ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠶᠢᠨ ᠲᠤᠯᠭᠠᠭᠤᠷᠢᠯᠠᠨ ᠳᠠᠭᠠᠭᠤᠯᠬᠤ ᠦᠢᠯᠡᠳᠦᠯ ᠢ ᠪᠠᠳᠠᠷᠠᠭᠤᠯᠤᠶ᠎ᠠ
ᠨᠡᠶᠢᠲᠡᠯᠡᠭᠰᠡᠨ ᠴᠠᠭ᠄
2023/4/12
         ᠵᠢᠵᠢᠭ ᠪᠣᠳᠠᠰ ᠲᠤ ᠶᠡᠭᠡ ᠡᠭᠦᠳᠦᠯᠲᠡ ᠨᠢᠭᠤᠭᠳᠠᠵᠤ ᠪᠠᠢᠨ᠎ᠠ᠃ ᠨᠢᠭᠡ ᠲᠠᠲᠠᠭᠤᠷ᠂ ᠬᠤᠶᠠᠷ ᠬᠡᠯᠬᠢᠶᠡᠰᠦ᠂ ᠵᠢᠵᠢᠭ ᠨᠢᠭᠡ‌‍ᠲ᠋ᠠᠲᠠᠭᠤᠷ ᠨᠢ 108 ᠠᠵᠢᠯ ᠤᠨ ᠴᠤᠪᠤᠷᠠᠯ ᠲᠠᠢ ᠬᠤᠯᠪᠣᠭᠳᠠᠵᠤ᠂ 14 ᠨᠢᠭᠡᠳᠦᠭᠡᠷ ᠳᠡᠰ ᠤᠨ ᠰᠢᠨᠵᠢᠯᠡᠭᠡᠨ ᠤ ᠰᠠᠯᠠᠭ᠎ᠠ᠂  44ᠬᠤᠶᠠᠳᠤᠭᠠᠷ ᠳᠡᠰ ᠤᠨ ᠰᠢᠨᠵᠢᠯᠡᠭᠡᠨ ᠤ ᠰᠠᠯᠠᠭ᠎ᠠ ᠲᠠᠢ ᠬᠤᠯᠪᠣᠭᠳᠠᠵᠤ ᠪᠠᠶᠢᠳᠠᠭ᠃ ᠹᠦᠵᠢᠶᠠᠨ ᠤ ᠵᠢᠨᠵᠢᠶᠠᠩ ᠳᠤ᠂ ᠨᠢᠭᠡᠨ ᠲᠠᠲᠠᠮᠠᠯ‌‍ᠲ᠋ᠣᠪᠴᠢᠯᠠᠭᠤᠷ ᠤᠨ ᠠᠵᠤ ᠠᠬᠤᠶᠢᠯᠠᠯ ᠨᠢ ᠶᠡᠭᠡ ᠳᠡᠭᠡᠳᠦ ᠰᠤᠷᠭᠠᠭᠤᠯᠢ᠂ ᠰᠢᠨᠵᠢᠯᠡᠬᠦ  ᠤᠬᠠᠭᠠᠨ ᠤ  ᠰᠤᠳᠤᠯᠭᠠᠨ ᠤ  ᠬᠦᠷᠢᠶᠡᠯᠡᠩ‌ᠭᠠᠵᠠᠷ ᠲᠠᠢ ᠦᠢᠯᠡᠳᠪᠦᠷᠢᠯᠡᠬᠦ ᠵᠢᠭᠠᠬᠤ ᠰᠤᠳᠤᠯᠬᠤ ᠬᠠᠮᠲᠤᠷᠠᠯᠴᠠᠭ᠎ᠠ ᠥᠷᠨᠢᠭᠦᠯᠬᠦ ᠪᠠᠷ ᠳᠠᠮᠵᠢᠨ  ᠮᠠᠲ᠋ᠧᠷᠢᠶᠠᠯ ᠤᠨ  ᠬᠡᠷᠡᠭᠯᠡᠯᠲᠡ᠂ᠳᠠᠷᠤᠵᠤ ᠴᠢᠳᠬᠤᠬᠤ ᠤᠷ᠎ᠠ ᠮᠡᠷᠭᠡᠵᠢᠯ᠂ ᠪᠤᠳᠤᠭᠯᠠᠨ ᠴᠡᠭᠴᠡᠯᠡᠬᠦ ᠮᠡᠷᠭᠡᠵᠢᠯ ᠤᠨ ᠲᠠᠯ᠎ᠠ ᠪᠠᠷ ᠲᠠᠰᠤᠷᠠᠯᠲᠠ  ᠦᠭᠡᠢ  ᠰᠢᠨ᠎ᠡ ᠵᠢ‌ᠡᠭᠦᠳᠴᠦ᠂ ᠤᠯᠠᠨ ᠤᠯᠤᠰ ᠤᠨ ᠨᠢᠭᠡᠳᠦᠭᠡᠷ ᠹᠷᠣᠨᠲ ᠤᠨ ᠱᠠᠬᠠᠢ ᠬᠤᠪᠴᠠᠰᠤ ᠶᠢᠨ ᠲᠦᠷᠦᠯ ᠲᠡᠮᠳᠡᠭ ᠤᠨ  ᠬᠠᠮᠲᠤᠷᠠᠯᠴᠠᠭᠠᠨ ᠤ ᠡᠭᠦᠳᠡ ᠶᠢ ᠨᠡᠭᠡᠭᠡᠵᠦ᠂ ᠬᠠᠷᠢᠶᠠᠨ ᠳᠠᠬᠢ ᠦᠢᠯᠡᠳᠬᠦᠨ ᠢ ᠨᠡᠩ ᠴᠤ  ᠰᠠᠨᠰᠠᠷ ᠤᠨ  ᠠᠶᠠᠯᠠᠯ ᠤᠨ  ᠬᠤᠪᠴᠠᠰᠤ ᠳᠤ  ᠬᠡᠷᠡᠭᠯᠡᠪᠡ᠃ ︽ᠦᠨ᠎ᠡ ᠬᠠᠩᠰᠢ︾᠎ ᠠᠴᠠ ︽ᠰᠢᠨᠵᠢᠯᠡᠬᠦ ᠤᠬᠠᠭᠠᠨ ᠮᠡᠷᠭᠡᠵᠢᠯ︾ ᠬᠦᠷᠲᠡᠯ᠎ᠡ᠂ ᠡᠶᠢᠮᠦᠷᠭᠦᠦ ᠰᠢᠨ᠎ᠡ ᠶᠢ ᠡᠭᠦᠳᠦᠭᠰᠡᠨ ᠦᠯᠢᠭᠡᠷ ᠨᠢ‌‍ᠬᠥ᠋ᠮᠦᠰ ᠲᠤ ᠰᠡᠩᠬᠡᠷᠡᠭᠦᠯᠦᠯ ᠪᠣᠯᠪᠠ᠃         ᠰᠢᠨ᠎ᠡ ᠶᠢ ᠡᠭᠦᠳᠬᠦ ᠪᠣᠯ ᠬᠥᠭᠵᠢᠯᠲᠡ ᠶᠢ ᠬᠦᠳᠦᠯᠦᠨ ᠳᠠᠭᠠᠭᠤᠯᠬᠤ ᠨᠢᠭᠡᠳᠦᠭᠡᠷ ᠬᠥᠳᠡᠯᠭᠡᠬᠦ ᠬᠦᠴᠦᠨ ᠮᠥᠨ᠃  ᠠᠵᠤ‌ᠠᠬᠤᠶᠢᠯᠠᠯ ᠢ ᠬᠥᠭᠵᠢᠭᠦᠯᠵᠦ᠂ ᠠᠵᠤ ᠦᠢᠯᠡᠰ ᠢ ᠲᠡᠰ ᠳᠡᠪᠰᠢᠭᠦᠯᠵᠦ᠂ ᠠᠵᠤ ᠠᠬᠤᠢ ᠶᠢ ᠴᠢᠨᠠᠷ ᠰᠠᠶᠢᠲᠠᠢ ᠬᠥᠭᠵᠢᠭᠦᠯᠬᠦ ᠳᠤ ᠪᠦᠷ‌‍ᠪᠡᠶ᠎ᠡ ᠪᠠᠨ ᠳᠠᠭᠠᠭᠠᠵᠤ ᠰᠢᠨ᠎ᠡ ᠶᠢ ᠡᠭᠦᠳᠬᠦ ᠳᠤ  ᠲᠦᠰᠢᠭᠯᠡᠬᠦ  ᠬᠡᠷᠡᠭᠲᠡᠢ᠃  ᠪᠡᠶ᠎ᠡ ᠪᠠᠨ  ᠳᠠᠭᠠᠭᠠᠵᠤ  ᠰᠤᠳᠤᠯᠤᠨ  ᠨᠡᠭᠡᠭᠡᠬᠦ ᠳᠤ ᠲᠦᠰᠢᠭᠯᠡᠨ᠂ ᠮᠡᠷᠭᠡᠵᠢᠯ ᠤᠨ ᠰᠢᠨ᠎ᠡ  ᠡᠭᠦᠳᠦᠯᠲᠡ ᠶᠢ  ᠨᠡᠮᠡᠭᠳᠡᠭᠦᠯᠵᠦ᠂  ᠨᠢᠭᠡ  ᠺᠣᠮᠫᠠᠨᠢ ᠶᠢᠨ  ᠸᠠᠭᠠᠷ  ᠱᠠᠭᠠᠵᠠᠩ ᠤᠨ  ᠰᠢᠨ᠎ᠡ ᠮᠠᠲ᠋ᠧᠷᠢᠶᠠᠯ ᠨᠢ ᠭᠠᠷ ᠤᠲᠠᠰᠤ᠂ ᠮᠠᠰᠢᠨ ᠲᠡᠷᠭᠡ ᠵᠡᠷᠭᠡ ᠦᠢᠯᠡᠳᠬᠦᠨ ᠤ ᠴᠢᠬᠤᠯᠠ ᠲᠤᠨᠤᠭ ᠪᠣᠯᠪᠠ︔ 452 ᠭᠠᠷ ᠤᠷᠠᠯᠠᠯ ‍ᠤᠨ‌‍ᠬᠦ᠋ᠴᠢᠷ ᠠᠰᠠᠭᠤᠳᠠᠯ᠂ 175 ᠲᠣᠨᠤᠭ ᠲᠥᠬᠦᠭᠡᠷᠦᠮᠵᠢ ᠶᠢᠨ ᠬᠦᠴᠢᠷ  ᠠᠰᠠᠭᠤᠳᠠᠯ ᠢ  ᠰᠢᠢᠳᠪᠤᠷᠢᠯᠡᠭᠰᠡᠨ ᠤ  ᠳᠠᠷᠠᠭ᠎ᠠ᠂  ᠨᠢᠭᠡ ᠺᠣᠮᠫᠠᠨᠢ ︽ᠤᠷᠠᠬᠤ ᠪᠣᠯᠣᠳ︾᠎ ᠢ ᠠᠮᠵᠢᠯᠲᠠ ᠲᠠᠢ ᠰᠤᠳᠤᠯᠤᠨ ᠦᠢᠯᠡᠳᠴᠤ᠂ ᠠᠵᠤ ᠠᠬᠤᠶᠢᠯᠠᠯ ᠳᠤ  ᠠᠰᠢᠭ  ᠬᠤᠨᠵᠢᠪᠣᠷᠢ ᠵᠢᠨ‌‍ᠰᠢᠨ᠎ᠡ ᠨᠡᠮᠡᠭᠳᠡᠯ ᠤᠨ ᠴᠡᠭ ᠢ ᠡᠭᠦᠳᠦᠨ ᠥᠭᠪᠡ ᠁ ᠠᠯᠢ ᠣᠯᠠᠨ ᠠᠮᠢᠳᠤᠯᠢᠭ ᠬᠡᠷᠡᠭ ᠤᠨ ᠵᠢᠱᠢᠶ᠎ᠡ ᠠᠴᠠ  ᠪᠢᠳᠡ  ᠰᠢᠨ᠎ᠡ ᠵᠢ‌ᠡᠭᠦᠳᠬᠦ ᠪᠣᠯ ᠠᠵᠤ ᠠᠬᠤᠶᠢᠯᠠᠯ ᠤᠨ ᠬᠥᠳᠡᠯᠭᠡᠬᠦ ᠬᠦᠴᠦᠨ ᠤ ᠡᠬᠢ ᠰᠤᠷᠪᠤᠯᠵᠢ ᠮᠥᠨ᠂ ᠠᠵᠤ ᠠᠬᠤᠶᠢᠯᠠᠯ ᠤᠨ ᠬᠥᠭᠵᠢᠯᠲᠡ  ᠪᠠ‌ᠵᠠᠬ᠎ᠠ ᠳᠡᠯᠭᠡᠭᠦᠷ ᠤᠨ ᠢᠯᠠᠯᠲᠠ ᠤᠯᠬᠤ ᠶᠢᠨ ᠵᠠᠩᠭᠢᠯᠠᠭ᠎ᠠ ᠮᠥᠨ ᠭᠡᠳᠡᠭ ᠢ ᠣᠯᠵᠤ ᠮᠡᠳᠡᠪᠡ᠃            ᠶᠡᠷᠦᠩᠬᠡᠢ ᠱᠦᠵᠢ ᠰᠢ ᠶᠢᠨ ᠫᠢᠩ᠄ ︽ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠶᠢᠨ ᠲᠤᠯᠭᠠᠭᠤᠷᠢᠯᠠᠨ‌‍ᠲ᠋ᠠᠭᠠᠭᠤᠯᠬᠤ ᠦᠢᠯᠡᠳᠦᠯ ᠢ ᠪᠠᠳᠠᠷᠠᠭᠤᠯᠬᠤ ᠬᠡᠷᠡᠭᠲᠡᠢ︾ ᠭᠡᠵᠦ ᠴᠢᠬᠤᠯᠠᠴᠢᠯᠠᠪᠠ᠃ ᠠᠵᠤ ᠠᠬᠤᠶᠢᠯᠠᠯ  ᠪᠣᠯ  ᠰᠢᠨ᠎ᠡ ᠶᠢ  ᠡᠭᠦᠳᠬᠦ‌ᠭᠤᠣᠯ ᠴᠣᠭᠴᠠ ᠮᠥᠨ᠂ ᠰᠢᠨ᠎ᠡ ᠶᠢ  ᠡᠭᠦᠳᠬᠦ  ᠡᠭᠦᠳᠦᠨ  ᠪᠦᠲᠦᠭᠡᠬᠦ ᠶᠢ  ᠠᠬᠢᠭᠤᠯᠬᠤ  ᠰᠢᠨ᠎ᠡ  ᠬᠦᠴᠦᠨ  ᠮᠥᠨ᠃  ᠠᠵᠤ‌ᠠᠬᠤᠶᠢᠯᠠᠯ ᠤᠨ ᠭᠤᠣᠯ ᠴᠣᠭᠴᠠ ᠶᠢᠨ ᠪᠠᠶᠢᠷᠢ ᠰᠠᠭᠤᠷᠢ ᠶᠢ ᠴᠢᠩᠭᠠᠳᠬᠠᠵᠤ᠂ ᠰᠢᠨ᠎ᠡ ᠶᠢ ᠡᠭᠦᠳᠬᠦ ᠬᠡᠯᠬᠢᠶ᠎ᠡ ᠠᠵᠤ  ᠦᠢᠯᠡᠰ ᠤᠨ ᠬᠡᠯᠬᠢᠶ᠎ᠡ ᠪᠡᠯᠡ ᠮᠥᠩᠭᠦᠨ ᠤ ᠬᠡᠯᠬᠢᠶ᠎ᠡ ᠴᠢᠳᠠᠪᠤᠷᠢᠲᠠᠨ ᠤ ᠬᠡᠯᠬᠢᠶ᠎ᠡ ᠶᠢᠨ  ᠭᠦᠨᠵᠡᠭᠡᠢ  ᠠᠭᠤᠰᠤᠯᠴᠠᠯ ᠢ  ᠠᠬᠢᠭᠤᠯᠵᠤ᠂  ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠯᠪᠡᠷᠢ ᠶᠢᠨ ᠭᠤᠣᠯᠯᠠᠭᠴᠢ ᠠᠵᠤ ᠠᠬᠤᠶᠢᠯᠠᠯ ᠤᠨ ᠬᠦᠳᠦᠯᠦᠨ ᠳᠠᠭᠠᠭᠤᠯᠬᠤ ᠲᠤᠯᠭᠠᠭᠤᠷᠢᠯᠠᠬᠤ ᠦᠢᠯᠡᠳᠦᠯ ᠢ ᠪᠠᠳᠠᠷᠠᠭᠤᠯᠵᠤ᠂ ᠰᠢᠨᠵᠢᠯᠡᠬᠦ ᠤᠬᠠᠭᠠᠨ ᠲᠧᠭᠨᠢᠭ  ᠮᠡᠷᠭᠡᠵᠢᠯ ᠤᠨ  ᠬᠡᠯᠪᠡᠷᠢ ᠶᠢᠨ  ᠳᠤᠮᠳᠠ  ᠪᠠᠭ᠎ᠠ  ᠵᠢᠵᠢᠭ  ᠠᠵᠤ‌ᠠᠬᠤᠶᠢᠯᠠᠯ ᠤᠨ ᠡᠷᠡᠭᠦᠯ ᠢᠶᠠᠷ ᠦᠰᠦᠨ ᠪᠤᠶᠢᠵᠢᠬᠤ ᠶᠢ ᠠᠬᠢᠭᠤᠯᠵᠤ᠂  ᠰᠢᠨᠵᠢᠯᠡᠬᠦ  ᠤᠬᠠᠭᠠᠨ  ᠲᠧᠭᠨᠢᠭ  ᠮᠡᠷᠭᠡᠵᠢᠯ ᠤᠨ  ᠦᠷ᠎ᠡ‌‍ᠪᠦ᠋ᠲᠦᠭᠡᠯ ᠢ ᠤᠯᠠᠷᠢᠭᠤᠯᠤᠨ ᠬᠤᠪᠢᠷᠠᠭᠤᠯᠬᠤ ᠪᠠ ᠠᠵᠤ ᠦᠢᠯᠡᠰᠵᠢᠭᠦᠯᠬᠦ ᠲᠦᠪᠰᠢᠨ ᠢ  ᠲᠠᠰᠤᠷᠠᠯᠳᠠ  ᠦᠭᠡᠢ  ᠳᠡᠭᠡᠭᠰᠢᠯᠡᠭᠦᠯᠪᠡᠯ‌‍ᠪᠢᠳᠠ ᠯᠠᠪᠲᠠᠢ ᠰᠢᠨ᠎ᠡ ᠬᠦᠷᠢᠶ᠎ᠡ ᠴᠠᠷᠠᠭ᠎ᠠ ᠰᠢᠨ᠎ᠠ ᠤᠷᠤᠯᠳᠤᠭᠠᠨ ᠤ ᠵᠠᠮ ᠢ ᠲᠠᠰᠤᠷᠠᠯᠳᠠ ᠦᠭᠡᠢ  ᠨᠡᠭᠡᠭᠡᠵᠦ᠂  ᠬᠥᠭᠵᠢᠯᠲᠡ ᠵᠢᠨ‌‍ᠰᠢᠨ᠎ᠡ ᠬᠥᠳᠡᠯᠭᠡᠬᠦ ᠡᠨᠧᠷᠭᠢ ᠰᠢᠨ᠎ᠡ ᠳᠠᠪᠠᠭᠤᠯᠢᠭ ᠢ ᠪᠤᠢ ᠪᠣᠯᠭᠠᠵᠤ ᠴᠢᠳᠠᠨ᠎ᠠ᠃ 
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2