ᠮᠢᠬ᠎ᠠ ᠢᠳᠡᠪᠡᠯ ᠥᠮᠡᠨ ᠤᠯᠤᠨ᠎ᠠ ᠦᠦ ︖
ᠨᠡᠶᠢᠲᠡᠯᠡᠭᠰᠡᠨ ᠴᠠᠭ᠄
2024/1/22
        ᠡᠮᠦᠨ᠎ᠡ ᠬᠡᠳᠦᠨ ᠵᠢᠯ ᠎ ᠳᠤ᠂ ᠳᠡᠯᠡᠬᠡᠶ ᠶᠢᠨ ᠡᠷᠡᠭᠦᠯ  ᠬᠠᠮᠠᠭᠠᠯᠠᠯ ᠤᠨ  ᠵᠣᠬᠢᠶᠠᠨ  ᠪᠠᠶᠢᠭᠤᠯᠤᠯᠲᠠ  ︵WHO︶ ᠵᠢᠨ‌‍ᠲ᠋ᠣᠣᠷᠠᠬᠢ ᠣᠯᠠᠨ ᠤᠯᠤᠰ ᠤᠨ ᠥᠮᠡᠨ ᠡᠪᠡᠳᠴᠢᠨ ᠤ ᠰᠤᠳᠤᠯᠭᠠᠨ ᠤ ᠪᠠᠶᠢᠭᠤᠯᠤᠮᠵᠢ ︵IARC︶᠎ ᠠᠴᠠ ᠤᠯᠠᠭᠠᠨ  ᠢᠲᠡᠭᠡᠨ‌ᠵᠢᠴᠢ ᠪᠣᠯᠪᠠᠰᠤᠷᠠᠭᠤᠯᠤᠭᠰᠠᠨ ᠮᠢᠬᠠᠨ ᠢᠳᠡᠭᠡᠨ ᠢ ᠦᠨᠡᠯᠡᠨ ᠵᠢᠱᠢᠭᠰᠡᠨ ᠮᠡᠳᠡᠭᠦᠯᠦᠯᠲᠡ ᠨᠡᠶᠢᠲᠡᠯᠡᠵᠡᠶ᠂ ᠡᠨᠡᠬᠦ  ᠮᠡᠳᠡᠭᠦᠯᠦᠯᠲᠡ ᠳᠤ᠂WHO ᠎ ᠶᠢᠨ ᠎ ᠬᠢᠨ ᠪᠣᠯᠪᠠᠰᠤᠷᠠᠭᠤᠯᠤᠭᠰᠠᠨ  ᠮᠢᠬᠠᠨ  ᠪᠦᠲᠦᠭᠡᠭᠳᠡᠬᠦᠨ ᠢ  1  ᠲᠥᠷᠥᠯ ᠤᠨ  ᠥᠮᠡᠨ  ᠡᠭᠦᠰᠭᠡᠬᠦ  ᠪᠣᠳᠠᠰ᠂ᠤᠯᠠᠭᠠᠨ‌ᠢᠲᠡᠭᠡᠨ ᠎ ᠢ 2 A ᠲᠥᠷᠥᠯ ᠤᠨ ᠥᠮᠡᠨ ᠡᠭᠦᠰᠭᠡᠬᠦ ᠪᠣᠳᠠᠰ ᠢᠶᠠᠷ ᠦᠨᠡᠯᠡᠨ ᠲᠣᠭᠲᠠᠭᠠᠬᠰᠠᠨ ᠪᠠᠶᠢᠨ᠎ᠠ᠃ ᠭᠡᠪᠡᠴᠦ ᠡᠨᠡ‌ᠨᠢ ᠮᠢᠬ᠎ᠠ ᠢᠳᠡᠪᠡᠯ ᠯᠠᠪᠲᠠᠶ ᠥᠮᠡᠨ ᠤᠯᠤᠨ᠎ᠠ᠂ ᠮᠢᠬ᠎ᠠ ᠎ ᠶᠢ ᠢᠳᠡᠵᠦ ᠪᠣᠯᠬᠤ ᠦᠭᠡᠢ ᠭᠡᠰᠡᠨ ᠦᠭᠡ ᠪᠢᠰᠢ᠃            ᠮᠠᠨ ᠤ  ᠤᠯᠤᠰ ᠤᠨ  ᠢᠳᠡᠭᠡᠨ ᠤ  ᠡᠷᠳᠡᠨᠢ ᠶᠢᠨ  ᠰᠤᠪᠤᠷᠭ᠎ᠠ  ᠎ ᠳᠤ  ᠲᠠᠨᠢᠯᠴᠠᠭᠤᠯᠤᠭᠰᠠᠨ ᠢᠶᠠᠷ᠂  ᠬᠥᠮᠦᠨ   ᠪᠦᠷᠢ‌‍ᠲ᠋ᠤᠮᠳᠠᠴᠢ ᠪᠠᠷ ᠡᠳᠦᠷ ᠪᠦᠷᠢ 40 - 75 ᠭᠷᠠᠮ ᠤᠷᠴᠢᠮ ᠮᠠᠯ ᠵᠢᠭᠦᠷᠲᠡᠨ ᠤ ᠮᠢᠬ᠎ᠠ  ᠢᠳᠡᠬᠦ  ᠎ ᠶᠢ  ᠰᠠᠨᠠᠭᠤᠯᠪᠠ᠂  ᠮᠢᠬ᠎ᠠ  ᠎ ᠶᠢ ᠬᠡᠪ ᠤᠨ ᠪᠠᠶᠢᠳᠠᠯ ᠢᠶᠠᠷ ᠢᠳᠡᠳᠡᠭ ᠯᠡ ᠶᠤᠮ ᠪᠤᠯ᠂ ᠮᠢᠬ᠎ᠠ ᠢᠳᠡᠪᠡᠯ ᠥᠮᠡᠨ ᠤᠯᠤᠨ᠎ᠠ ᠭᠡᠵᠦ  ᠰᠠᠨᠠᠭ᠎ᠠ  ᠵᠤᠪᠠᠭᠰᠠᠨ  ᠎ ᠤ  ᠬᠡᠷᠡᠭ‌ᠥᠬᠡᠶ᠃             ᠲᠡᠷᠡᠴᠢᠯᠡᠨ ᠥᠮᠡᠨ ᠤ ᠡᠪᠡᠳᠴᠢᠨ ᠤᠯᠬᠤ ᠰᠢᠯᠲᠠᠭᠠᠨ ᠨᠢ ᠲᠦᠢᠯ ᠤᠨ ᠪᠤᠳᠤᠯᠢᠶᠠᠨᠲᠠᠶ ᠪᠠᠶᠢᠳᠠᠭ᠂ ᠲᠡᠷᠡ ᠨᠢ ᠣᠯᠠᠨ ᠵᠦᠢᠯ ᠤᠨ  ᠡᠯᠧᠮᠧᠨ᠋ᠲ ᠠᠴᠠ  ᠪᠣᠯᠤᠭᠰᠠᠨ  ᠦᠷ᠎ᠡ  ᠳ᠋ᠦᠩ  ᠮᠥᠨ᠂  ᠤᠳᠤᠮᠰᠢᠯ᠂  ᠠᠮᠢᠳᠤᠷᠠᠯ ᠤᠨ  ᠳᠠᠳᠬᠠᠯ᠂  ᠢᠳᠡᠭᠡᠨ‌ᠤᠮᠳᠠᠭᠠᠨ ᠤ ᠳᠠᠳᠬᠠᠯ ᠵᠡᠷᠭᠡ ᠎ ᠠᠴᠠ ᠪᠤᠯᠵᠤ ᠨᠥᠯᠥᠭᠡ ᠭᠠᠷᠴᠤ ᠮᠡᠳᠡᠨ᠎ᠡ᠂ ᠲᠡᠭᠦᠨ ᠎ ᠤ ᠰᠢᠯᠲᠠᠭᠠᠨ ᠢ ᠨᠢ ᠵᠦᠪᠭᠡᠨ ᠢᠳᠡᠭᠡᠨ ᠡᠴᠠ‌‍ᠪᠤᠯᠤᠯ᠎ᠠ ᠭᠡᠵᠦ ᠲᠦᠭᠦᠮ ᠬᠢᠯᠪᠡᠷ ᠢᠶᠠᠷ ᠦᠵᠡᠵᠦ ᠪᠤᠯᠬᠤ ᠦᠭᠡᠢ᠃ ᠡᠶᠢᠮᠦ ᠎ ᠠᠴᠠ ᠮᠢᠬ᠎ᠠ ᠢᠳᠡᠬᠦ ᠎ ᠠᠴᠠ ᠎ ᠪᠠᠨ ᠠᠶᠤᠬᠰᠠᠨ ᠎ ᠤ ᠭᠡᠷᠡᠭ ᠦᠭᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2