ᠮᠤᠩᠭᠤᠯ ᠭᠡᠷ ᠤᠨ ᠡᠭᠦᠰᠦᠯ ᠬᠦᠭᠵᠢᠯ
ᠨᠡᠶᠢᠲᠡᠯᠡᠭᠰᠡᠨ ᠴᠠᠭ᠄
2023/2/14
      ᠰᠠᠶ᠋ᠢᠬᠠᠨ ᠪᠢ ᠮᠤᠩᠭᠤᠯ ᠭᠡᠷ ᠤᠨ ᠡᠭᠦᠰᠦᠯ ᠬᠦᠭᠵᠢᠯ ᠤᠨ ᠲᠤᠬᠠᠢ ᠦᠭᠦᠯᠡᠭᠰᠡᠨ — ︵ᠴᠦᠯᠳᠡᠮ᠂ ᠷᠢᠨᠴᠢᠨᠨᠢᠮᠪᠤᠤ ᠶᠢᠨ ᠪᠠᠭᠤᠯᠭᠠᠭᠰᠠᠨ︶   ︽ᠮᠤᠩᠭᠤᠯ ᠭᠡᠷ︾ ᠪᠤᠯᠤᠨ ︵ᠫ᠊᠂ ᠳᠤᠭᠠᠷ ᠤᠨ ᠡᠷᠬᠢᠯᠡᠨ ᠨᠠᠶᠢᠷᠠᠭᠤᠯᠤᠭᠰᠠᠨ ︶  ︽ᠮᠤᠩᠭᠤᠯ ᠭᠡᠷ ᠤᠨ ᠰᠤᠶᠤᠯ︾ ᠬᠡᠮᠡᠬᠦ ᠬᠤᠶᠠᠷ ᠨᠤᠮ ︵ᠳᠤᠷᠤᠭᠰᠢ ︽ᠨᠤᠮ︾ ᠭᠡᠵᠦ ᠲᠤᠪᠴᠢᠯᠠᠨ᠎ᠠ︶᠎ ᠢ ᠤᠯᠵᠤ ᠤᠩᠰᠢᠯ᠎ᠠ᠃ ᠲᠡᠭᠡᠭᠡᠳ ᠮᠤᠩᠭᠤᠯ ᠦᠨᠳᠦᠰᠦᠲᠡᠨ ᠤ ᠪᠠᠨ ᠰᠢᠨᠵᠢᠯᠡᠬᠦ ᠤᠬᠠᠭᠠᠨᠴᠢ ᠬᠢᠴᠡ ᠲᠠᠢ ᠤᠷᠤᠨ ᠰᠠᠭᠤᠴᠠ — ᠮᠤᠩᠭᠤᠯ ᠭᠡᠷ ᠤᠨ ᠲᠦᠯᠦᠪᠰᠢᠷᠡᠨ ᠬᠦᠭᠵᠢᠵᠦ ᠪᠤᠢ ᠪᠤᠯᠤᠭᠰᠠᠨ ᠲᠡᠦᠬᠡ ᠶᠢᠨ ᠶᠠᠪᠤᠴᠠ ᠶᠢ ᠠᠩᠬ᠎ᠠ ᠤᠳᠠᠭ᠎ᠠ ᠰᠢᠰᠲ᠋ᠧᠮ ᠲᠠᠢ ᠤᠯᠵᠤ ᠤᠩᠰᠢᠭᠰᠠᠨ ᠳᠤ ᠪᠠᠨ ᠲᠤᠶᠢᠯ ᠢᠶᠠᠷ ᠤᠯᠵᠠᠭᠤᠷᠬᠠᠨ ᠪᠠᠶᠠᠷᠯᠠᠵᠤ᠂ ᠤᠯᠳᠤᠢ ᠤᠶᠢᠯᠠᠭᠠᠯᠲᠠ ᠪᠠᠨ ᠡᠮᠬᠢᠯᠡᠨ ᠲᠡᠮᠳᠡᠭᠯᠡᠬᠦ ᠶᠢ ᠰᠠᠨᠠᠪᠠᠢ᠃      ᠮᠤᠩᠭᠤᠯ ᠭᠡᠷ ᠨᠢ ᠬᠦᠮᠦᠨ ᠲᠦᠷᠦᠯᠬᠢᠲᠡᠨ ᠤ ᠤᠷᠤᠨ ᠰᠠᠭᠤᠴᠠ ᠶᠢᠨ ᠴᠢᠬᠤᠯᠠ ᠨᠢᠭᠡᠨ ᠪᠦᠷᠢᠯᠳᠦᠬᠦᠨ ᠬᠡᠰᠡᠭ ᠨᠢ ᠪᠤᠯᠵᠤ ᠪᠠᠶᠢᠳᠠᠭ ᠤᠴᠢᠷ ᠠᠴᠠ ᠲᠡᠭᠦᠨ ᠤ ᠡᠭᠦᠰᠦᠯ ᠬᠦᠭᠵᠢᠯ ᠤᠨ ᠲᠡᠦᠬᠡ ᠨᠢ ᠬᠦᠮᠦᠨ ᠲᠦᠷᠦᠯᠬᠢᠲᠡᠨ ᠤ ᠤᠷᠤᠨ ᠰᠠᠭᠤᠴᠠ ᠶᠢᠨ ᠡᠭᠦᠰᠦᠯ ᠬᠦᠭᠵᠢᠯ ᠤᠨ ᠲᠡᠦᠬᠡ ᠯᠦᠭᠡ ᠰᠠᠯᠤᠰᠢ ᠦᠭᠡᠢ ᠬᠤᠯᠪᠤᠭ᠎ᠠ ᠲᠠᠢ ᠪᠠᠶᠢᠳᠠᠭ ᠠᠵᠠᠢ᠃            ︽ᠨᠤᠮ︾᠎ ᠳᠤ ᠲᠡᠮᠳᠡᠭᠯᠡᠵᠦ ᠪᠠᠶᠢᠭ᠎ᠠ ᠠᠴᠠ ᠦᠵᠡᠪᠡᠯ᠂ ᠤᠳᠤ ᠠᠴᠠ ᠪᠠᠷᠤᠭ ᠳᠦᠷᠪᠡᠨ ᠲᠦᠮᠡᠨ ᠵᠢᠯ ᠤᠨ ᠡᠮᠦᠨ᠎ᠡ᠂ ᠲᠦᠪ ᠠᠽᠢᠶ᠎ᠠ ᠶᠢᠨ ᠪᠡᠴᠢᠨ ᠬᠦᠮᠦᠨ ᠨᠢ ︽ᠰᠦᠷᠦᠭᠯᠡᠨ ᠠᠮᠢᠳᠤᠷᠠᠵᠤ᠂ ᠡᠳᠦᠷ ᠪᠤᠯ ᠠᠶᠢᠮᠠᠭ ᠲᠦᠷᠦᠯ ᠢᠶᠠᠷ ᠢᠶᠠᠨ ᠨᠡᠶᠢᠯᠡᠵᠦ᠂ ᠠᠪ ᠬᠤᠮᠤᠷᠭ᠎ᠠ ᠬᠢᠬᠦ ᠪᠤᠶᠤ ᠤᠶᠢᠲᠤ ᠬᠡᠭᠡᠷ᠎ᠡ᠂ ᠭᠤᠤᠯ ᠤᠨ ᠬᠦᠪᠡᠭᠡ ᠂ ᠨᠠᠭᠤᠷ ᠤᠨ ᠢᠷᠮᠡᠭ ᠳᠠᠭᠤ ᠰᠦᠷᠦᠭᠯᠡᠨ ᠶᠠᠪᠤᠵᠤ᠂ ᠬᠡᠭᠡᠷ᠎ᠡ ᠶᠢᠨ ᠡᠪᠡᠰᠦ ᠨᠤᠭᠤᠭ᠎ᠠ᠂ ᠦᠷ᠎ᠡ ᠵᠢᠮᠢᠰ ᠢᠶᠠᠷ ᠦᠢᠯ ᠬᠤᠭᠤᠯᠠ ᠪᠤᠯᠭᠠᠵᠤ᠂ ᠦᠳᠡᠰᠢ ᠪᠤᠯ ᠬᠠᠳᠠᠨ ᠨᠦᠮᠦᠷᠢ᠂ ᠭᠠᠵᠠᠷ ᠤᠨ ᠬᠤᠩᠬᠢᠯ᠂ ᠭᠤᠤᠯ ᠤᠨ ᠡᠷᠭᠢ᠂ ᠭᠤᠤ ᠰᠤᠵᠢᠭ ᠲᠤ ᠬᠤᠷᠭᠤᠳᠠᠳᠠᠭ︾ ᠠᠮᠢᠳᠤᠷᠠᠯ ᠢ ᠬᠢᠵᠦ ᠪᠠᠶᠢᠵᠠᠢ᠃ ᠦᠭᠡᠷ᠎ᠡ ᠪᠠᠷ ᠬᠡᠯᠡᠪᠡᠯ᠂ ᠲᠤᠬᠠᠢ ᠦᠶ᠎ᠡ ᠪᠡᠴᠢᠨ ᠬᠦᠮᠦᠰ ᠨᠢ ᠦᠯ ᠬᠤᠭᠤᠯᠠ ᠪᠠᠨ ᠢᠳᠡᠵᠦ ᠪᠠᠷᠠᠭᠠᠳ᠂ ᠠᠮᠠᠷᠠᠵᠤ ᠬᠡᠪᠲᠡᠬᠦ ᠤᠨᠲᠠᠬᠤ ᠭᠡᠪᠡᠯ ᠬᠠᠳᠠᠨ ᠨᠦᠮᠦᠷᠢ᠂ ᠭᠤᠤᠯ ᠤᠨ ᠡᠷᠭᠢ᠂ ᠭᠤᠤ ᠰᠤᠵᠢᠭ ᠡᠷᠢᠵᠦ ᠬᠡᠪᠲᠡᠲᠡᠭ ᠪᠠᠶᠢᠵᠠᠢ᠃           ᠬᠤᠵᠢᠮ ᠨᠢ ᠪᠤᠯᠵᠤ ᠢᠷᠡᠭᠡᠳ ᠬᠦᠮᠦᠰ ᠪᠤᠰᠤᠭ᠎ᠠ ᠶᠠᠪᠤᠵᠤ ᠴᠢᠳᠠᠬᠤ ᠪᠤᠯᠵᠠᠢ᠃ ᠬᠠᠮᠲᠤ ᠪᠠᠷ ᠠᠮᠢᠳᠤᠷᠠᠵᠤ ᠂ ᠬᠠᠮᠲᠤ ᠪᠠᠷ ᠬᠦᠳᠡᠯᠮᠦᠷᠢᠯᠡᠵᠦ᠂ ᠪᠠᠶᠢᠭᠠᠯᠢ ᠶᠢᠨ ᠮᠤᠳᠤ ᠴᠢᠯᠠᠭᠤ ᠶᠢ ᠵᠡᠪᠰᠡᠭ ᠪᠤᠯᠭᠠᠨ ᠠᠰᠢᠭᠯᠠᠬᠤ ᠤᠬᠠᠭᠠᠨ ᠴᠢᠳᠠᠪᠤᠷᠢᠲᠠᠢ ᠪᠤᠯᠤᠭᠰᠠᠨ ᠢᠶᠠᠷ ᠦᠯᠦ ᠪᠠᠷᠠᠨ ᠨᠡᠩ ᠴᠢᠬᠤᠯᠠ ᠨᠢ ᠭᠠᠯ ᠢ ᠦᠷᠦᠯᠲᠡ ᠪᠠᠷ ᠭᠠᠷᠭᠠᠵᠤ᠂ ᠵᠤᠷᠢᠯᠭ᠎ᠠ ᠎ ᠲᠠᠢ ᠠᠰᠢᠭᠯᠠᠬᠤ ᠤᠬᠠᠭᠠᠨ ᠴᠢᠳᠠᠪᠤᠷᠢᠲᠠᠢ ᠪᠤᠯᠤᠭᠰᠠᠨ ᠪᠠᠶᠢᠵᠠᠢ᠃ ᠵᠢᠱᠢᠶᠡᠯᠡᠪᠡᠯ᠂ ︽ᠠᠩ ᠤᠨ ᠮᠢᠬ᠎ᠠ ᠶᠢ ᠰᠢᠷᠠᠵᠤ ᠢᠳᠡᠬᠦ︾ ᠪᠤᠯᠵᠠᠢ︔ ᠭᠠᠯ ᠢ ᠠᠰᠢᠭᠯᠠᠵᠤ ︽ᠠᠷᠢᠶᠠᠲᠠᠨ ᠠᠮᠢᠲᠠᠨ ᠢ ᠠᠶᠤᠯᠭᠠᠨ ᠰᠦᠷᠳᠡᠭᠦᠯᠵᠦ ᠪᠡᠶ᠎ᠡ ᠪᠠᠨ ᠬᠠᠮᠠᠭᠠᠯᠠᠬᠤ︾︔ ︽ᠤᠷᠤᠨ ᠰᠠᠭᠤᠴᠠ ᠪᠠᠨ ᠭᠡᠷᠡᠯᠲᠦᠭᠦᠯᠬᠦ ᠪᠠ ᠳᠤᠯᠠᠭᠠᠯᠠᠬᠤ︾ ᠤᠬᠠᠭᠠᠨ ᠮᠡᠳᠡᠯᠭᠡ ᠲᠠᠢ ᠪᠤᠯᠤᠭᠰᠠᠨ ᠪᠠᠶᠢᠵᠠᠢ᠃            ᠡᠨᠡ ᠦᠶᠡᠰ ᠲᠤ ᠮᠤᠩᠭᠤᠯ ᠤᠨ ᠦᠨᠳᠦᠷᠯᠢᠭ ᠲᠤ ᠠᠮᠢᠳᠤᠷᠠᠵᠤ ᠪᠠᠶᠢᠭᠰᠠᠨ ᠮᠠᠨ ᠤ ᠮᠤᠩᠭᠤᠯᠴᠤᠳ ᠤᠨ ᠳᠡᠭᠡᠳᠦᠰ ᠢ ᠪᠠᠭᠲᠠᠭᠠᠭᠰᠠᠨ ᠡᠷᠲᠡᠨ ᠤ ᠤᠯᠠᠨ ᠤᠭᠰᠠᠭ᠎ᠠ ᠠᠶᠢᠮᠠᠭ ᠤᠨ ᠬᠦᠮᠦᠰ ᠨᠢ ︽ᠪᠠᠶᠢᠭᠠᠯᠢ ᠶᠢᠨ ᠴᠢᠯᠠᠭᠤ ᠶᠢ ᠴᠢᠯᠦᠭᠡᠲᠡᠢ ᠠᠰᠢᠭᠯᠠᠵᠤ ᠪᠠᠭᠠᠵᠢ ᠵᠡᠪᠰᠡᠭ ᠪᠤᠯᠭᠠᠨ ᠬᠡᠷᠡᠭᠯᠡᠬᠦ ᠪᠤᠯᠤᠭᠰᠠᠨ ᠲᠤᠯᠠ ᠪᠠᠶᠢᠭᠠᠯᠢ ᠶᠢᠨ ᠪᠡᠯᠡᠨ ᠤᠷᠤᠮᠵᠢ ᠪᠤᠯᠬᠤ ᠬᠠᠳᠠᠨ ᠨᠦᠮᠦᠷᠢ᠂ ᠭᠠᠵᠠᠷ ᠤᠨ ᠬᠤᠩᠬᠢᠯ᠂ ᠭᠤᠤ ᠶᠢᠨ ᠰᠤᠵᠢᠭ︾᠎ ᠢ ︽ᠬᠠᠳᠠ ᠴᠢᠯᠠᠭᠤ᠂ ᠡᠪᠡᠰᠦ ᠮᠤᠳᠤ᠂ ᠠᠷᠢᠶᠠᠲᠠᠨ ᠤ ᠶᠠᠰᠤ ᠪᠠᠷ ᠵᠠᠰᠠᠵᠤ︾ ᠰᠠᠭᠤᠬᠤ ᠳᠠᠭᠠᠨ ᠴᠢᠳᠠᠪᠤᠷᠢᠲᠠᠢ ᠪᠤᠯᠵᠤ ᠢᠷᠡᠭᠰᠡᠨ ᠪᠠᠶᠢᠵᠠᠢ᠃ ᠡᠨᠡ ᠬᠦ ᠳᠠᠪᠰᠢᠯᠲᠠ ᠨᠢ ᠬᠦᠮᠦᠨ ᠲᠦᠷᠦᠯᠬᠢᠲᠡᠨ ᠤ ᠤᠷᠤᠨ ᠰᠠᠭᠤᠴᠠ ᠶᠢᠨ ᠡᠭᠦᠰᠦᠯ ᠬᠦᠭᠵᠢᠯ ᠤᠨ ᠲᠡᠦᠬᠡᠨ ᠳᠤ ︽ᠨᠢᠭᠡᠨ ᠰᠢᠨ᠎ᠡ ᠱᠠᠲᠤ ᠦᠶ᠎ᠡ︾ ᠪᠤᠯᠤᠨ ᠲᠡᠮᠳᠡᠭᠯᠡᠭᠳᠡᠵᠦ ᠪᠤᠢ᠃ ᠡᠨᠡ ᠬᠦ ︽ᠨᠢᠭᠡᠨ ᠰᠢᠨ᠎ᠡ ᠱᠠᠲᠤ ᠦᠶ᠎ᠡ︾᠎ ᠨᠢ᠂ ᠤᠳᠤ ᠠᠴᠠ ᠪᠠᠷᠤᠭ 4 —1 ᠲᠦᠮᠡᠨ ᠵᠢᠯ ᠤᠨ ᠡᠮᠦᠨᠡᠬᠢ ᠤᠴᠢᠷ ᠪᠤᠯᠬᠤ ᠲᠦᠯᠦᠪᠲᠡᠢ᠃         ᠬᠦᠮᠦᠰ ᠪᠠᠰᠠ ᠬᠤᠵᠢᠮ ᠨᠢ ᠪᠤᠯᠵᠤ ᠢᠷᠡᠭᠡᠳ ︽ᠭᠡᠷ ᠤᠨ ᠳᠡᠭᠡᠪᠦᠷᠢ ᠨᠢ ᠭᠠᠵᠠᠷ ᠠᠴᠠ ᠳᠡᠭᠡᠷ᠎ᠡ ᠢᠯᠡ ᠪᠠᠶᠢᠳᠠᠭ ︾᠂ ︽ᠬᠠᠨ᠎ᠠ ᠨᠢ ᠭᠠᠵᠠᠷ ᠤᠨ ᠲᠦᠪᠰᠢᠨ ᠠᠴᠠ ᠳᠤᠷᠤᠭᠰᠢ︾ ᠪᠠᠶᠢᠳᠠᠭ᠂ ︽ᠳᠤᠭᠤᠷᠢᠭ ᠬᠡᠯᠪᠡᠷᠢᠲᠡᠢ︾᠂ ᠨᠡᠯᠢᠶᠡᠳ ᠶᠡᠭᠡ ︽ᠲᠠᠯᠠᠪᠠᠢ ᠲᠠᠢ︾᠂ ︽ᠨᠦᠬᠡᠨ ᠭᠡᠷ ᠮᠠᠯᠲᠠᠵᠤ᠂ ᠭᠡᠷ ᠤᠨ ᠭᠤᠤᠯ ᠳᠤ ᠪᠠᠨ ᠬᠢᠰᠬᠢᠭᠦᠷ ᠪᠠᠭᠠᠨ᠎ᠠ ᠵᠤᠬᠢᠶᠠᠵᠤ᠂ ᠤᠷᠤᠢ ᠪᠠᠷ ᠢᠶᠠᠨ ᠤᠷᠤᠵᠤ ᠭᠠᠷᠬᠤ︾ ᠨᠦᠬᠡ ︵ᠲᠤᠭᠤᠨᠤ︶᠎ ᠲᠠᠢ᠂ ︽ᠤᠷᠤᠨ ᠰᠠᠭᠤᠴᠠ︾᠎ ᠶᠢ ᠮᠠᠯᠲᠠᠵᠤ ᠪᠦᠲᠦᠭᠡᠬᠦ ᠤᠬᠠᠭᠠᠨ ᠴᠢᠳᠠᠪᠤᠷᠢᠲᠠᠢ ᠪᠤᠯᠵᠤ᠂ ︽ᠠᠭᠤᠯᠠ ᠶᠢ ᠲᠦᠰᠢᠵᠦ᠂ ᠤᠰᠤ ᠶᠢ ᠨᠢᠭᠤᠷᠯᠠᠭᠰᠠᠨ︾ ᠨᠦᠬᠡᠨ ᠤᠷᠤᠨ ᠰᠠᠭᠤᠴᠠ ᠳᠤ ᠰᠠᠭᠤᠬᠤ ᠪᠤᠯᠤᠭᠰᠠᠨ ᠪᠠᠶᠢᠵᠠᠢ᠃           ᠲᠤᠬᠠᠢ ᠦᠶᠡᠰ ᠲᠤ ᠮᠤᠩᠭᠤᠯ ᠤᠨ ᠦᠨᠳᠦᠷᠯᠢᠭ ᠲᠤ ᠠᠮᠢᠳᠤᠷᠠᠵᠤ ᠪᠠᠶᠢᠭᠰᠠᠨ ᠮᠤᠩᠭᠤᠯᠴᠤᠳ ᠤᠨ ᠳᠡᠭᠡᠳᠦᠰ ᠢ ᠪᠠᠭᠲᠠᠭᠠᠭᠰᠠᠨ ᠤᠯᠠᠨ ᠤᠭᠰᠠᠭ᠎ᠠ ᠠᠶᠢᠮᠠᠭ ᠤᠨ ᠬᠦᠮᠦᠰ ᠨᠢ᠂ ᠤᠢ ᠰᠢᠭᠤᠢ ᠪᠠᠷ ᠭᠤᠤᠯ ᠰᠠᠭᠤᠷᠢᠨ ᠪᠤᠯᠭᠠᠵᠤ᠂ ᠠᠩ ᠭᠦᠷᠦᠭᠡ ᠬᠢᠵᠦ ᠠᠮᠢᠳᠤᠷᠠᠬᠤ ᠪᠠᠷ ᠭᠤᠤᠯᠯᠠᠵᠤ ᠪᠠᠶᠢᠭᠰᠠᠨ ᠴᠠᠭ ᠦᠶ᠎ᠡ ᠪᠤᠯᠬᠤ ᠲᠤᠯᠠ ᠠᠮᠢᠳᠤᠷᠠᠯ ᠠᠬᠤᠢ ᠳᠤ ᠪᠠᠨ ᠵᠤᠬᠢᠴᠠᠭᠤᠯᠤᠨ ᠬᠡᠳᠦᠨ ᠬᠡᠯᠪᠡᠷᠢ ᠶᠢᠨ ᠪᠠᠷᠢᠮᠠᠯ ᠤᠷᠤᠨ ᠰᠠᠭᠤᠴᠠ ᠶᠢ ᠪᠠᠷᠢᠵᠤ ᠰᠠᠭᠤᠬᠤ ᠪᠤᠯᠤᠭᠰᠠᠨ ᠪᠠᠶᠢᠵᠠᠢ᠃       ᠵᠢᠱᠢᠶᠡᠯᠡᠪᠡᠯ᠂ ︽ᠮᠤᠳᠤ ᠪᠠᠷ ᠭᠤᠤᠯ ᠪᠤᠶᠤ ᠪᠠᠭᠠᠨ᠎ᠠ ᠬᠢᠵᠦ᠂ ᠲᠡᠭᠦᠨ ᠢ ᠲᠤᠭᠤᠷᠢᠭᠤᠯᠤᠨ ᠤᠨᠢ ᠲᠦᠰᠢᠭᠦᠯᠵᠦ᠂ ᠤᠯᠳᠠᠵᠤ ᠪᠤᠯᠬᠤᠶᠢᠴᠠ ᠡᠪᠡᠰᠦ᠂ ᠮᠤᠳᠤᠨ ᠮᠦᠴᠢᠷ ᠪᠤᠶᠤ ᠪᠤᠲᠠ ᠪᠤᠷᠤᠯᠵᠢ ᠪᠠᠷ ᠲᠤᠭᠤᠷᠢᠭᠤᠯᠤᠨ ᠪᠦᠷᠬᠦᠵᠦ ᠳᠠᠷᠤᠭᠰᠠᠨ ᠪᠠᠷᠢᠮᠠᠯ ᠤᠷᠤᠨ ᠰᠠᠭᠤᠴᠠ︾᠎ ᠶᠢ ᠪᠠᠷᠢᠵᠤ ᠰᠠᠭᠤᠬᠤ ᠪᠤᠯᠤᠭᠰᠠᠨ ᠪᠠᠶᠢᠪᠠ᠃      ᠡᠶᠢᠮᠦ ᠬᠡᠯᠪᠡᠷᠢ ᠶᠢᠨ ᠤᠷᠤᠨ ᠰᠠᠭᠤᠴᠠ ᠶᠢ ᠬᠤᠵᠢᠮ ᠤᠨ ᠬᠦᠮᠦᠰ ︽ᠤᠪᠤᠬᠠᠢ︾᠂ ︽ᠱᠤᠪᠤᠬᠠᠢ︾ ᠬᠡᠮᠡᠨ ᠨᠡᠷᠡᠯᠡᠭᠰᠡᠨ ᠪᠠᠶᠢᠵᠠᠢ᠃ ᠤᠳᠤ ᠬᠡᠷᠡᠭᠯᠡᠭᠳᠡᠵᠦ ᠪᠠᠶᠢᠭ᠎ᠠ ᠮᠠᠶᠢᠬᠠᠨ᠂ ᠮᠠᠯᠵᠢᠬᠤ ᠤᠷᠤᠨ ᠳᠤ ᠬᠠᠶᠠ ᠬᠠᠷᠠᠭᠳᠠᠳᠠᠭ ᠦᠪᠦᠩ ᠭᠡᠷ ᠨᠢ ᠳᠠᠷᠤᠢ ᠲᠤᠬᠠᠢ ᠦᠶ᠎ᠡ ᠶᠢᠨ ︽ᠤᠪᠤᠬᠠᠢ︾᠂ ︽ᠱᠤᠪᠤᠬᠠᠢ︾᠎ ᠶᠢᠨ ᠦᠯᠡᠳᠡᠭᠳᠡᠯ ᠤᠯᠠ ᠮᠦᠷ ᠭᠡᠳᠡᠭ᠃            ︽ᠤᠪᠤᠬᠠᠢ︾᠂ ︽ᠱᠤᠪᠤᠬᠠᠢ︾ ᠬᠤᠶᠠᠷ ᠬᠡᠯᠪᠡᠷᠢ ᠶᠢᠨ ᠤᠷᠤᠨ ᠰᠠᠭᠤᠴᠠ ᠶᠢᠨ ᠭᠤᠤᠯ ᠪᠦᠲᠦᠴᠡ ᠨᠢ  ︽ᠬᠠᠨ᠎ᠠ︾᠂ ︽ᠤᠨᠢ︾ ᠬᠤᠶᠠᠷ ᠪᠠᠶᠢᠵᠠᠢ᠃      ᠡᠨᠡ ᠬᠦ ᠳᠠᠪᠰᠢᠯᠲᠠ ᠨᠢ ᠬᠦᠮᠦᠨ ᠲᠦᠷᠦᠯᠬᠢᠲᠡᠨ ᠤ ᠤᠷᠤᠨ ᠰᠠᠭᠤᠴᠠ ᠶᠢᠨ ᠡᠭᠦᠰᠦᠯ ᠬᠦᠭᠵᠢᠯ ᠤᠨ ᠲᠡᠦᠬᠡᠨ ᠳᠤ ᠮᠦᠨ ︽ᠨᠢᠭᠡᠨ ᠰᠢᠨ᠎ᠡ ᠱᠠᠲᠤ ᠦᠶ᠎ᠡ︾ ᠪᠤᠯᠤᠨ ᠲᠡᠮᠳᠡᠭᠯᠡᠭᠳᠡᠵᠦ ᠪᠤᠢ᠃ ᠡᠨᠡ ᠬᠦ ︽ᠨᠢᠭᠡᠨ ᠰᠢᠨ᠎ᠡ ᠱᠠᠲᠤ ᠦᠶ᠎ᠡ︾᠎ ᠨᠢ ᠤᠳᠤ ᠠᠴᠠ ᠪᠠᠷᠤᠭ ᠨᠢᠭᠡ ᠲᠦᠮᠡ ᠠᠴᠠ ᠳᠤᠯᠤᠭᠠᠨ ᠮᠢᠩᠭᠠᠨ ᠵᠢᠯ ᠤᠨ ᠡᠮᠦᠨᠡᠬᠢ ᠤᠴᠢᠷ ᠪᠤᠯᠬᠤ ᠲᠦᠯᠦᠪᠲᠡᠢ᠃      ᠡᠷᠲᠡ ᠦᠶ᠎ᠡ ᠳᠤ ᠮᠤᠩᠭᠤᠯ ᠤᠨ ᠦᠨᠳᠦᠷᠯᠢᠭ ᠲᠤ ᠤᠷᠤᠰᠢᠨ ᠠᠮᠢᠳᠤᠷᠠᠵᠤ ᠪᠠᠶᠢᠭᠰᠠᠨ ᠮᠤᠩᠭᠤᠯᠴᠤᠳ ᠤᠨ ᠳᠡᠭᠡᠳᠦᠰ ᠢ ᠪᠠᠭᠲᠠᠭᠠᠭᠰᠠᠨ ᠤᠯᠠᠨ ᠤᠭᠰᠠᠭ᠎ᠠ ᠠᠶᠢᠮᠠᠭ ᠤᠨ ᠬᠦᠮᠦᠰ ᠤᠨ ᠤᠬᠠᠭᠠᠨ ᠴᠢᠳᠠᠪᠤᠷᠢ ᠶᠢᠨ ᠬᠦᠭᠵᠢᠯᠲᠡ ᠨᠢ᠂ ᠭᠠᠭᠴᠠ ᠤᠷᠤᠨ ᠰᠠᠭᠤᠴᠠ ᠶᠢᠨ ᠪᠠᠶᠢᠭᠤᠯᠤᠯᠲᠠ ᠳᠤ ᠯᠠ ᠢᠯᠡᠷᠡᠵᠦ ᠪᠠᠶᠢᠭᠰᠠᠨ ᠪᠤᠰᠤ᠃ ᠨᠡᠩ ᠴᠢᠬᠤᠯᠠ ᠪᠤᠯᠬᠤ ᠨᠢ ᠪᠠᠶᠢᠭᠠᠯᠢ ᠶᠢᠨ ᠮᠤᠳᠤ ᠴᠢᠯᠠᠭᠤ ᠶᠢ ᠵᠡᠪᠰᠡᠭ ᠪᠤᠯᠭᠠᠨ ᠬᠡᠷᠡᠭᠯᠡᠵᠦ ᠪᠠᠶᠢᠭᠰᠠᠨ ᠠᠴᠠ ᠪᠠᠨ ᠨᠤᠮᠤ ᠰᠤᠮᠤ ᠶᠢ ᠡᠭᠦᠳᠦᠨ ᠪᠦᠲᠦᠭᠡᠭᠡᠳ ᠠᠩ ᠠᠩᠨᠠᠭᠤᠷ ᠲᠤ ᠬᠡᠷᠡᠭᠯᠡᠬᠦ ᠪᠤᠯᠤᠭᠰᠠᠨ ᠪᠠᠶᠢᠪᠠ᠃ ᠪᠠᠰᠠ ᠵᠡᠷᠯᠢᠭ ᠠᠮᠢᠲᠠᠳ ᠠᠴᠠ ᠬᠠᠮᠤᠭ ᠲᠦᠷᠦᠭᠦᠦ ᠨᠤᠬᠠᠢ ᠎ ᠶᠢ ᠭᠡᠷᠰᠢᠭᠦᠯᠦᠨ ᠲᠡᠵᠢᠭᠡᠵᠦ ᠠᠩ ᠠᠩᠨᠠᠭᠤᠷ ᠲᠤ ᠠᠰᠢᠭᠯᠠᠪᠠ᠃ ᠡᠭᠦᠨ ᠤ ᠦᠷ᠎ᠡ ᠳ᠋ᠦᠩ ᠳᠤ ᠬᠦᠮᠦᠰ ᠤᠨ ᠠᠩ ᠠᠩᠨᠠᠭᠤᠷ ᠤᠨ ᠤᠷᠤᠯᠭ᠎ᠠ ᠶᠡᠬᠡᠪᠡᠷ ᠨᠡᠮᠡᠭᠳᠡᠭᠰᠡᠨ ᠤ ᠤᠴᠢᠷ᠂    ᠲᠡᠷᠡᠬᠦ ᠪᠠᠷᠢᠵᠤ ᠠᠪᠴᠢᠷᠠᠭᠰᠠᠨ ᠠᠩ ᠠᠮᠢᠲᠠᠨ ᠢᠶᠠᠨ ᠠᠯᠠᠵᠤ ᠢᠳᠡᠬᠦ ᠪᠠᠨ ᠪᠤᠯᠢᠵᠤ᠂ ᠭᠡᠷᠰᠢᠭᠦᠯᠦᠨ ᠲᠡᠵᠢᠭᠡᠵᠦ ᠪᠤᠶᠢᠵᠢᠭᠤᠯᠤᠨ ᠦᠷᠡᠵᠢᠭᠦᠯᠪᠡ᠃ ᠡᠨᠡ ᠨᠢ ᠰᠠᠨᠠᠭᠠᠴᠢᠯᠠᠭ᠎ᠠ ᠦᠭᠡᠢ ᠪᠠᠷ ︽ᠭᠡᠷ ᠤᠨ ᠮᠠᠯ ᠲᠡᠵᠢᠭᠡᠪᠦᠷᠢ ᠶᠢᠨ ᠡᠬᠢ︾᠎ ᠶᠢ ᠪᠤᠢ ᠪᠤᠯᠭᠠᠭᠰᠠᠨ ᠪᠠᠶᠢᠵᠠᠢ᠃           ᠬᠤᠵᠢᠮ ᠨᠢ ᠮᠤᠩᠭᠤᠯᠴᠤᠳ ᠮᠠᠨᠢ᠂ ᠮᠤᠩᠭᠤᠯ ᠤᠨ ᠦᠨᠳᠦᠷᠯᠢᠭ ᠤᠨ ᠡᠬᠡ ᠪᠠᠶᠢᠭᠠᠯᠢ ᠶᠢᠨ ᠤᠷᠤᠨ ᠪᠦᠰᠡ ᠶᠢᠨ ᠵᠢᠮ᠎ᠡ ᠶᠤᠰᠤ᠂ ᠤᠨᠴᠠᠯᠢᠭ ᠲᠤ ᠵᠤᠬᠢᠴᠠᠭᠰᠠᠨ ᠠᠵᠤ ᠠᠬᠤᠢ ᠶᠢ ᠡᠷᠬᠢᠯᠡᠬᠦ ᠠᠷᠭ᠎ᠠ ᠵᠠᠮ ᠢ ᠰᠢᠯᠢᠨ ᠰᠤᠩᠭᠤᠬᠤ ᠳᠤ ᠪᠠᠨ ᠮᠠᠯ ᠠᠵᠤ ᠠᠬᠤᠢ ᠶᠢ ᠭᠤᠤᠯᠯᠠᠨ ᠡᠷᠬᠢᠯᠡᠬᠦ ᠪᠤᠯᠪᠠ᠃ ᠮᠡᠯ ᠲᠡᠵᠢᠭᠡᠪᠦᠷᠢ ᠪᠠᠨ ᠪᠤᠶᠢᠵᠢᠭᠤᠯᠵᠤ ᠦᠷᠡᠵᠢᠭᠦᠯᠬᠦ ᠶᠢᠨ ᠶᠠᠪᠤᠴᠠ ᠳᠤ ᠪᠠᠨ ᠪᠡᠯᠴᠢᠬᠡᠷ ᠤᠨ ᠰᠤᠷᠭᠤᠭ᠂ ᠤᠰᠤᠨ ᠤ ᠲᠤᠩᠭᠠᠯᠠᠭ ᠢ ᠲᠠᠭᠠᠨ ᠨᠡᠭᠦᠳᠡᠯᠯᠡᠵᠦ ᠶᠠᠪᠤᠬᠤ ᠎ ᠨᠢ ︽ᠴᠢᠬᠤᠯᠠ︾ ᠪᠤᠯᠬᠤ ᠶᠢ ᠤᠬᠠᠭᠠᠷᠠᠨ ᠮᠡᠳᠡᠭᠰᠡᠨ ᠪᠠᠶᠢᠬᠤ ᠶᠢᠨ ᠬᠠᠮᠲᠤ ᠴᠢᠨᠠᠭᠰᠢᠯᠠᠪᠠᠯ ᠨᠡᠭᠦᠳᠡᠯᠯᠡᠨ ᠮᠠᠯᠵᠢᠵᠤ ᠶᠠᠪᠤᠬᠤ ᠳᠤ ᠲᠤᠬᠢᠷᠠᠮᠵᠢᠲᠠᠢ ᠤᠷᠤᠨ ᠰᠠᠭᠤᠴᠠ ᠪᠡᠯᠡᠳᠭᠡᠬᠦ ᠶᠢ ᠪᠠᠰᠠ ᠴᠢᠬᠤᠯᠠ ᠠᠰᠠᠭᠤᠳᠠᠯ ᠪᠤᠯᠭᠠᠨ ᠦᠵᠡᠬᠦ ᠪᠤᠯᠪᠠ᠃          ᠤᠴᠢᠷ ᠨᠢ᠂ ᠲᠤᠬᠠᠢ ᠦᠶ᠎ᠡ ᠬᠡᠷᠡᠭᠯᠡᠵᠦ ᠪᠠᠶᠢᠭᠰᠠᠨ ︽ᠤᠪᠤᠬᠠᠢ︾᠂ ︽ᠱᠤᠪᠤᠬᠠᠢ︾ ᠬᠡᠮᠡᠬᠦ ᠡᠨᠡ ᠬᠦ ᠤᠷᠤᠨ ᠰᠠᠭᠤᠴᠠ ᠨᠢ ᠪᠤᠰᠬᠠᠵᠤ ᠪᠠᠭᠤᠯᠭᠠᠬᠤ᠂   ᠠᠴᠢᠵᠤ ᠶᠠᠪᠤᠬᠤ ᠳᠤ ᠳᠦᠭᠦᠮ ᠲᠦᠳᠡ ᠳᠠᠪᠠᠭᠤᠯᠢᠭ ᠲᠠᠯ᠎ᠠ ᠲᠠᠢ ᠪᠠᠶᠢᠭᠰᠠᠨ ᠴᠦ᠂ ᠤᠷᠤᠨ ᠪᠦᠰᠡ ᠪᠠᠶᠢᠭᠠᠯᠢ ᠶᠢᠨ ᠠᠭᠤᠷ ᠠᠮᠢᠰᠬᠤᠯ ᠤᠨ ᠤᠨᠴᠠᠯᠢᠭ ᠯᠤᠭ᠎ᠠ ᠰᠠᠶᠢᠨ ᠵᠤᠬᠢᠴᠠᠯᠳᠤᠬᠤ ᠦᠭᠡᠢ ᠪᠠᠶᠢᠵᠤ ︽ᠴᠠᠰᠤ ᠰᠢᠭᠤᠷᠭᠠᠨ ᠰᠠᠯᠬᠢᠨ ᠪᠤᠷᠤᠭᠠᠨ ᠬᠢᠯᠪᠠᠷᠬᠠᠨ ᠨᠡᠪᠲᠡᠷᠡᠬᠦ ᠮᠦᠷᠲᠡᠭᠡᠨ ᠬᠦᠮᠦᠰ ᠤᠨ ᠪᠤᠰᠴᠤ ᠰᠠᠭᠤᠬᠤ ᠳᠤ ᠳᠦᠭᠦᠮ ᠦᠭᠡᠢ︾ ᠵᠡᠷᠭᠡ ᠲᠤᠲᠠᠭᠳᠠᠯ ᠲᠠᠢ ᠲᠠᠯ᠎ᠠ ᠤᠷᠤᠰᠢᠵᠤ ᠪᠠᠶᠢᠪᠠ᠃ ᠨᠦᠬᠡᠨ ᠭᠡᠷ ᠨᠢ ᠤᠷᠤᠨ ᠪᠦᠰᠡ ᠶᠢᠨ ᠠᠭᠤᠷ ᠠᠮᠢᠰᠬᠤᠯ ᠳᠤ ᠪᠠᠨ ᠵᠤᠬᠢᠴᠠᠯᠳᠤᠵᠤ ︽ᠴᠠᠰᠤ ᠰᠢᠭᠤᠷᠭᠠᠨ᠂ ᠰᠠᠯᠬᠢ ᠪᠤᠷᠤᠭᠠᠨ︾ ᠬᠢᠯᠪᠠᠷᠬᠠᠨ ᠨᠡᠪᠲᠡᠷᠡᠬᠦ ᠦᠭᠡᠢ᠂ ᠳᠤᠯᠠᠭᠠᠨ ᠪᠦᠯᠢᠶᠡᠨ ᠢ ᠬᠠᠮᠠᠭᠠᠯᠠᠵᠤ ᠴᠢᠳᠠᠬᠤ᠂ ︽ᠬᠦᠮᠦᠰ ᠤᠨ ᠪᠤᠰᠴᠤ ᠰᠠᠭᠤᠬᠤ ᠎ ᠳᠤ ᠳᠦᠭᠦᠮ︾ ᠲᠦᠳᠡ ᠵᠡᠷᠭᠡ ᠳᠠᠪᠠᠭᠤᠯᠢᠭ ᠲᠠᠯ᠎ᠠ ᠲᠠᠢ ᠪᠠᠶᠢᠭᠰᠠᠨ ᠴᠦ ᠨᠡᠭᠦᠳᠡᠯ ᠠᠮᠢᠳᠤᠷᠠᠯ ᠳᠤ ᠵᠤᠬᠢᠴᠠᠯ ᠢᠶᠠᠷ ᠠᠨᠠᠶᠢᠬᠠᠨ ᠪᠠᠶᠢᠯ᠎ᠠ᠃          ᠡᠶᠢᠮᠦ ᠠᠴᠠ ᠲᠤᠬᠠᠢ ᠦᠶ᠎ᠡ ᠳᠤ ᠮᠤᠩᠭᠤᠯ ᠤᠨ ᠦᠨᠳᠦᠷᠯᠢᠭ ᠲᠤ ᠠᠮᠢᠳᠤᠷᠠᠵᠤ ᠪᠠᠶᠢᠭᠰᠠᠨ ᠮᠤᠩᠭᠤᠯᠴᠤᠳ ᠤᠨ ᠳᠡᠭᠡᠳᠦᠰ ᠢ ᠪᠠᠭᠲᠠᠭᠠᠭᠰᠠᠨ ᠤᠯᠠᠨ ᠤᠭᠰᠠᠭ᠎ᠠ ᠠᠶᠢᠮᠠᠭ ᠤᠨ ᠬᠦᠮᠦᠰ ᠨᠢ᠂ ᠤᠤᠯ ᠤᠨ ᠤᠪᠤᠬᠠᠢ᠂ ᠱᠤᠪᠤᠬᠠᠢ ᠤᠷᠤᠨ ᠰᠠᠭᠤᠴᠠ ᠪᠠᠨ ᠠᠮᠢᠳᠤᠷᠠᠯ ᠠᠬᠤᠢ ᠳᠤ ᠪᠠᠨ ᠵᠤᠬᠢᠴᠠᠭᠤᠯᠤᠨ ᠠᠬᠢᠨ ᠳᠠᠬᠢᠨ ᠬᠠᠯᠠᠨ ᠰᠢᠨᠡᠴᠢᠯᠡᠭᠰᠡᠭᠡᠷ ᠪᠠᠶᠢᠵᠤ᠂ ᠲᠤᠭᠤᠨᠤ᠂ ᠤᠨᠢ᠂ ᠪᠦᠷᠢᠶᠡᠰᠦ ᠭᠤᠷᠪᠠ ᠪᠠᠷ ᠪᠦᠷᠢᠯᠳᠦᠭᠰᠡᠨ ᠰᠢᠨ᠎ᠡ ᠤᠷᠤᠨ ᠰᠠᠭᠤᠴᠠ ᠪᠤᠯᠭᠠᠨ ᠦᠭᠡᠷᠡᠴᠢᠯᠡᠪᠡ᠃ ᠡᠨᠡ ᠬᠦ ᠤᠷᠤᠨ ᠰᠠᠭᠤᠴᠠ ᠪᠠᠨ ︽ᠴᠡᠭᠡᠵᠢᠨ ᠭᠡᠷ︾ ᠬᠡᠮᠡᠨ ᠨᠡᠷᠡᠯᠡᠭᠰᠡᠨ ᠪᠠᠶᠢᠪᠠ᠃ ᠴᠡᠭᠡᠵᠢᠨ ᠭᠡᠷ ᠢᠶᠠᠨ ᠳᠠᠬᠢᠨ ᠵᠠᠰᠠᠨ ᠰᠢᠨᠡᠴᠢᠯᠡᠵᠦ ᠬᠠᠭᠠᠯᠭ᠎ᠠ᠂ ᠬᠠᠨ᠎ᠠ ᠲᠠᠢ ᠰᠢᠨ᠎ᠡ ᠬᠡᠯᠪᠡᠷᠢ ᠶᠢᠨ ᠤᠷᠤᠨ ᠰᠠᠭᠤᠴᠠ ᠪᠤᠯᠭᠠᠨ ᠪᠦᠲᠦᠭᠡᠪᠡ᠃           ᠡᠨᠡ ᠬᠦ ᠰᠢᠨ᠎ᠡ ᠬᠡᠯᠪᠡᠷᠢ ᠶᠢᠨ ᠤᠷᠤᠨ ᠰᠠᠭᠤᠴᠠ ᠨᠢ ᠳᠠᠷᠤᠢ ︽ᠮᠤᠩᠭᠤᠯ ᠭᠡᠷ︾᠎ ᠤᠨ ᠠᠩᠬ᠎ᠠ ᠡᠭᠦᠰᠦᠯ ᠪᠤᠯᠤᠭᠰᠠᠨ ᠪᠠᠶᠢᠭ᠎ᠠ᠃ ᠠᠩᠬᠠᠨ ᠤ ᠮᠤᠩᠭᠤᠯ ᠭᠡᠷ ᠤᠨ ᠡᠭᠦᠰᠦᠭᠰᠡᠨ ᠴᠠᠭ ᠦᠶ᠎ᠡ ᠨᠢ ᠤᠳᠤ ᠠᠴᠠ ᠪᠠᠷᠤᠭ 3 ᠮᠢᠩᠭ᠎ᠠ ᠠᠴᠠ ᠬᠤᠶᠠᠷ ᠮᠢᠩᠭ᠎ᠠ ᠲᠠᠪᠤᠨ ᠵᠠᠭᠤᠨ ᠵᠢᠯ ᠤᠨ ᠡᠮᠦᠨᠡᠬᠢ ᠤᠴᠢᠷ ᠪᠤᠯᠬᠤ ᠲᠦᠯᠦᠪᠲᠡᠢ᠃     ᠮᠤᠩᠭᠤᠯ ᠭᠡᠷ ᠨᠢ᠂ ᠮᠡᠨᠳᠦᠯᠡᠭᠰᠡᠨ ᠴᠠᠭ ᠮᠦᠴᠡ ᠠᠴᠠ ᠪᠠᠨ ᠡᠬᠢᠯᠡᠭᠡᠳ ᠦᠨᠦᠳᠦᠷ ᠪᠤᠯᠵᠤ ᠢᠷᠡᠲᠡᠯ᠎ᠡ ᠲᠡᠦᠬᠡ ᠶᠢᠨ ᠬᠤᠪᠢᠷᠠᠯᠲᠠ ᠬᠦᠭᠵᠢᠯᠲᠡ ᠶᠢᠨ ᠤᠷᠲᠤ ᠬᠤᠭᠤᠴᠠᠭᠠᠨ ᠳᠤ ᠬᠡᠷᠡᠭᠯᠡᠭᠡᠨ ᠤ ᠪᠠ ᠭᠤᠸ᠎ᠠ ᠰᠠᠶᠢᠬᠠᠨ ᠤ ᠱᠠᠭᠠᠷᠳᠠᠯᠭ᠎ᠠ ᠎ ᠪᠠᠷ ᠪᠦᠲᠦᠴᠡ ᠨᠢ ᠲᠠᠰᠤᠷᠠᠯᠲᠠ ᠦᠭᠡᠢ ᠬᠤᠪᠢᠷᠠᠨ ᠰᠢᠨᠡᠴᠢᠯᠡᠭᠳᠡᠭᠰᠡᠭᠡᠷ ᠪᠠᠶᠢᠵᠤ᠂ ᠬᠡᠷᠡᠭᠯᠡᠭᠡᠨ ᠳᠤ ᠤᠯᠠᠮ ᠲᠤᠬᠢᠷᠠᠮᠵᠢᠲᠠᠢ᠂ ᠬᠡᠪ ᠶᠠᠩᠵᠤ ᠨᠢ ᠤᠯᠠᠮ ᠭᠤᠶᠤᠮᠰᠤᠭ ᠪᠤᠯᠵᠤ ᠢᠷᠡᠭᠰᠡᠨ ᠪᠠᠶᠢᠵᠠᠢ᠃ ᠵᠢᠱᠢᠶᠡᠯᠡᠪᠡᠯ᠂ ᠮᠤᠩᠭᠤᠯ ᠭᠡᠷ ᠤᠨ ︽ᠲᠤᠭᠤᠨᠤ︾᠎ ᠨᠢ᠂ ᠠᠩᠬ᠎ᠠ ᠡᠬᠢᠯᠡᠩᠭᠦᠲᠡ ᠪᠠᠨ ᠭᠡᠷ ᠤᠨ ᠤᠷᠤᠢ ᠳᠠᠬᠢ ᠤᠨᠢ ᠶᠢ ᠲᠤᠭᠲᠠᠭᠠᠳᠠᠭ ᠴᠠᠮᠠᠭ ᠎ ᠲᠠᠢ ᠳᠤᠭᠤᠢ ᠴᠠᠭᠠᠷᠢᠭ ︵ᠬᠦᠷᠢᠶ᠎ᠡ︶ ᠪᠠᠶᠢᠵᠠᠢ᠃ ᠤᠳᠤ ᠪᠤᠯᠵᠤ ᠢᠷᠡᠬᠦ ᠳᠤ ︽ᠲᠤᠭᠤᠨᠤ︾᠎ ᠨᠢ ᠰᠡᠷᠡᠯᠵᠢᠨ ᠲᠤᠭᠤᠨᠤ᠂ ᠬᠠᠳᠬᠤᠭᠤᠷ ᠲᠤᠭᠤᠨᠤ᠂ ᠬᠡᠯᠬᠢᠶ᠎ᠡ ᠲᠤᠭᠤᠨᠤ ᠭᠡᠬᠦ ᠮᠡᠲᠦ ᠶᠢᠨ ᠬᠡᠳᠦᠨ ᠶᠠᠩᠵᠤ ᠶᠢᠨ ᠪᠦᠲᠦᠴᠡ ᠲᠠᠢ ᠲᠤᠭᠤᠨᠤ ᠪᠤᠢ ᠪᠤᠯᠤᠭᠰᠠᠨ ᠪᠠᠶᠢᠳᠠᠭ ᠪᠦᠭᠡᠳ ᠬᠡᠳᠦᠨ ᠶᠠᠩᠵᠤ ᠶᠢᠨ ᠲᠤᠭᠤᠨᠤ ᠶᠢᠨ ᠪᠦᠲᠦᠴᠡ ᠨᠢ ᠴᠦ ᠬᠠᠷᠢᠯᠴᠠᠨ ᠠᠳᠠᠯᠢ ᠦᠭᠡᠢ᠃      ᠮᠤᠩᠭᠤᠯ ᠭᠡᠷ ᠤᠨ ᠪᠦᠷᠢᠶᠡᠰᠦ ᠨᠢ᠂ ᠾᠦᠩᠨᠦ ᠶᠢᠨ ᠦᠶᠡᠰ ᠳᠠᠷᠤᠢ ᠢᠰᠡᠭᠡᠢ ᠪᠤᠯᠤᠭᠰᠠᠨ ᠪᠠᠶᠢᠯ᠎ᠠ ᠭᠡᠳᠡᠭ᠃ ᠡᠶᠢᠮᠦ ᠠᠴᠠ ᠲᠤᠬᠠᠢ ᠦᠶ᠎ᠡ ᠳᠤ ︽ ᠮᠤᠩᠭᠤᠯ ᠭᠡᠷ︾᠎ ᠢᠶᠠᠨ ᠪᠠᠰᠠ ︽ᠢᠰᠡᠭᠡᠢ ᠭᠡᠷ︾ ᠬᠡᠮᠡᠨ ᠨᠡᠷᠡᠶᠢᠳᠴᠦ ᠪᠠᠶᠢᠭᠰᠠᠨ ᠭᠡᠳᠡᠭ᠂ ᠤᠳᠤ ᠪᠤᠯᠬᠤ ᠳᠤ ᠮᠤᠩᠭᠤᠯ ᠭᠡᠷ ᠨᠢ ᠢᠰᠡᠭᠡᠢ ᠪᠦᠷᠢᠶᠡᠰᠦ᠂ ᠬᠤᠯᠤᠰᠤᠨ ᠪᠦᠷᠢᠶᠡᠰᠦ᠂ ᠳᠡᠷᠡᠰᠦᠨ ᠪᠦᠷᠢᠶᠡᠰᠦ᠂ ᠪᠦᠰᠡ ᠪᠦᠷᠢᠶᠡᠰᠤ᠂ ᠰᠦᠯᠢᠶᠥᠦ ᠪᠦᠷᠢᠶᠡᠰᠦ  ᠁ ᠭᠡᠬᠦ ᠮᠡᠲᠦ ᠶᠢᠨ ᠤᠯᠠᠨ ᠶᠠᠩᠵᠤ ᠶᠢᠨ ᠪᠦᠷᠢᠶᠡᠰᠦ ᠎ ᠶᠢ ᠬᠡᠷᠡᠭᠯᠡᠬᠦ ᠪᠤᠯᠤᠭᠰᠠᠨ ᠪᠠᠶᠢᠳᠠᠭ᠃     ᠮᠤᠩᠭᠤᠯ ᠭᠡᠷ ᠨᠢ ᠡᠷᠲᠡ ᠦᠶ᠎ᠡ ᠳᠤ ᠢᠰᠡᠭᠡᠢ ᠡᠭᠦᠳᠡ ᠲᠠᠢ ᠪᠠᠶᠢᠭᠰᠠᠨ ᠢᠶᠠᠨ ᠬᠤᠵᠢᠮ ᠨᠢ ᠪᠤᠯᠵᠤ ᠢᠷᠡᠭᠡᠳ ᠳᠠᠯᠠᠪᠴᠢᠨ ᠬᠠᠭᠠᠯᠭ᠎ᠠ᠂ ᠳᠦᠯᠢ ᠬᠠᠭᠠᠯᠭ᠎ᠠ᠂ ᠰᠠᠯᠬᠢᠨ ᠬᠠᠭᠠᠯᠭ᠎ᠠ᠂᠂᠂ ᠭᠡᠬᠦ ᠮᠡᠲᠦ ᠶᠢᠨ ᠬᠡᠳᠦᠨ ᠶᠠᠩᠵᠤ ᠶᠢᠨ ᠡᠭᠦᠳᠡ ᠬᠠᠭᠠᠯᠭ᠎ᠠ ᠲᠠᠢ ᠪᠤᠯᠤᠭᠰᠠᠨ ᠪᠠᠶᠢᠵᠠᠢ᠃           ᠮᠤᠩᠭᠤᠯ ᠭᠡᠷ ᠨᠢ ᠠᠩᠬ᠎ᠠ ᠡᠬᠢᠯᠡᠩᠭᠦᠲᠡ ᠬᠦᠯᠲᠦᠷᠭᠡ ᠦᠭᠡᠢ ᠪᠠᠶᠢᠭᠰᠠᠨ ᠢᠶᠠᠨ ᠬᠤᠵᠢᠮ ᠨᠢ ᠳᠡᠭᠡᠪᠦᠷ ᠤᠨ ᠬᠡᠰᠡᠭ ᠢᠶᠠᠨ ᠪᠠᠬᠢᠯᠡᠵᠦ ᠬᠠᠮᠠᠭᠠᠯᠠᠬᠤ ᠶᠢᠨ ᠲᠦᠯᠦᠭᠡ ᠬᠦᠯᠲᠦᠷᠭᠡ ᠶᠢ ᠵᠤᠬᠢᠶᠠᠵᠤ᠂ ᠬᠦᠯᠲᠦᠷᠭᠡ ᠪᠠᠨ ᠪᠠᠰᠠ ᠭᠤᠶᠤᠯᠠᠵᠤ ᠴᠢᠮᠡᠭᠯᠡᠨ ᠬᠢᠬᠦ ᠪᠤᠯᠤᠭᠰᠠᠨ ᠠᠴᠠ ᠮᠤᠩᠭᠤᠯ ᠭᠡᠷ ᠢᠶᠠᠨ ᠤᠯᠠᠮ ᠭᠤᠶᠤᠮᠰᠤᠭ ᠰᠦᠷᠯᠢᠭ ᠰᠠᠶᠢᠬᠠᠨ ᠪᠤᠯᠭᠠᠭᠰᠠᠨ ᠪᠠᠶᠢᠵᠠᠢ᠃           ︽ᠨᠤᠮ︾᠎ ᠳᠤ ᠲᠡᠮᠳᠡᠭᠯᠡᠵᠦ ᠪᠠᠶᠢᠬᠤ ᠠᠴᠠ ᠦᠵᠡᠪᠡᠯ᠂ ᠮᠤᠩᠭᠤᠯᠴᠤᠳ ᠮᠠᠨᠢ ᠡᠷᠲᠡ ᠦᠶ᠎ᠡ ᠠᠴᠠ ᠲᠤᠭᠤᠨᠤ ᠎ ᠲᠠᠢ ᠤᠷᠤᠨ ᠰᠠᠭᠤᠴᠠ ᠪᠠᠨ ︽ᠭᠡᠷ︾ ᠬᠡᠮᠡᠨ ᠨᠡᠷᠡᠯᠡᠵᠦ᠂ ᠲᠤᠭᠤᠨᠤ ᠦᠭᠡᠢ ᠤᠷᠤᠨ ᠰᠠᠭᠤᠴᠠ ᠪᠠᠨ ᠲᠤᠰ ᠲᠤᠰ ᠤᠨ ᠬᠢᠨᠢ ᠬᠡᠯᠪᠡᠷᠢ ᠤᠨᠴᠠᠯᠢᠭ ᠢᠶᠠᠷ ᠨᠢ ᠨᠡᠷᠡᠶᠢᠳᠳᠡᠭ ᠵᠠᠩᠰᠢᠯ ᠲᠠᠢ ᠪᠠᠶᠢᠪᠠ᠃            ᠵᠢᠱᠢᠶᠡᠯᠡᠪᠡᠯ᠂ ᠡᠷᠲᠡ ᠦᠶ᠎ᠡ ᠳᠤ ︽ᠭᠡᠷ︾ ᠭᠡᠪᠡᠯ ︽ᠮᠤᠩᠭᠤᠯ ᠭᠡᠷ︾᠎ ᠢ ᠬᠡᠯᠡᠵᠦ ︽ᠪᠠᠶᠢᠰᠢᠩ︾ ᠭᠡᠪᠡᠯ ︽ᠪᠠᠶᠢᠰᠢᠩ ᠭᠡᠷ︾᠎ ᠢ ᠬᠡᠯᠡᠳᠡᠭ ᠪᠠᠶᠢᠵᠠᠢ᠃               ︽ᠤᠪᠤᠬᠠᠢ︾᠎ ᠪᠠᠨ ᠲᠤᠭᠤᠨᠤ ᠲᠠᠢ ᠪᠤᠯᠭᠠᠨ ᠦᠭᠡᠷᠡᠴᠢᠯᠡᠭᠰᠡᠨ ᠤᠷᠤᠨ ᠰᠠᠭᠤᠴᠠ ᠪᠠᠨ ︽ᠴᠡᠭᠡᠵᠢᠨ ᠭᠡᠷ︾ ᠬᠡᠮᠡᠨ ᠨᠡᠷᠡᠶᠢᠳᠪᠡ᠃ ᠲᠤᠭᠤᠨᠤ ᠦᠭᠡᠢ ᠤᠷᠤᠨ ᠰᠠᠭᠤᠴᠠ ᠶᠢ ᠪᠠᠨ ︽ᠤᠪᠤᠬᠠᠢ︾᠂ ︽ᠱᠤᠪᠤᠬᠠᠢ︾ ᠭᠡᠬᠦ ᠮᠡᠲᠦ ᠎ ᠪᠠᠷ ᠬᠡᠯᠪᠡᠷᠢ ᠤᠨᠴᠠᠯᠢᠭ ᠢᠶᠠᠷ ᠨᠢ ᠨᠡᠷᠡᠶᠢᠳᠳᠡᠭ ᠪᠠᠶᠢᠵᠠᠢ᠃      ᠾᠦᠩᠨᠦ ᠶᠢᠨ ᠰᠡᠭᠦᠯᠴᠢ ᠦᠶ᠎ᠡ ᠪᠠᠷ ᠮᠠᠨᠵᠤᠴᠤᠳ ᠨᠢ ᠮᠤᠩᠭᠤᠯᠴᠤᠳ ᠤᠨ ︽ᠭᠡᠷ︾᠎ ᠢ ᠦᠪᠡᠷ ᠤᠨ ᠬᠡᠯᠡ ᠪᠠᠷ ᠢᠶᠠᠨ ᠮᠧᠩ ᠭᠦ᠋ ᠪᠦᠸᠧ ︽蒙古 博︾ ᠬᠡᠮᠡᠨ ᠨᠡᠷᠡᠶᠢᠳᠴᠦ ᠪᠠᠶᠢᠵᠠᠢ᠃ ᠬᠢᠲᠠᠳᠴᠤᠳ ᠨᠢ ᠮᠤᠩᠭᠤᠯᠴᠤᠳ ᠤᠨ ︽ᠭᠡᠷ︾᠎ ᠢ ᠦᠪᠡᠷ ᠤᠨ ᠬᠡᠯᠡ ᠎ ᠪᠠᠷ ᠢᠶᠠᠨ ︽ᠮᠧᠩ ᠭᠦ᠋ ᠪᠤᠤ                   ︵蒙古包︶︾ ᠬᠡᠮᠡᠨ ᠬᠡᠯᠡᠳᠡᠭ᠃          ᠬᠠᠷᠢ ᠬᠡᠯᠡᠨ ᠤ ᠡᠨᠡ ᠬᠦ ᠬᠡᠯᠡᠯᠭᠡ ᠨᠦᠭᠦᠳ ᠢ ᠮᠤᠩᠭᠤᠯᠴᠢᠯᠠᠪᠠᠯ ᠳᠠᠷᠤᠢ ︽ᠮᠤᠩᠭᠤᠯ ᠭᠡᠷ︾ ᠭᠡᠰᠡᠨ ᠨᠡᠷᠡᠶᠢᠳᠦᠯ ᠪᠢᠯᠡ᠃ ᠬᠤᠵᠢᠮ ᠨᠢ ᠮᠤᠩᠭᠤᠯᠴᠤᠳ ᠮᠠᠨᠢ ᠡᠨᠡ ᠬᠦ ᠬᠠᠷᠢ ᠭᠠᠷᠤᠯ ᠲᠠᠢ ︽ᠮᠤᠩᠭᠤᠯ ᠭᠡᠷ︾ ᠭᠡᠰᠡᠨ ᠨᠡᠷᠡᠶᠢᠳᠦᠯ ᠢ ᠵᠢᠭᠡᠯᠡᠨ ᠬᠡᠷᠡᠭᠯᠡᠬᠦ ᠪᠤᠯᠤᠭᠰᠠᠨ ᠠᠴᠠ ᠤᠤᠯ ᠤᠨ ︽ᠭᠡᠷ︾ ᠭᠡᠰᠡᠨ ᠬᠡᠯᠡᠯᠭᠡ ᠨᠢ ᠤᠷᠬᠢᠭᠳᠠᠬᠤ ᠪᠠᠶᠢᠳᠠᠯ ᠎ ᠳᠤ ᠤᠷᠤᠪᠠ᠃          ᠮᠤᠩᠭᠤᠯ ᠭᠡᠷ ᠤᠨ ᠡᠭᠦᠰᠦᠯ ᠬᠦᠭᠵᠢᠯ ᠨᠢ᠂ ᠮᠤᠩᠭᠤᠯᠴᠤᠳ ᠤᠨ ᠤᠷᠤᠨ ᠰᠠᠭᠤᠴᠠ ᠶᠢᠨ ᠠᠰᠠᠭᠤᠳᠠᠯ ᠢ ᠰᠢᠢᠳᠪᠦᠷᠢᠯᠡᠵᠦ᠂ ᠨᠡᠭᠦᠳᠡᠯᠯᠡᠨ ᠮᠠᠯᠵᠢᠬᠤ ᠠᠮᠢᠳᠤᠷᠠᠯ ᠳᠤᠨᠢ ᠲᠤᠰᠠ ᠳᠦᠭᠦᠮ ᠪᠤᠯᠪᠠ᠃ ᠨᠡᠩ ᠴᠢᠬᠤᠯᠠ ᠪᠤᠯᠬᠤ ᠨᠢ ᠮᠤᠩᠭᠤᠯᠴᠤᠳ ᠤᠨ ᠨᠡᠭᠦᠳᠡᠯ ᠮᠠᠯᠵᠢᠯ ᠰᠤᠶᠤᠯ ᠤᠨ ᠡᠭᠦᠰᠦᠯ ᠬᠦᠭᠵᠢᠯ ᠳᠤ ᠲᠤᠩ ᠴᠢᠬᠤᠯᠠ ᠦᠢᠯᠡᠳᠦᠯ ᠦᠵᠡᠭᠦᠯᠦᠭᠰᠡᠨ ᠪᠠᠶᠢᠪᠠ᠃ ᠦᠭᠡᠷ᠎ᠡ ᠪᠠᠷ ᠬᠡᠯᠡᠪᠡᠯ᠂ ᠮᠤᠩᠭᠤᠯ ᠭᠡᠷ ᠤᠨ ᠡᠭᠦᠰᠦᠯ ᠬᠦᠭᠵᠢᠯ ᠨᠢ ᠮᠤᠩᠭᠤᠯᠴᠤᠳ ᠤᠨ ︽ᠪᠠᠶᠢᠭᠠᠯᠢ᠂ ᠬᠦᠮᠦᠨ᠂ ᠮᠠᠯ︾᠎ ᠤᠨ ᠭᠤᠷᠪᠠᠯᠵᠢᠨ ᠬᠠᠷᠢᠴᠠᠭ᠎ᠠ ᠶᠢ ᠨᠡᠩ ᠵᠤᠬᠢᠴᠠᠩᠭᠤᠢ ᠰᠢᠢᠳᠪᠦᠷᠢᠯᠡᠬᠦ ᠳᠤ ᠴᠢᠬᠤᠯᠠ ᠶᠡᠭᠡ ᠦᠢᠯᠡᠳᠦᠯ ᠦᠵᠡᠭᠦᠯᠦᠭᠰᠡᠨ ᠪᠠᠶᠢᠳᠠᠭ᠃ ᠡᠭᠦᠨ ᠤ ᠬᠠᠮᠲᠤ ᠮᠤᠩᠭᠤᠯ ᠭᠡᠷ ᠤᠨ ᠡᠳ᠋ ᠤᠨ ᠪᠠ ᠤᠶᠤᠨ ᠤ ᠰᠤᠶᠤᠯ ᠴᠦ ᠡᠭᠦᠰᠴᠦ ᠬᠦᠭᠵᠢᠭᠰᠡᠨ ᠪᠠᠶᠢᠳᠠᠭ᠃          ᠮᠤᠩᠭᠤᠯᠴᠤᠳ ᠮᠠᠨᠢ᠂ ᠮᠤᠩᠭᠤᠯ ᠭᠡᠷ ᠤᠨ ᠢᠶᠠᠨ ᠰᠢᠨᠵᠢᠯᠡᠬᠦ ᠤᠬᠠᠭᠠᠨᠴᠢ ᠬᠢᠴᠡ᠂ ᠲᠡᠦᠬᠡᠨ ᠳᠤ ᠦᠵᠡᠭᠦᠯᠦᠭᠰᠡᠨ ᠦᠢᠯᠡᠳᠦᠯ ᠢ ᠨᠢ ᠲᠤᠳᠤᠷᠬᠠᠢ ᠲᠠᠨᠢᠵᠤ᠂ ᠤᠯᠠᠮᠵᠢᠯᠠᠨ ᠠᠪᠴᠤ ᠤᠯᠠᠮ ᠲᠡᠭᠦᠯᠳᠡᠷᠵᠢᠭᠦᠯᠦᠨ ᠬᠦᠭᠵᠢᠭᠦᠯᠵᠦ᠂ ᠬᠦᠮᠦᠨ ᠪᠤᠯᠤᠨ ᠪᠠᠶᠢᠭᠠᠯᠢ ᠶᠢᠨ ᠬᠤᠭᠤᠷᠤᠨᠳᠤᠬᠢ ᠬᠠᠷᠢᠴᠠᠭ᠎ᠠ ᠶᠢ ᠡᠶ᠎ᠡ ᠵᠤᠬᠢᠴᠠᠩᠭᠤᠢ ᠰᠢᠢᠳᠪᠦᠷᠢᠯᠡᠵᠦ ᠴᠢᠳᠠᠳᠠᠭ ᠦᠢᠯᠡᠳᠦᠯ ᠢ ᠨᠢ ᠦᠷᠬᠦᠯᠵᠢᠯᠡᠨ ᠪᠠᠳᠠᠷᠠᠭᠤᠯᠬᠤ ᠪᠠᠷ ᠴᠢᠷᠮᠠᠶᠢᠵᠠᠭᠠᠶ᠎ᠠ᠃               ᠵᠡᠭᠦᠯᠲᠡ᠄  ①᠂ ③᠂ ③ ︵ᠫ᠊᠂ ᠳᠤᠭᠠᠷ ᠤᠨ ᠡᠷᠬᠢᠯᠡᠨ ᠨᠠᠶᠢᠷᠠᠭᠤᠯᠤᠭᠰᠠᠨ ︽ᠮᠤᠩᠭᠤᠯ ᠭᠡᠷ ᠤᠨ ᠰᠤᠶᠤᠯ︾︶᠂ 5᠂ 7᠂ 11  ᠳ᠋ᠦ᠋ᠭᠡᠷ ᠨᠢᠭᠤᠷ ᠲᠤ︔ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ︔ 1996 ᠤᠨ ᠤ ᠬᠡᠪᠯᠡᠯ   
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2