᠠᠶᠢᠭ᠎ᠠ ᠪᠣᠯᠪᠠᠴᠤ ᠸᠢᠴᠠᠲ ᠤᠨ ᠵᠥᠭᠡᠯᠡᠨ  ᠲᠤᠨᠤᠭ‌‍ᠤᠨ ᠠᠳᠠᠯᠢ ᠪᠤᠰᠤ ᠴᠢᠳᠠᠮᠵᠢ ᠵᠢᠴᠢ ᠰᠢᠨᠵᠢ ᠴᠢᠨᠠᠷ ᠎ ᠤᠨ ᠲᠠᠯ᠎ᠠ ᠎ ᠠᠴᠠ ᠵᠣᠭᠤᠰ ᠶᠠᠪᠤᠭᠤᠯᠬᠤ ᠬᠤᠶᠠᠷ ᠵᠦᠢᠯ ᠤᠨ ᠰᠢᠨᠵᠢ  ᠴᠢᠨᠠᠷ ᠢ‌ᠢᠯᠭᠠᠵᠤ ᠮᠠᠭᠠᠳᠯᠠᠨ ᠲᠣᠭᠲᠠᠭᠠᠬᠤ ᠬᠡᠷᠡᠭᠲᠡᠶ︾ ᠭᠡᠵᠦ  ᠰᠢᠭᠦᠬᠦ  ᠲᠤᠰᠢᠶᠠᠯᠲᠠᠨ  ᠬᠡᠯᠡᠭᠰᠡᠨ  ᠎ ᠢᠶᠠᠨ  ᠵᠠᠯᠭᠠᠭᠠᠳ᠂  ᠸᠢᠴᠠᠲ ‍ᠤᠨ‌ᠵᠥ᠋ᠭᠡᠯᠡᠨ ᠲᠣᠨᠤᠭ ᠨᠢ ᠨᠡᠶᠢᠭᠡᠮ ᠤᠨ ᠬᠠᠷᠢᠯᠴᠠᠭᠠᠨ ᠤ ᠪᠠᠭᠠᠵᠢ ᠪᠣᠯᠤᠭᠰᠠᠨ ᠤ ᠬᠤᠪᠢ ᠳᠤ ᠡᠳᠦᠷ  ᠲᠤᠲᠤᠮ ᠤᠨ  ᠨᠡᠪᠲᠡᠷᠡᠯᠴᠡᠵᠦ‌‍ᠰᠣᠯᠢᠯᠴᠠᠬᠤ  ᠴᠢᠳᠠᠮᠵᠢ ᠶᠢ  ᠪᠦᠷᠢᠯᠳᠦᠭᠦᠯᠤᠭ᠍ᠰᠡᠨ ᠠᠴᠠ  ᠭᠠᠳᠠᠨ᠎ᠠ   ᠪᠠᠰᠠ   ᠨᠡᠶᠢᠭᠡᠮ ᠤᠨ   ᠬᠠᠷᠢᠯᠴᠠᠭᠠᠨ ᠤ   ᠴᠢᠳᠠᠮᠵᠢ ᠵᠢ‌‍ᠪᠦ᠋ᠷᠢᠯᠳᠦᠭᠦᠯᠤᠭ᠍ᠰᠡᠨ ᠪᠠᠶᠢᠳᠠᠭ᠂ ᠬᠡᠳᠡᠯ᠎ᠡ ᠸᠢᠴᠠᠲ ᠤᠨ ᠤᠯᠠᠭᠠᠨ ᠪᠠᠭᠯᠠᠭ᠎ᠠ ᠨᠢ ᠬᠠᠷᠢᠨ  ᠸᠢᠴᠠᠲ ᠤᠨ  ᠵᠥᠭᠡᠯᠡᠨ  ᠲᠣᠨᠤᠭ ‍ᠤᠨ‌ᠨᠡᠶᠢᠭᠡᠮ ᠤᠨ ᠬᠠᠷᠢᠯᠴᠠᠭᠠᠨ ᠤ ᠴᠢᠳᠠᠮᠵᠢ ᠶᠢᠨ ᠨᠡᠶᠢᠲᠡᠯᠢᠭ ᠢᠯᠡᠷᠡᠯ ᠪᠣᠯᠤᠨ᠎ᠠ᠃ ᠸᠢᠴᠠᠲ ᠤᠨ ᠤᠯᠠᠭᠠᠨ ᠪᠠᠭᠯᠠᠭ᠎ᠠ  ᠎ ᠪᠠᠷ  ᠵᠤᠭᠤᠰ‌‍ᠶᠠᠪᠤᠭᠤᠯᠬᠤ ᠎ ᠳᠤ ᠬᠠᠮᠤᠭ ᠠᠷᠪᠢᠨ ᠎ ᠳᠠᠭᠠᠨ 200 ᠲᠥᠭᠦᠷᠢᠭ ᠶᠠᠪᠤᠭᠤᠯᠵᠤ ᠪᠤᠯᠬᠤ ᠪᠥᠭᠡᠳ ᠲᠡᠭᠦᠨ ᠎ ᠢ   ︽ᠤᠯᠠᠭᠠᠨ ᠪᠠᠭᠯᠠᠭ᠎ᠠ︾ ᠭᠡᠳᠡᠭ᠂ ᠮᠠᠨ ᠤ ᠤᠯᠤᠰ ᠤᠨ ᠠᠷᠠᠳ ᠤᠨ ᠵᠠᠩ ᠳᠠᠳᠬᠠᠯ ᠢ ᠦᠨᠳᠦᠰᠦᠯᠡᠨ  ︽ᠤᠯᠠᠭᠠᠨ ᠪᠠᠭᠯᠠᠭ᠎ᠠ︾ ᠥᠭᠬᠦ ᠨᠢ ᠡᠩ ᠤᠨ ᠪᠠᠶᠢᠳᠠᠯ ᠳᠤᠤᠷ᠎ᠠ ᠰᠠᠶᠢᠨ ᠳᠤᠷ᠎ᠠ ᠠᠴᠠ ᠪᠠᠨ ᠪᠡᠯᠡᠭᠯᠡᠨ  ᠬᠦᠷᠭᠡᠭᠰᠡᠨ ᠢ‌ᠬᠠᠷᠠᠭᠤᠯᠵᠤ᠂ ᠪᠤᠴᠠᠭᠠᠬᠤ ᠴᠢᠬᠤᠯᠠ ᠥᠬᠡᠶ ᠪᠠᠶᠢᠳᠠᠭ᠃             ᠸᠢᠴᠠᠲ ᠎ ᠢᠶᠠᠷ ᠵᠤᠭᠤᠰ ᠶᠠᠪᠤᠭᠤᠯᠬᠤ ᠨᠢ ᠤᠯᠠᠭᠠᠨ ᠪᠠᠭᠯᠠᠭ᠎ᠠ  ᠎ ᠪᠠᠷ  ᠵᠤᠭᠤᠰ  ᠶᠠᠪᠤᠭᠤᠯᠬᠤ  ᠎ ᠲᠠᠢ  ᠠᠳᠠᠯᠢ  ᠥᠬᠡᠶ᠂︽ᠪᠡᠯᠡᠭᠯᠡᠨ ᠬᠦᠷᠭᠡᠬᠦ︾ ᠤᠳᠬ᠎ᠠ ᠥᠬᠡᠶ᠂ ᠲᠡᠷᠡ ᠨᠢ ᠵᠥᠪᠬᠡᠨ ᠸᠢᠴᠠᠲ ᠤᠨ ᠵᠥᠭᠡᠯᠡᠨ  ᠲᠤᠨᠤᠭ  ᠎ ᠤᠨ  ᠵᠣᠭᠤᠰ  ᠶᠠᠪᠤᠭᠤᠯᠬᠤ‌‍ᠴᠢᠳᠠᠮᠵᠢ᠂ ᠨᠡᠶᠢᠭᠡᠮ ᠤᠨ ᠪᠡᠶᠡᠴᠢ ᠴᠣᠭᠴᠠ ᠶᠢᠨ ᠬᠤᠭᠤᠷᠣᠨᠳᠣ ᠦᠷᠭᠦᠯᠵᠢ ᠬᠡᠷᠡᠭᠯᠡᠳᠡᠭ ᠵᠣᠭᠤᠰ ᠶᠠᠪᠤᠭᠤᠯᠬᠤ ᠠᠷᠭ᠎ᠠ ᠮᠠᠶ᠋ᠢᠭ ‍ᠦᠨ‌ᠨᠢᠭᠡ ᠪᠣᠯᠤᠨ᠎ᠠ᠃ ᠲᠤᠰ ᠬᠡᠷᠡᠭ ᠲᠤ᠂ ᠵᠠᠭᠠᠯᠳᠤᠭᠴᠢ ᠎ ᠨᠢ ᠸᠢᠴᠠᠲ ᠢᠶᠠᠷ ᠠᠷᠠᠳ ᠤᠨ ᠬᠤᠭᠤᠷᠣᠨᠳᠣᠬᠢ ᠵᠢᠭᠡᠯᠡᠯᠭᠡ ᠶᠢᠨ ᠬᠠᠷᠢᠴᠠᠭ᠎ᠠ‌‍ᠪᠠᠶᠢᠭᠤᠯᠬᠤ ᠪᠠᠷ ᠵᠣᠷᠢᠪᠠ᠂ ᠵᠠᠭᠠᠯᠳᠤᠭᠳᠠᠭᠴᠢ ᠬᠡᠷᠪᠡ ᠵᠣᠭᠤᠰ ᠤᠨ ᠰᠢᠨᠵᠢ ᠴᠢᠨᠠᠷ ᠢ ᠪᠡᠯᠡᠭᠯᠡᠨ ᠬᠦᠷᠭᠡᠭᠰᠡᠨ ᠭᠡᠵᠦ  ᠵᠤᠷᠢᠬᠤ  ᠳ᠋ᠤ᠋‌‍ᠬᠦ᠋ᠷᠪᠡᠯ ᠵᠣᠬᠢᠴᠠᠩᠭᠤᠢ ᠭᠡᠷᠡᠴᠢ ᠪᠠᠷᠢᠮᠲᠠ ᠲᠤᠰᠢᠶᠠᠬᠤ ᠴᠢᠬᠤᠯᠠᠲᠠᠢ᠂ ᠡᠰᠡ ᠲᠡᠭᠡᠪᠡᠯ ᠭᠡᠷᠡᠴᠢ ᠪᠠᠷᠢᠮᠲᠠ ᠳᠤᠷᠠᠳᠴᠤ ᠦᠯᠦ ᠪᠤᠯᠬᠤ‌ᠠᠰᠢᠭ ᠦᠭᠡᠢ ᠦᠷ᠎ᠡ ᠳ᠋ᠦᠩ ᠢ ᠡᠭᠦᠷᠭᠡᠯᠡᠬᠦ ᠪᠤᠯᠤᠨ᠎ᠠ᠃
 
ᠢᠷᠡᠯᠲᠡ᠄ ᠠᠷᠠᠳ  ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2