ᠰᠢᠨ᠎ᠡ ᠰᠤᠷᠤᠯᠭ᠎ᠠ ᠶᠢᠨ ᠬᠤᠭᠤᠴᠠᠭᠠᠨ ᠳᠤ ᠬᠠᠯᠳᠠᠪᠤᠷᠢᠲᠤ ᠲᠠᠭᠰᠢᠭᠤᠷ ᠢ ᠶᠠᠭᠠᠬᠢᠵᠤ ᠰᠡᠷᠭᠡᠶᠢᠯᠡᠬᠦ ᠪᠣᠶ᠂ ᠡᠨᠡ ᠬᠦ ᠡᠷᠡᠭᠦᠯ ᠮᠡᠨᠳᠦ ᠶᠢᠨ ᠰᠠᠨᠠᠭᠤᠯᠤᠮᠵᠢ ᠶᠢ ᠪᠠᠭᠰᠢ ᠰᠣᠷᠣᠭᠴᠢ ᠬᠡᠷ ᠤᠨ ᠠᠬᠠᠮᠠᠳ ᠲᠤ ᠳᠠᠮᠵᠢᠭᠤᠯᠬᠤ‌ᠨᠢ
ᠨᠡᠶᠢᠲᠡᠯᠡᠭᠰᠡᠨ ᠴᠠᠭ᠄
2023/3/2
     ᠡᠪᠦᠯ ᠬᠠᠪᠤᠷ ᠤᠨ ᠤᠯᠠᠷᠢᠯ ᠪᠣᠯ ᠠᠮᠢᠰᠬᠤᠯ ᠤᠨ ᠵᠠᠮ ᠤᠨ ᠬᠠᠯᠳᠠᠪᠤᠷᠢᠲᠤ ᠡᠪᠡᠳᠴᠢᠨ ᠣᠯᠠᠨ ᠡᠭᠦᠰᠳᠡᠭ ᠤᠯᠠᠷᠢᠯ ᠪᠣᠯᠤᠨ᠎ᠠ᠃ ᠰᠤᠷᠭᠠᠭᠤᠯᠢ ᠡᠬᠢᠯᠡᠭᠰᠡᠨ ᠤ ᠳᠠᠷᠠᠭ᠎ᠠ᠂ ᠰᠤᠷᠭᠠᠭᠤᠯᠢ ᠵᠢᠴᠢ ᠬᠡᠦᠬᠡᠳ ᠰᠠᠭᠠᠲᠠᠭᠤᠯᠬᠤ ᠪᠠᠶᠢᠭᠤᠯᠤᠮᠵᠢ ᠪᠠ ᠬᠡᠦᠬᠡᠳ ᠤᠨ ᠴᠡᠴᠡᠷᠯᠢᠭ ᠪᠣᠯ ᠬᠥᠮᠦᠨ ᠣᠯᠠᠨ ᠴᠤᠭᠯᠠᠷᠠᠬᠤ ᠪᠠᠶᠢᠷᠢ ᠲᠠᠯᠠᠪᠤᠷ ᠲᠤ ᠬᠠᠷᠢᠶᠠᠯᠠᠭᠳᠠᠵᠤ᠂ ᠬᠠᠯᠳᠠᠪᠤᠷᠢᠲᠤ ᠲᠠᠭᠰᠢᠭᠤᠷ ᠤᠨ ᠸᠢᠷᠦ᠋ᠰ ᠠᠴᠠ ᠪᠣᠯᠤᠭᠰᠠᠨ ᠲᠥᠪᠯᠡᠷᠡᠭᠭᠦᠢ ᠬᠠᠯᠠᠭᠤᠷᠠᠬᠤ ᠬᠢᠵᠢᠭ ᠤᠨ ᠲᠦᠭᠰᠢᠭᠦᠷᠢ ᠨᠡᠮᠡᠭᠳᠡᠵᠦ ᠪᠣᠢ᠃ ᠬᠡᠦᠬᠡᠳ᠂ ᠭᠡᠷ ᠤᠨ ᠠᠬᠠᠮᠠᠳ ᠪᠠ ᠪᠠᠭᠰᠢ ᠬᠠᠯᠳᠠᠪᠤᠷᠢᠲᠤ ᠲᠠᠭᠰᠢᠭᠤᠷ ᠢ ᠶᠠᠭᠠᠬᠢᠵᠤ ᠰᠡᠷᠭᠡᠶᠢᠯᠡᠬᠦ ᠪᠣᠶ︖ ᠪᠡᠭᠡᠵᠢᠩ ᠬᠤᠲᠠ ᠶᠢᠨ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠥᠪ ᠤᠨ ᠰᠠᠨᠠᠭᠤᠯᠤᠮᠵᠢ ᠶᠢ ᠬᠠᠮᠲᠤ ᠳᠤ ᠪᠠᠨ ᠦᠵᠡᠵᠡᠭᠡᠶ᠎ᠡ︕   ᠰᠤᠷᠤᠭᠴᠢ ᠵᠢᠴᠢ ᠭᠡᠷ ᠤᠨ ᠠᠬᠠᠮᠠᠳ ᠤᠨ ᠭᠦᠢᠴᠡᠳᠭᠡᠪᠡᠰᠦ ᠵᠣᠬᠢᠬᠤ ᠵᠦᠢᠯ 1 . ᠴᠠᠭ ᠠᠭᠤᠷ ᠤᠨ ᠬᠤᠪᠢᠷᠠᠯᠲᠠ ᠶᠢ ᠠᠩᠬᠠᠷᠣᠨ᠂ ᠠᠭᠠᠷ ᠤᠨ ᠳᠤᠯᠠᠭᠠᠨ ᠤ ᠬᠤᠪᠢᠷᠠᠯᠲᠠ ᠳᠤᠵᠣᠬᠢᠴᠠᠭᠤᠯᠤᠨ ᠬᠤᠪᠴᠠᠰᠤ ᠪᠠᠨ ᠵᠤᠵᠠᠭᠠᠯᠠᠬᠤ ᠪᠤᠶᠤ ᠨᠢᠮᠭᠡᠯᠡᠵᠦ᠂ ᠵᠢᠩᠭᠢᠨᠡᠬᠦ ᠠᠴᠠ ᠬᠢᠴᠢᠶᠡᠨ᠎ᠡ︔2 . ᠬᠤᠪᠢ ᠬᠥᠮᠦᠨ ᠤ ᠡᠷᠡᠭᠦᠯ ᠬᠠᠮᠠᠭᠠᠯᠠᠯ ᠢ ᠠᠩᠬᠠᠷᠣᠨ᠂ ᠬᠤᠪᠴᠠᠰᠤ ᠪᠠᠨ ᠦᠷᠭᠦᠯᠵᠢ ᠰᠣᠯᠢᠵᠤ᠂ᠭᠠᠷ ᠢᠶᠠᠨ ᠦᠷᠭᠦᠯᠵᠢ ᠤᠬᠢᠶᠠᠨ᠂ ᠨᠢᠭᠤᠷ ᠤᠨ ᠠᠯᠴᠢᠭᠤᠷ ᠪᠠ ᠭᠠᠷ ᠤᠨ ᠠᠯᠴᠢᠭᠤᠷ ᠵᠡᠷᠭᠡ ᠶᠢ ᠳᠤᠰᠠᠭᠠᠷ ᠬᠡᠷᠡᠭᠯᠡᠨ᠎ᠡ᠃ᠨᠠᠶᠢᠲᠠᠭᠠᠬᠤ ᠪᠤᠶᠤ ᠬᠠᠨᠢᠶᠠᠬᠤ ᠳᠤ ᠪᠠᠨ ᠴᠠᠭᠠᠰᠤ ᠪᠤᠶᠤ ᠬᠠᠨᠴᠤᠶ ᠪᠠᠷ ᠢᠶᠠᠨ ᠠᠮᠠ᠂ ᠬᠠᠮᠠᠷ ᠢᠶᠠᠨ ᠬᠠᠯᠬᠠᠯᠠᠨ᠎ᠠ︔3 . ᠨᠦᠢᠷ ᠭᠦᠢᠴᠡᠳ᠂ ᠢᠳᠡᠭᠡᠨ ᠤᠮᠳᠠᠭᠠᠨ ᠡᠷᠡᠭᠦᠯ ᠪᠠᠶᠢᠬᠤ ᠶᠢ ᠪᠠᠲᠤᠯᠠᠵᠤ᠂ ᠵᠣᠬᠢᠬᠤ ᠬᠡᠮᠵᠢᠶᠡᠨ ᠤᠬᠥᠳᠡᠯᠭᠡᠭᠡᠨ ᠬᠢᠬᠦ ᠶᠢ ᠪᠠᠷᠢᠮᠲᠠᠯᠠᠨ᠎ᠠ︔4 . ᠬᠡᠷ ᠲᠤ ᠠᠭᠠᠷ ᠨᠡᠪᠲᠡᠷᠡᠭᠦᠯᠬᠦ ᠶᠢ ᠪᠠᠲᠤᠯᠠᠵᠤ᠂ ᠣᠷᠴᠢᠨ ᠲᠣᠭᠤᠷᠢᠨ ᠤ ᠠᠷᠢᠭᠤᠨ ᠴᠡᠪᠡᠷ ᠢ ᠠᠩᠬᠠᠷᠤᠨ᠎ᠠ︔5 . ᠬᠠᠯᠳᠠᠪᠤᠷᠢᠲᠤ ᠲᠠᠭᠰᠢᠭᠤᠷ ᠲᠤ ᠨᠡᠷᠪᠡᠭᠳᠡᠭᠰᠡᠳ ᠲᠠᠢ ᠣᠶᠢᠷᠠᠲᠤᠬᠤ ᠠᠴᠠ ᠠᠯᠢ ᠴᠢᠳᠠᠬᠤ ᠪᠠᠷᠵᠠᠶᠢᠯᠠᠰᠬᠢᠵᠦ᠂ ᠬᠡᠷᠪᠡ ᠣᠶᠢᠷᠠᠲᠤᠬᠤ ᠴᠢᠬᠤᠯᠠᠲᠠᠶ ᠪᠣᠯ ᠠᠮᠠᠪᠴᠢ ᠵᠡᠭᠦᠨ᠎ᠡ︔6 . ᠬᠠᠯᠳᠠᠪᠤᠷᠢᠲᠤ ᠲᠠᠭᠰᠢᠭᠤᠷ ᠲᠤ ᠨᠡᠷᠪᠡᠭᠳᠡᠭᠰᠡᠳ ᠤᠨ ᠬᠢᠴᠢᠶᠡᠯ ᠣᠷᠤᠬᠤ ᠪᠤᠶᠤ ᠠᠵᠢᠯᠯᠠᠬᠤ ᠶᠢ ᠡᠷᠡᠰᠬᠤᠷᠢᠭᠯᠠᠵᠤ᠂ ᠡᠯ᠎ᠡ ᠵᠦᠢᠯ ᠤᠨ ᠰᠡᠷᠭᠡᠶᠢᠯᠡᠨ ᠡᠵᠡᠮᠳᠡᠬᠦ ᠠᠵᠢᠯ ᠢ ᠬᠠᠮᠵᠢᠯᠴᠠᠨ ᠰᠠᠶᠢᠲᠤᠷ ᠬᠢᠨ᠎ᠡ᠃ᠰᠤᠷᠭᠠᠭᠤᠯᠢ ᠵᠢᠴᠢ ᠬᠡᠦᠬᠡᠳ ᠰᠠᠭᠠᠲᠠᠭᠤᠯᠬᠤ ᠪᠠᠶᠢᠭᠤᠯᠤᠮᠵᠢ ᠪᠠᠬᠡᠦᠬᠡᠳ ᠤᠨ ᠴᠡᠴᠡᠷᠯᠢᠭ ᠤᠨ ᠭᠦᠢᠴᠡᠳᠭᠡᠪᠡᠰᠦ ᠵᠣᠬᠢᠬᠤ ᠵᠦᠢᠯ1 . ᠨᠡᠷᠪᠡᠭᠳᠡᠭᠰᠡᠨ ᠰᠤᠷᠤᠭᠴᠢ ᠳᠤ ᠠᠮᠠᠪᠴᠢ ᠵᠡᠭᠦᠯᠭᠡᠨ᠂ ᠳᠤᠰᠠᠭᠠᠷᠯᠠᠵᠤ᠂ ᠠᠩᠭᠢ ᠶᠢᠨ ᠡᠷᠬᠢᠯᠡᠭᠴᠢ ᠠᠴᠠᠨᠡᠷᠪᠡᠭᠳᠡᠭᠰᠡᠨ ᠰᠤᠷᠤᠭᠴᠢ ᠶᠢᠨ ᠬᠡᠷ ᠤᠨ ᠠᠬᠠᠮᠠᠳ ᠲᠤ ᠳᠠᠷᠤᠢ ᠳᠤ ᠨᠢ ᠮᠡᠳᠡᠭᠳᠡᠨ᠂ ᠨᠡᠷᠪᠡᠭᠳᠡᠭᠰᠡᠨ ᠰᠤᠷᠤᠭᠴᠢ ᠶᠢ ᠳᠠᠭᠠᠭᠤᠯᠤᠨ ᠡᠪᠡᠳᠴᠢᠨ ᠢ ᠨᠢ ᠦᠵᠡᠭᠦᠯᠬᠦ ᠪᠤᠶᠤ ᠬᠡᠷ ᠲᠤ ᠨᠢ ᠬᠠᠷᠢᠭᠤᠯᠵᠤ ᠠᠮᠠᠷᠠᠭᠤᠯᠤᠨ᠎ᠠ᠃2 . ᠬᠢᠨᠠᠨ ᠰᠢᠯᠭᠠᠬᠤ ᠶᠢ ᠴᠢᠩᠭᠠᠳᠬᠠᠨ᠎ᠠ᠃ ᠥᠷᠯᠥᠭᠡ ᠪᠠ ᠦᠳᠡ ᠶᠢᠨ ᠪᠠᠶᠢᠴᠠᠭᠠᠯᠲᠠ ᠶᠢᠨ ᠳᠦᠷᠢᠮ ᠢᠴᠢᠩᠭᠠᠷᠠᠭᠤᠯᠵᠤ᠂ ᠡᠪᠡᠳᠴᠢᠨ ᠠᠴᠠ ᠪᠣᠯᠵᠤ ᠠᠵᠢᠯ ᠰᠠᠭᠠᠲᠠᠭᠳᠠᠭᠰᠠᠳ ᠢ ᠰᠠᠶᠢᠲᠦᠷ ᠳᠠᠩᠰᠠᠯᠠᠨ ᠲᠡᠮᠳᠡᠭᠯᠡᠵᠦ᠂ᠰᠢᠨ᠎ᠡ ᠪᠠᠷ ᠢᠯᠡᠷᠡᠭᠦᠯᠦᠭᠰᠡᠨ ᠡᠪᠡᠳᠴᠢᠨ ᠤ ᠵᠢᠱᠢᠶ᠎ᠡ ᠶᠢ ᠳᠠᠷᠤᠢ ᠳᠤ ᠨᠢ ᠮᠡᠳᠡᠭᠦᠯᠦᠨ᠎ᠡ᠃3 . ᠬᠢᠴᠢᠶᠡᠯ ᠤᠨ ᠬᠡᠷ᠂ ᠪᠠᠶᠢᠷᠢ ᠶᠢᠨ ᠬᠡᠷ᠂ ᠬᠤᠭᠤᠯᠠᠨ ᠬᠡᠷ ᠵᠡᠷᠭᠡ ᠪᠠᠶᠢᠷᠢ ᠲᠠᠯᠠᠪᠤᠷ ᠲᠤ ᠠᠭᠠᠷᠨᠡᠪᠲᠡᠷᠡᠭᠦᠯᠬᠦ ᠶᠢ ᠠᠩᠬᠠᠷᠴᠤ᠂ ᠴᠠᠭ ᠠᠭᠤᠷ ᠤᠨ ᠵᠥᠪᠰᠢᠶᠡᠷᠡᠬᠦ ᠬᠡᠪᠴᠢᠶᠡᠨ ᠳᠤ ᠪᠠᠶᠢᠩᠭᠤ ᠴᠣᠩᠬᠤ ᠪᠠᠨ ᠨᠡᠭᠡᠭᠡᠵᠦᠰᠠᠯᠬᠢ ᠨᠡᠪᠲᠡᠷᠡᠭᠦᠯᠬᠦ ᠶᠢ ᠴᠢᠩᠭᠠᠳᠬᠠᠨ᠂ ᠬᠡᠷ ᠳᠣᠲᠤᠷᠠᠬᠢ ᠠᠭᠠᠷ ᠢ ᠰᠢᠨ᠎ᠡ ᠰᠣᠷᠭᠤᠭ ᠪᠠᠶᠢᠯᠭᠠᠨ᠎ᠠ᠃ ᠲᠣᠭᠲᠠᠭᠰᠠᠨ‌ᠬᠤᠭᠤᠴᠠᠭ᠎ᠠ ᠲᠠᠢ ᠴᠡᠪᠡᠷᠯᠡᠭᠡ ᠬᠢᠵᠦ᠂ ᠣᠷᠴᠢᠨ ᠲᠣᠭᠤᠷᠢᠨ ᠤ ᠠᠷᠢᠭᠤᠨ ᠴᠡᠪᠡᠷ ᠢ ᠪᠠᠲᠤᠯᠠᠨ᠎ᠠ᠃4 . ᠡᠷᠡᠭᠦᠯ ᠮᠡᠨᠳᠦ ᠶᠢᠨ ᠬᠥᠮᠦᠵᠢᠯ ᠢ ᠥᠷᠨᠢᠭᠦᠯᠵᠦ᠂ ᠡᠯ᠎ᠡ ᠰᠤᠷᠭᠠᠭᠤᠯᠢ ᠵᠢᠴᠢ ᠬᠡᠦᠬᠡᠳ ᠰᠠᠭᠠᠲᠠᠭᠤᠯᠬᠤᠪᠠᠶᠢᠭᠤᠯᠤᠮᠵᠢ ᠪᠠ ᠬᠡᠦᠬᠡᠳ ᠤᠨ ᠴᠡᠴᠡᠷᠯᠢᠭ ᠤᠨ ᠬᠢᠨ ᠰᠦᠯᠵᠢᠶ᠎ᠡ᠂ ᠤᠬᠠᠭᠤᠯᠭ᠎ᠠ ᠶᠢᠨ ᠵᠢᠷᠤᠭ᠂ ᠰᠠᠮᠪᠠᠷ᠎ᠠ ᠶᠢᠨᠰᠣᠨᠢᠨ᠂ ᠨᠤᠭᠤᠯᠤᠮᠠᠯ ᠬᠠᠭᠤᠳᠠᠰᠤ ᠪᠣᠯᠤᠨ ᠮᠡᠳᠡᠭᠳᠡᠬᠦ ᠵᠠᠬᠢᠳᠠᠯ ᠵᠡᠷᠭᠡ ᠬᠡᠯᠪᠡᠷᠢ ᠪᠠᠷ ᠡᠷᠡᠭᠦᠯ ᠬᠠᠮᠠᠭᠠᠯᠠᠯ ᠪᠠᠡᠪᠡᠳᠴᠢᠨ ᠢ ᠰᠡᠷᠭᠡᠶᠢᠯᠡᠬᠦ ᠮᠡᠳᠡᠯᠭᠡ ᠶᠢ ᠤᠬᠠᠭᠤᠯᠵᠤ᠂ ᠪᠠᠭᠰᠢ ᠰᠤᠷᠤᠭᠴᠢᠳ ᠤᠨ ᠥᠪᠡᠷ ᠢ ᠪᠠᠨ ᠡᠷᠡᠭᠦᠯᠵᠢᠭᠦᠯᠬᠦᠮᠡᠳᠡᠯᠭᠡ ᠶᠢᠨ ᠬᠢᠷᠢ ᠲᠦᠪᠰᠢᠨ ᠢ ᠳᠡᠭᠡᠭᠰᠢᠯᠡᠭᠦᠯᠦᠨ᠎ᠡ᠃5 . ᠨᠡᠷᠪᠡᠭᠳᠡᠭᠰᠡᠨ ᠬᠡᠦᠬᠡᠳ ᠤᠨ ᠬᠡᠷ ᠤᠨ ᠠᠬᠠᠮᠠᠳ ᠲᠠᠢ ᠳᠠᠷᠤᠢ ᠳᠤ ᠨᠢ ᠨᠡᠪᠲᠡᠷᠡᠵᠦ᠂ ᠬᠡᠷ ᠤᠨᠠᠬᠠᠮᠠᠳ ᠢ ᠵᠢᠯᠣᠭᠤᠳᠤᠨ ᠨᠡᠷᠪᠡᠭᠳᠡᠭᠰᠡᠨ ᠬᠡᠦᠬᠡᠳ ᠤᠨ ᠬᠡᠷ ᠲᠤ ᠪᠠᠨ ᠰᠠᠭᠤᠵᠤ ᠪᠠᠶᠢᠳᠠᠯ ᠢ ᠠᠵᠢᠭᠯᠠᠬᠤ᠂ ᠬᠡᠷ ᠲᠤ ᠪᠠᠨ ᠠᠷᠢᠭᠤᠳᠬᠠᠬᠤ ᠵᠢᠴᠢ ᠱᠠᠭᠠᠷᠳᠠᠯᠭ᠎ᠠ ᠶᠣᠰᠤ ᠪᠠᠷ ᠨᠡᠷᠪᠡᠭᠳᠡᠭᠰᠡᠨ ᠬᠡᠦᠬᠡᠳ ᠤᠨ ᠥᠯᠢᠭᠡᠷ ᠬᠡᠪ ᠢ ᠴᠤᠭᠯᠠᠭᠤᠯᠬᠤ ᠵᠡᠷᠭᠡ ᠰᠡᠷᠭᠡᠶᠢᠯᠡᠨ ᠡᠵᠡᠮᠳᠡᠬᠦ ᠠᠵᠢᠯ ᠢ ᠬᠠᠮᠵᠢᠯᠴᠠᠨ ᠶᠠᠪᠤᠭᠤᠯᠤᠨ᠎ᠠ᠃6 . ᠴᠤᠭᠯᠠᠷᠠᠯ ᠤᠨ ᠴᠢᠨᠠᠷᠲᠠᠶ ᠬᠢᠵᠢᠭ ᠤᠨ ᠪᠠᠶᠢᠳᠠᠯ ᠭᠠᠷᠤᠭᠰᠠᠨ ᠡᠯ᠎ᠡ ᠰᠤᠷᠭᠠᠭᠤᠯᠢ ᠵᠢᠴᠢ ᠬᠡᠦᠬᠡᠳᠰᠠᠭᠠᠲᠠᠭᠤᠯᠬᠤ ᠪᠠᠶᠢᠭᠤᠯᠤᠮᠵᠢ ᠪᠠ ᠬᠡᠦᠬᠡᠳ ᠤᠨ ᠴᠡᠴᠡᠷᠯᠢᠭ ᠤᠨ ᠬᠢᠨ ᠬᠠᠮᠲᠤ ᠶᠢᠨ ᠠᠵᠢᠯᠯᠠᠭ᠎ᠠ ᠶᠢ ᠵᠣᠬᠢᠶᠠᠨᠪᠠᠶᠢᠭᠤᠯᠬᠤ ᠠᠴᠠ ᠵᠠᠶᠢᠯᠠᠰᠬᠢᠵᠦ᠂ ᠨᠡᠷᠪᠡᠭᠳᠡᠭᠰᠡᠨ ᠰᠤᠷᠤᠭᠴᠢ᠂ ᠠᠵᠢᠯᠲᠠᠨ ᠲᠠᠢ ᠣᠶᠢᠷᠠᠲᠤᠬᠤ ᠶᠢ ᠪᠠᠭᠠᠰᠬᠠᠵᠤ᠂ᠡᠷᠡᠭᠦᠯ ᠬᠠᠮᠠᠭᠠᠯᠠᠯ ᠤᠨ ᠰᠠᠯᠠᠭ᠎ᠠ ᠮᠥᠴᠢᠷ ᠤᠨ ᠡᠯ᠎ᠡ ᠵᠦᠢᠯ ᠤᠨ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠲᠠᠢᠵᠣᠬᠢᠴᠠᠭᠤᠯᠤᠨ᠂ ᠮᠡᠳᠡᠭᠡ ᠵᠠᠩᠭᠢ ᠶᠢ ᠴᠠᠭ ᠲᠤᠬᠠᠶ ᠳᠤ ᠨᠢ ᠮᠡᠳᠡᠭᠦᠯᠵᠦ᠂ ᠠᠷᠢᠭᠤᠳᠬᠠᠬᠤ ᠠᠵᠢᠯ ᠢ ᠲᠣᠭᠲᠠᠭᠠᠯᠶᠣᠰᠤ ᠪᠠᠷ ᠥᠷᠨᠢᠭᠦᠯᠦᠨ᠎ᠡ᠃      ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ  
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2