ᠰᠤᠷᠭᠠᠨ ᠬᠥᠮᠦᠵᠢᠯ ᠤᠨ ᠶᠠᠮᠤᠨ ᠤ ᠬᠠᠮᠤᠭ ᠤᠨ ᠰᠢᠨ᠎ᠡ ᠵᠠᠷᠯᠠᠯ᠄ ᠡᠲᠡᠭᠡᠷ ᠤᠷᠤᠯᠳᠤᠭᠠᠨ ᠪᠣᠯ ᠲᠣᠭᠲᠠᠭᠠᠯ ᠠᠴᠠ ᠵᠥᠷᠢᠴᠡᠭᠰᠡᠨ ᠠᠵᠢᠯᠯᠠᠭ᠎ᠠ ᠮᠥᠨ︕
ᠨᠡᠶᠢᠲᠡᠯᠡᠭᠰᠡᠨ ᠴᠠᠭ᠄
2023/2/20
        ᠣᠶᠢᠷ᠎ᠠ ᠳᠤ᠂ ᠲᠣᠭᠲᠠᠭᠠᠯ ᠠᠴᠠ  ᠵᠥᠷᠢᠴᠡᠨ  ᠤᠷᠤᠯᠳᠤᠭᠠᠨ  ᠡᠷᠭᠢᠯᠡᠭᠰᠡᠨ  ︽ᠶᠧ  ᠱᠧᠩ  ᠲᠤᠤ  ᠬᠤᠨᠳᠠᠭᠠᠲᠤ︾ᠳᠤᠮᠳᠠᠳᠤ ᠶᠢᠨ ᠵᠠᠯᠠᠭᠤᠴᠤᠳ ᠪᠠᠭᠠᠴᠤᠳ ᠤᠨ ᠵᠣᠬᠢᠶᠠᠯ ᠤᠨ ᠤᠷᠤᠯᠳᠤᠭᠠᠨ ᠤ ᠠᠰᠠᠭᠤᠳᠠᠯ ᠢ ᠣᠯᠠᠨ  ᠲᠦᠮᠡᠨ  ᠲᠤᠰᠬᠠᠵᠠᠢ᠃ᠠᠩᠬ᠎ᠠ ᠠᠯᠬᠤᠮ ᠤᠨ ᠪᠠᠶᠢᠴᠠᠭᠠᠯᠲᠠ ᠬᠢᠬᠦ ᠪᠠᠷ ᠳᠡᠮᠵᠢᠭᠠᠳ᠂ ︽ᠶᠧ ᠱᠧᠩ ᠲᠤᠤ ᠬᠤᠨᠳᠠᠭᠠᠲᠤ︾ ᠳᠤᠮᠳᠠᠳᠤ ᠶᠢᠨ ᠵᠠᠯᠠᠭᠤᠴᠤᠳ‌‍ᠪᠠᠭᠠᠴᠤᠳ ᠤᠨ ᠵᠣᠬᠢᠶᠠᠯ ᠤᠨ ᠤᠷᠤᠯᠳᠤᠭᠠᠨ ᠵᠢᠴᠢ ︽ᠶᠧ ᠱᠧᠩ ᠲᠤᠤ ᠬᠤᠨᠳᠠᠭᠠᠲᠤ︾ ᠬᠡᠯᠡ  ᠪᠢᠴᠢᠭ ᠤᠨ  ᠪᠣᠯᠪᠠᠰᠤᠷᠠᠯ ‍ᠤᠨ‌ᠤᠷᠤᠯᠳᠤᠭᠠᠨ᠂ ᠲᠤᠭ᠎ᠠ ᠹᠢᠽᠢᠺ ᠤᠨ ᠤᠬᠠᠭᠠᠨ ᠤ ᠤᠷᠤᠯᠳᠤᠭᠠᠨ᠂ ᠠᠩᠭ᠍ᠯᠢ ᠬᠡᠯᠡᠨ ᠤ ᠤᠷᠤᠯᠳᠤᠭᠠᠨ᠂ ᠫᠷᠤᠭ᠍ᠷᠠᠮ  ᠨᠠᠶᠢᠷᠠᠭᠤᠯᠬᠤ‌‍ᠪᠦ᠋ᠲᠦᠭᠡᠯᠴᠢ  ᠤᠷᠤᠯᠳᠤᠭᠠᠨ  ᠵᠡᠷᠭᠡ  ᠰᠢᠷᠢᠰ  ᠤᠷᠤᠯᠳᠤᠭᠠᠨ ᠨᠢ  ᠴᠥᠮ  ᠲᠣᠭᠲᠠᠭᠠᠯ ᠠᠴᠠ  ᠵᠥᠷᠢᠴᠡᠭᠰᠡᠨ   ᠤᠷᠤᠯᠳᠤᠭᠠᠨ‌‍ᠪᠣᠯᠤᠨ᠎ᠠ︔ ᠡᠷᠬᠢᠯᠡᠨ ᠬᠢᠭᠴᠢ ᠨᠢ ᠪᠡᠭᠡᠵᠢᠩ ᠤᠨ ᠱᠧᠩ ᠲᠤᠤ ᠸᠧᠨ  ᠷᠦᠨ  ᠰᠤᠷᠭᠠᠨ  ᠬᠥᠮᠦᠵᠢᠯ  ᠰᠣᠶᠣᠯ ᠤᠨ  ᠬᠢᠵᠠᠭᠠᠷᠲᠤ‌‍ᠺᠣᠮᠫᠠᠨᠢ᠂ ᠪᠡᠭᠡᠵᠢᠩ ᠤᠨ ᠱᠧᠩ ᠲᠤᠤ ᠭᠦᠸᠧ ᠷᠦᠨ ᠰᠤᠷᠭᠠᠨ ᠬᠥᠮᠦᠵᠢᠯ ᠤᠨ ᠰᠢᠨᠵᠢᠯᠡᠬᠦ ᠤᠬᠠᠭᠠᠨ ᠮᠡᠷᠭᠡᠵᠢᠯ ᠤᠨ ᠬᠢᠵᠠᠭᠠᠷᠲᠤ‌‍ᠺᠣᠮᠫᠠᠨᠢ ᠪᠤᠯᠤᠨ᠎ᠠ︔ ᠲᠡᠭᠦᠨ ᠤ ᠳᠠᠩᠰᠠᠯᠠᠭᠤᠯᠤᠭᠰᠠᠨ ᠸᠢᠴᠠᠲ ᠤᠨ ᠣᠯᠠᠨ ᠨᠡᠶᠢᠲᠡ ᠶᠢᠨ ᠲᠠᠩᠰᠠᠨ ᠨᠣᠮᠧᠷ ᠲᠤ  ︽ᠶᠧ  ᠱᠧᠩ‌‍ᠲ᠋ᠤᠤ ᠬᠤᠨᠳᠠᠭᠠᠲᠤ ᠳᠤᠮᠳᠠᠳᠤ ᠶᠢᠨ ᠬᠥᠮᠦᠨ ᠤ  ᠵᠣᠬᠢᠶᠠᠯ ᠤᠨ  ᠤᠷᠤᠯᠳᠤᠭᠠᠨ ᠤ  ᠠᠯᠪᠠᠨ  ᠵᠠᠷᠯᠠᠯ︾᠂  ︽ᠶᠧ  ᠱᠧᠩ  ᠲᠤᠤ‌ᠬᠤᠨᠳᠠᠭᠠᠲᠤ  ᠰᠢᠷᠢᠰ  ᠤᠷᠤᠯᠳᠤᠭᠠᠨ ᠤ  ᠠᠯᠪᠠᠨ  ᠵᠠᠷᠯᠠᠯ︾᠂  ︽ᠶᠧ  ᠱᠧᠩ  ᠲᠤᠤ  ᠬᠤᠨᠳᠠᠭᠠᠲᠤ   ᠬᠡᠯᠡ   ᠪᠢᠴᠢᠭ ‍ᠤᠨ‌‍ᠪᠣᠯᠪᠠᠰᠤᠷᠠᠯ ᠤᠨ ᠤᠷᠤᠯᠳᠤᠭᠠᠨ ᠤ ᠵᠣᠬᠢᠶᠠᠨ ᠪᠠᠶᠢᠭᠤᠯᠬᠤ ᠺᠣᠮᠢᠰ︾᠂ ︽ᠶᠧ ᠱᠧᠩ ᠲᠤᠤ  ᠬᠤᠨᠳᠠᠭᠠᠲᠤ  ᠲᠤᠭ᠎ᠠ  ᠹᠢᠽᠢᠺ ‍ᠤᠨ‌ᠤᠬᠠᠭᠠᠨ ᠤ ᠤᠷᠤᠯᠳᠤᠭᠠᠨ ᠤ ᠵᠣᠬᠢᠶᠠᠨ  ᠪᠠᠶᠢᠭᠤᠯᠬᠤ  ᠺᠣᠮᠢᠰ︾᠂  ︽ᠶᠧ  ᠱᠧᠩ  ᠲᠤᠤ  ᠬᠤᠨᠳᠠᠭᠠᠲᠤ  ᠠᠩᠭ᠍ᠯᠢ  ᠬᠡᠯᠡᠨ ‍ᠤ‌ᠤᠷᠤᠯᠳᠤᠭᠠᠨ ᠤ ᠵᠣᠬᠢᠶᠠᠨ ᠪᠠᠶᠢᠭᠤᠯᠬᠤ ᠺᠣᠮᠢᠰ︾᠂ ︽ᠶᠧ ᠱᠧᠩ ᠲᠤᠤ  ᠬᠤᠨᠳᠠᠭᠠᠲᠤ  ᠫᠷᠤᠭ᠍ᠷᠠᠮ  ᠨᠠᠶᠢᠷᠠᠭᠤᠯᠬᠤ  ᠪᠦᠲᠦᠭᠡᠯᠴᠢ‌ᠤᠷᠤᠯᠳᠤᠭᠠᠨ ᠤ ᠵᠣᠬᠢᠶᠠᠨ ᠪᠠᠶᠢᠭᠤᠯᠬᠤ ᠺᠣᠮᠢᠰ︾ ᠵᠡᠷᠭᠡ  6  ᠪᠠᠶᠢᠬᠤ ᠎ ᠶᠢ  ᠤᠯᠵᠤ  ᠮᠡᠳᠡᠵᠡᠢ᠃  ᠣᠳᠣᠬᠠᠨ ᠳᠤ  ᠰᠤᠷᠭᠠᠨ‌‍ᠬᠥ᠋ᠮᠦᠵᠢᠯ ᠤᠨ ᠶᠠᠮᠤᠨ  ᠬᠤᠯᠪᠣᠭᠳᠠᠯ  ᠪᠦᠬᠦᠢ  ᠲᠠᠯ᠎ᠠ ᠶᠢᠨ ᠬᠢᠨ ᠲᠠᠢ  ᠬᠠᠮᠲᠤᠷᠠᠨ  ᠤᠯᠠᠮ  ᠨᠢᠭᠡ  ᠠᠯᠬᠤᠮ  ᠰᠢᠢᠳᠪᠦᠷᠢᠯᠡᠵᠦ‌‍ᠪᠠᠶᠢᠨ᠎ᠠ᠃        ᠡᠳᠦᠭᠡ ᠥᠷᠭᠡᠨ ᠣᠯᠠᠨ ᠰᠤᠷᠤᠭᠴᠢᠳ ᠤᠨ ᠬᠡᠷ ᠤᠨ ᠠᠬᠠᠮᠠᠳ ᠲᠤ ᠳᠠᠬᠢᠨᠲᠠ ᠰᠠᠨᠠᠭᠤᠯᠬᠤ ᠨᠢ᠄ ᠳᠤᠮᠳᠠᠳᠤ  ᠪᠠᠭ᠎ᠠ‌‍ᠰᠤᠷᠭᠠᠭᠤᠯᠢ ᠶᠢᠨ ᠰᠤᠷᠤᠭᠴᠢᠳ ᠲᠤ  ᠬᠠᠨᠳᠤᠭᠤᠯᠤᠭᠰᠠᠨ  ᠪᠥᠬᠦ  ᠤᠯᠤᠰ ᠤᠨ  ᠴᠢᠨᠠᠷᠲᠠᠶ  ᠤᠷᠤᠯᠳᠤᠭᠠᠨ ᠤ  ᠠᠵᠢᠯᠯᠠᠭ᠎ᠠ ᠳ᠋ᠤ᠋‌ᠣᠷᠣᠯᠴᠠᠬᠤ ᠳᠤ ᠡᠷᠬᠡᠪᠰᠢ  ᠰᠤᠷᠭᠠᠨ  ᠬᠥᠮᠦᠵᠢᠯ ᠤᠨ  ᠰᠠᠯᠠᠭ᠎ᠠ  ᠮᠥᠴᠢᠷ ᠤᠨ  ᠰᠦᠯᠵᠢᠶ᠎ᠡ ᠳᠤ  ᠨᠡᠶᠢᠲᠡᠯᠡᠭᠰᠡᠨ  ︽2022—2025 ᠰᠤᠷᠤᠯᠭ᠎ᠠ ᠶᠢᠨ  ᠣᠨ ᠤ  ᠳᠤᠮᠳᠠᠳᠤ  ᠪᠠᠭ᠎ᠠ  ᠰᠤᠷᠭᠠᠭᠤᠯᠢ ᠶᠢᠨ  ᠰᠤᠷᠤᠭᠴᠢᠳ ᠲᠤ  ᠬᠠᠨᠳᠤᠭᠤᠯᠤᠭᠰᠠᠨ  ᠪᠥᠬᠦ‌ᠤᠯᠤᠰ ᠤᠨ ᠴᠢᠨᠠᠷᠲᠠᠶ ᠤᠷᠤᠯᠳᠤᠭᠠᠨ ᠤ ᠠᠵᠢᠯᠯᠠᠭ᠎ᠠ ᠶᠢᠨ ᠨᠡᠷᠡᠰ︾ ︵ᠰᠤᠷᠭᠠᠨ  ᠬᠥᠮᠦᠵᠢᠯ ᠤᠨ  ᠬᠢᠨᠠᠯᠲᠠ  ᠬᠠᠮᠢᠶᠠᠷᠤᠯᠲᠠ ᠵᠢᠨ‌‍ᠲ᠋ᠢᠩᠬᠢᠮ ᠤᠨ ᠵᠠᠬᠢᠳᠠᠯ ﹇2022﹈ 13 ᠳ᠋ᠤᠭᠠᠷ ᠲᠣᠭᠠᠲᠤ︶ ︵ᠲᠣᠰ ᠨᠡᠷᠡᠰ ᠪᠣᠯ ᠰᠤᠷᠭᠠᠨ ᠬᠥᠮᠦᠵᠢᠯ ᠤᠨ ᠶᠠᠮᠤᠨ ᠠᠴᠠ ᠬᠢᠨᠠᠨ‌ᠵᠥ᠋ᠪᠰᠢᠶᠡᠷᠡᠵᠦ  ᠪᠠᠲᠤᠯᠠᠭᠰᠠᠨ  ᠠᠵᠢᠯ  ᠦᠢᠯᠡᠰ ᠤᠨ  ᠨᠢᠭᠡᠴᠡ᠂  ᠨᠡᠶᠢᠭᠡᠮ ᠤᠨ  ᠵᠣᠬᠢᠶᠠᠨ  ᠪᠠᠶᠢᠭᠤᠯᠤᠯᠲᠠ ᠠᠴᠠ   ᠡᠷᠭᠢᠯᠡᠬᠦ‌ᠤᠷᠤᠯᠳᠤᠭᠠᠨ ᠪᠣᠯᠤᠨ᠎ᠠ᠂ ᠰᠤᠷᠭᠠᠨ ᠬᠥᠮᠦᠵᠢᠯ ᠤᠨ ᠵᠠᠰᠠᠭ ᠵᠠᠬᠢᠷᠭᠠᠨ ᠤ  ᠰᠠᠯᠠᠭ᠎ᠠ  ᠮᠥᠴᠢᠷ ᠠᠴᠠ  ᠡᠷᠭᠢᠯᠡᠬᠦ  ᠤᠷᠤᠯᠳᠤᠭᠠᠨ ‍ᠤ‌ᠠᠵᠢᠯᠯᠠᠭ᠎ᠠ ᠶᠢ ᠵᠠᠰᠠᠭ ᠵᠠᠬᠢᠷᠭᠠᠨ ᠤ ᠨᠢᠭᠡᠴᠡ ᠶᠢᠨ ᠤᠷᠤᠯᠳᠤᠭᠠᠨ ᠡᠷᠭᠢᠯᠡᠬᠦ ᠲᠠᠰ ᠳᠠᠷᠠᠭᠠᠯᠠᠯ ᠢᠶᠠᠷ ᠬᠢᠨᠠᠨ ᠵᠥᠪᠰᠢᠶᠡᠷᠡᠨ᠎ᠡ᠂ ᠲᠣᠰ‌ᠨᠡᠷᠡᠰ ᠲᠤ ᠣᠷᠣᠭᠤᠯᠬᠤ ᠥᠬᠡᠶ︶᠎ ᠲᠤ ᠤᠷᠤᠬᠰᠠᠨ ᠡᠰᠡᠬᠦ ᠶᠢ ᠦᠵᠡᠬᠦ ᠭᠡᠷᠡᠭᠳᠡᠢ᠂ ᠲᠦᠷᠢᠮ  ᠲᠣᠭᠲᠠᠭᠠᠯ ᠠᠴᠠ  ᠵᠥᠷᠢᠴᠡᠭᠰᠡᠨ‌ᠤᠷᠤᠯᠳᠤᠭᠠᠨ ᠳᠤ  ᠣᠷᠣᠯᠴᠠᠬᠤ  ᠥᠬᠡᠶ  ᠪᠠᠶᠢᠵᠤ᠂  ᠮᠡᠬᠡᠯᠡᠭᠳᠡᠬᠦ ᠎ ᠠᠴᠠ  ᠬᠢᠴᠢᠶᠡᠵᠦ᠂   ᠬᠤᠬᠢᠷᠠᠯ ᠳᠤ   ᠤᠴᠠᠷᠠᠬᠤ ᠡᠴᠠ‌‍ᠪᠣᠯᠭᠤᠮᠵᠢᠯᠠᠬᠤ ᠬᠡᠷᠡᠭᠲᠡᠶ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2