ᠰᠤᠷᠭᠠᠨ ᠬᠥᠮᠦᠵᠢᠯ ᠤᠨ ᠶᠠᠮᠤᠨ ᠠᠴᠠ ᠴᠢᠬᠤᠯᠠ ᠰᠠᠨᠠᠭᠤᠯᠭ᠎ᠠ ᠭᠠᠷᠭᠠᠪᠠ᠂ ᠳᠤᠮᠳᠠᠳᠤ ᠪᠠᠭ᠎ᠠ ᠰᠤᠷᠭᠠᠭᠤᠯᠢ ᠶᠢᠨ ᠰᠣᠷᠣᠭᠴᠢ ᠶᠢᠨ ᠰᠤᠷᠭᠠᠭᠤᠯᠢ ᠳᠤ ᠡᠯᠰᠡᠭᠳᠡᠨ ᠣᠷᠣᠬᠤ ᠲᠠᠢ ᠬᠤᠯᠪᠣᠭᠳᠠᠨ᠎ᠠ︕
ᠨᠡᠶᠢᠲᠡᠯᠡᠭᠰᠡᠨ ᠴᠠᠭ᠄
2023/2/8
        ᠡᠪᠦᠯ ᠤᠨ ᠠᠮᠠᠷᠠᠯᠲᠠ ᠶᠢᠨ ᠬᠤᠭᠤᠴᠠᠭ᠎ᠠ ᠶᠢᠨ ᠬᠠᠭᠠᠰ ᠎ ᠨᠢ  ᠥᠩᠭᠡᠷᠡᠵᠦ᠂  ᠥᠷᠭᠡᠨ  ᠣᠯᠠᠨ  ᠳᠤᠮᠳᠠᠳᠤ  ᠪᠠᠭ᠎ᠠ‌‍ᠰᠤᠷᠭᠠᠭᠤᠯᠢ ᠶᠢᠨ ᠰᠤᠷᠤᠭᠴᠢᠳ  ᠬᠡᠷ ᠤᠨ  ᠠᠬᠠᠮᠠᠳ ᠤᠨ ᠢᠶᠠᠨ  ᠳᠠᠭᠠᠭᠤᠯᠭ᠎ᠠ  ᠳᠤᠤᠷ᠎ᠠ  ᠪᠡᠶ᠎ᠡ  ᠮᠠᠬᠠᠪᠣᠳ ᠢᠶᠠᠨ  ᠳᠠᠪᠲᠠᠨ‌‍ᠪᠣᠯᠪᠠᠰᠤᠷᠠᠭᠤᠯᠵᠦ᠂ ᠳᠤᠷ᠎ᠠ ᠰᠣᠨᠢᠷᠬᠠᠯ ᠢ ᠪᠤᠢ ᠪᠤᠯᠭᠠᠵᠤ᠂ ᠨᠠᠰᠤᠲᠠᠨ ᠢᠶᠠᠨ ᠬᠦᠨᠳᠦᠯᠡᠵᠦ ᠲᠥᠷᠥᠯ  ᠰᠠᠳᠤᠨ ᠢᠶᠠᠨ  ᠠᠴᠢᠯᠠᠵᠦ᠂ᠬᠥᠳᠡᠯᠮᠦᠷᠢ ᠦᠢᠯᠡᠳᠦᠯᠭᠡ ᠬᠢᠵᠦ᠂ ᠤᠳᠬ᠎ᠠ ᠠᠭᠤᠯᠭ᠎ᠠ ᠲᠠᠢ ᠠᠮᠠᠷᠠᠯᠲᠠ ᠶᠢᠨ  ᠬᠤᠭᠤᠴᠠᠭ᠎ᠠ ᠪᠠᠨ  ᠥᠩᠭᠡᠷᠡᠭᠦᠯᠵᠦ  ᠪᠠᠶᠢᠨ᠎ᠠ᠃ᠡᠭᠦᠨ ᠤ ᠵᠡᠷᠭᠡ ᠳᠤ ᠵᠠᠷᠢᠮ ᠬᠥᠮᠦᠨ ᠡᠪᠦᠯ ᠤᠨ ᠠᠮᠠᠷᠠᠯᠲᠠ ᠶᠢᠨ ᠬᠤᠭᠤᠴᠠᠭ᠎ᠠ ᠶᠢ ᠲᠠᠯᠢᠮᠳᠠᠭᠤᠯᠤᠨ ᠲᠣᠭᠲᠠᠭᠠᠯ ᠠᠴᠠ  ᠵᠥᠷᠢᠴᠡᠨ‌ᠤᠷᠤᠯᠳᠤᠭᠠᠨ ᠡᠷᠬᠢᠯᠡᠵᠦ ᠪᠠᠶᠢᠬᠤ ᠶᠢ ᠣᠯᠵᠤ ᠮᠡᠳᠡᠵᠡᠶ᠃ ᠵᠢᠱᠢᠶᠡᠯᠡᠪᠡᠯ᠂ ᠨᠢᠭᠡᠨ ᠸᠢᠴᠠᠲ ᠤᠨ ᠬᠤᠯᠪᠣᠭ᠎ᠠ ᠎ ᠶᠢᠨ ᠎ ᠬᠢᠨ  ᠴᠠᠭᠠᠨ‌‍ᠰᠠᠷ᠎ᠠ ᠶᠢᠨ ᠰᠢᠨ᠎ᠡ ᠶᠢᠨ ᠵᠢᠷᠭᠤᠭᠠᠨ ᠳᠤ ᠲᠣᠭᠲᠠᠭᠠᠯ ᠠᠴᠠ ᠵᠥᠷᠢᠴᠡᠨ ︽ᠬᠦᠰᠡᠯ ᠲᠣᠭᠠᠨ ᠤ ᠤᠬᠠᠭᠠᠨ︾ ᠭᠡᠬᠦ ᠤᠷᠤᠯᠳᠤᠭᠠᠨ ‍ᠤ‌ᠮᠡᠳᠡᠭᠡ ᠨᠡᠶᠢᠲᠡᠯᠡᠪᠡ᠃ ᠡᠭᠦᠨ ᠤ ᠲᠤᠬᠠᠶ  ᠰᠤᠷᠭᠠᠨ  ᠬᠥᠮᠦᠵᠢᠯ ᠤᠨ  ᠶᠠᠮᠤᠨ  ᠬᠤᠯᠪᠣᠭᠳᠠᠯ  ᠪᠥᠬᠦᠶ  ᠰᠠᠯᠠᠭ᠎ᠠ  ᠮᠥᠴᠢᠷ ᠲᠠᠢ‌ᠬᠠᠮᠲᠤᠷᠠᠨ ᠴᠢᠩᠭ᠎ᠠ ᠪᠠᠶᠢᠴᠠᠭᠠᠨ ᠰᠢᠢᠳᠪᠦᠷᠢᠯᠡᠭᠰᠡᠨ ᠪᠥᠭᠡᠳ ᠬᠤᠯᠪᠣᠭᠳᠠᠯ ᠪᠥᠬᠦᠶ ᠪᠠᠶᠢᠭᠤᠯᠤᠮᠵᠢ ᠶᠢᠨ ᠎ ᠬᠢᠨ  ᠲᠣᠭᠲᠠᠭᠠᠯ ᠡᠴᠠ‌ᠵᠥ᠋ᠷᠢᠴᠡᠭᠰᠡᠨ ᠤᠷᠤᠯᠳᠤᠭᠠᠨ ᠳᠤ ᠣᠷᠣᠯᠴᠠᠭᠰᠠᠨ ᠥᠬᠡᠶ ᠭᠡᠵᠦ ᠢᠯᠡᠷᠬᠡᠶᠢᠯᠡᠯᠲᠡ ᠨᠡᠶᠢᠲᠡᠯᠡᠵᠡᠶ᠃              ᠰᠤᠷᠭᠠᠨ ᠬᠥᠮᠦᠵᠢᠯ ᠤᠨ ᠶᠠᠮᠤᠨ ᠡᠳᠦᠭᠡ ᠥᠷᠭᠡᠨ  ᠣᠯᠠᠨ  ᠰᠣᠷᠣᠭᠴᠢ  ᠪᠠ  ᠬᠡᠷ ᠤᠨ  ᠠᠬᠠᠮᠠᠳ ᠲᠤ  ᠳᠠᠬᠢᠨᠲᠠ‌‍ᠰᠠᠨᠠᠭᠤᠯᠬᠤ ᠳᠠᠭᠠᠨ᠂  ᠰᠤᠷᠭᠠᠨ  ᠬᠥᠮᠦᠵᠢᠯ ᠤᠨ  ᠶᠠᠮᠤᠨ ᠤ  ᠨᠡᠶᠢᠲᠡᠯᠡᠭᠰᠡᠨ  ︽2022  —2025  ᠤᠨ   ᠪᠤᠯᠳᠠᠯᠠᠬᠢ‌‍ᠰᠤᠷᠤᠯᠭ᠎ᠠ ᠶᠢᠨ ᠣᠨ ᠤ  ᠳᠤᠮᠳᠠᠳᠤ  ᠪᠠᠭ᠎ᠠ  ᠰᠤᠷᠭᠠᠭᠤᠯᠢ ᠶᠢᠨ  ᠰᠤᠷᠤᠭᠴᠢᠳ ᠲᠤ  ᠬᠠᠨᠳᠤᠭᠤᠯᠤᠭᠰᠠᠨ  ᠪᠥᠬᠦ  ᠤᠯᠤᠰ ‍ᠤᠨ‌‍ᠴᠢᠨᠠᠷᠲᠠᠶ ᠤᠷᠤᠯᠳᠤᠭᠠᠨ ᠤ  ᠠᠵᠢᠯᠯᠠᠭ᠎ᠠ ᠶᠢᠨ  ᠨᠡᠷᠡᠰ︾᠎ ᠲᠤ  ᠣᠷᠣᠭᠤᠯᠤᠭᠰᠠᠨ  ᠥᠬᠡᠶ  ᠪᠦᠬᠦᠨ  ᠴᠥᠮ  ᠲᠣᠭᠲᠠᠭᠠᠯ ᠡᠴᠠ‌ᠵᠥ᠋ᠷᠢᠴᠡᠨ ᠡᠷᠭᠢᠯᠡᠭᠰᠡᠨ ︽ᠬᠠᠤᠯᠢ ᠪᠤᠰᠤ ᠤᠷᠤᠯᠳᠤᠭᠠᠨ︾ ᠪᠣᠯᠤᠨ᠎ᠠ︔ ᠪᠣᠶ ᠪᠥᠬᠦᠶ ᠤᠷᠤᠯᠳᠤᠭᠠᠨ ᠤ ᠦᠷ᠎ᠡ ᠳ᠋ᠦᠩ ᠢ  ᠴᠥᠮ‌‍ᠲ᠋ᠤᠮᠳᠠᠳᠤ ᠪᠠᠭ᠎ᠠ ᠰᠤᠷᠭᠠᠭᠤᠯᠢ ᠶᠢᠨ ᠰᠣᠷᠣᠭᠴᠢ ᠡᠯᠰᠡᠵᠦ  ᠰᠤᠷᠭᠠᠭᠤᠯᠢ ᠳᠤ  ᠣᠷᠣᠭᠤᠯᠬᠤ  ᠦᠨᠳᠦᠰᠦᠯᠡᠯ  ᠪᠣᠯᠭᠠᠵᠤ  ᠪᠣᠯᠬᠤ‌ᠥᠬᠡᠶ᠂ ᠪᠠᠰᠠ ᠳᠤᠮᠳᠠᠳᠤ ᠰᠤᠷᠭᠠᠭᠤᠯᠢ ᠪᠠ ᠦᠨᠳᠦᠷ ᠵᠡᠷᠭᠡ ᠶᠢᠨ ᠲᠤᠮᠳᠠᠳᠤ ᠰᠤᠷᠭᠠᠭᠤᠯᠢ ᠶᠢᠨ ᠶᠡᠭᠡ ᠳᠡᠭᠡᠳᠦ ᠰᠤᠷᠭᠠᠭᠤᠯᠢ ᠳ᠋ᠤ᠋‌‍ᠰᠣᠷᠣᠭᠴᠢ ᠡᠯᠰᠡᠬᠦ ᠨᠢᠭᠡᠳᠦᠯᠲᠡᠶ ᠰᠢᠯᠭᠠᠯᠲᠠ ᠶᠢᠨ ᠬᠤᠪᠢ ᠨᠡᠮᠡᠬᠦ ᠲᠦᠷᠦᠯ ᠵᠦᠢᠯ  ᠪᠣᠯᠭᠠᠵᠤ  ᠪᠣᠯᠬᠤ  ᠥᠬᠡᠶ᠃  ᠬᠤᠯᠪᠣᠭᠳᠠᠯ‌‍ᠪᠥ᠋ᠬᠦᠶ ᠺᠣᠮᠫᠠᠨᠢ ᠪᠠ ᠬᠤᠪᠢ ᠬᠥᠮᠦᠨ ᠨᠢ ᠣᠯᠠᠨ ᠨᠡᠶᠢᠲᠡ ᠶᠢᠨ ᠳ᠋ᠤᠭᠠᠷ᠂ ᠸᠢᠴᠠᠲ ‍ᠤᠨ‌ᠬᠤᠯᠪᠤᠭ᠎ᠠ  ᠵᠡᠷᠭᠡ  ᠠᠷᠭ᠎ᠠ  ᠮᠠᠶ᠋ᠢᠭ ᠵᠶ᠋ᠠᠷ‌‍ᠲ᠋ᠠᠮᠵᠢᠭᠤᠯᠤᠨ ︽ᠰᠢᠯᠭᠠᠯᠲᠠ ᠳᠤ ᠱᠠᠩᠨᠠᠯ ᠭᠥᠷᠳᠡᠪᠡᠯ ᠰᠤᠷᠭᠠᠭᠤᠯᠢ  ᠳᠡᠪᠰᠢᠬᠦ ᠳᠤ  ᠬᠦᠴᠦᠨ  ᠨᠡᠮᠡᠷᠢᠯᠡᠨ᠎ᠡ︾  ᠭᠡᠬᠦ  ᠴᠤᠤᠷᠬᠠᠯ‌‍ᠲ᠋ᠠᠷᠬᠠᠭᠠᠵᠤ᠂ ᠤᠷᠢᠳᠴᠢᠯᠠᠨ ᠰᠤᠷᠤᠯᠴᠠᠬᠤ ᠦᠭᠡᠢ ᠪᠤᠯ ᠪᠤᠰᠤᠳ ᠠᠴᠠ ᠬᠤᠴᠤᠷᠤᠨ᠎ᠠ ᠬᠡᠮᠡᠨ ᠬᠦᠭᠡᠷᠭᠡᠳᠡᠨ ᠬᠠᠤᠯᠢ  ᠪᠤᠰᠤ ᠪᠠᠷ‌‍ᠪᠡᠶ᠎ᠡ ᠳᠡᠭᠡᠨ ᠡᠳ᠋ ᠮᠥᠩᠭᠦ ᠲᠠᠳᠠᠵᠦ ᠪᠠᠶᠢᠬᠤ ᠨᠢ ᠬᠠᠤᠯᠢ ᠲᠣᠭᠲᠠᠭᠠᠯ ᠢ ᠵᠥᠷᠢᠴᠡᠭᠰᠡᠨ ᠦᠢᠯᠡ ᠠᠵᠢᠯᠯᠠᠭ᠎ᠠ ᠪᠤᠯᠤᠨ᠎ᠠ᠂ ᠲᠡᠷᠡ ᠨᠢ‌‍ᠰᠤᠷᠤᠭᠴᠢᠳ ᠤᠨ ᠳᠠᠷᠤᠭᠠᠰᠤ ᠶᠢ ᠬᠦᠨᠳᠦᠷᠡᠭᠦᠯᠵᠦ᠂ ᠬᠡᠦᠬᠡᠳ ᠤᠨ ᠪᠡᠶ᠎ᠡ ᠰᠡᠳᠬᠢᠯ ᠤᠨ ᠡᠷᠡᠭᠦᠯ ᠮᠡᠨᠳᠦ ᠶᠢ ᠬᠤᠬᠢᠷᠠᠭᠤᠯᠬᠤ  ᠪᠡᠷ‌‍ᠪᠠᠷᠠᠬᠤ ᠥᠬᠡᠶ ᠪᠠᠰᠠ ᠮᠡᠬᠡᠯᠡᠭᠰᠡᠨ ᠭᠡᠷᠡᠭ ᠲᠤ ᠲᠤᠭᠠᠴᠠᠬᠳᠠᠨ᠎ᠠ᠃ ᠥᠷᠭᠡᠨ ᠣᠯᠠᠨ ᠰᠣᠷᠣᠭᠴᠢ  ᠪᠣᠯᠤᠨ  ᠬᠡᠷ ᠤᠨ  ᠠᠬᠠᠮᠠᠳ‌ᠤᠷᠤᠯᠳᠤᠭᠠᠨ ᠳᠤ ᠣᠷᠣᠯᠴᠠᠬᠤ ᠶᠢᠨ ᠠᠴᠢ  ᠬᠤᠯᠪᠣᠭᠳᠠᠯ  ᠪᠠ  ᠦᠨ᠎ᠡ  ᠴᠡᠨ᠎ᠡ ᠎ ᠳᠤ  ᠣᠶᠤᠨᠴᠢ ᠪᠠᠷ  ᠬᠠᠨᠳᠤᠵᠤ᠂  ᠬᠠᠤᠯᠢ‌‍ᠲ᠋ᠣᠭᠲᠠᠭᠠᠯ ᠠᠴᠠ ᠵᠥᠷᠢᠴᠡᠬᠦ ︽ᠬᠠᠤᠯᠢ ᠪᠤᠰᠤ ᠤᠷᠤᠯᠳᠤᠭᠠᠨ︾᠎ ᠢ ᠬᠠᠮᠲᠤ ᠪᠠᠷ ᠬᠤᠷᠢᠭᠯᠠᠬᠤ ᠶᠢ ᠬᠦᠰᠡᠵᠦ ᠪᠠᠶᠢᠨ᠎ᠠ ᠬᠡᠪᠡ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2