ᠴᠠᠬᠠᠷ ᠠᠶᠢᠮᠠᠭ ᠤᠨ ᠪᠦᠷᠢᠯᠳᠦᠯ ᠬᠦᠭᠵᠢᠯ ᠤᠨ ᠲᠤᠪᠴᠢ ᠲᠡᠦᠬᠡ
ᠨᠡᠶᠢᠲᠡᠯᠡᠭᠰᠡᠨ ᠴᠠᠭ᠄
2020/9/21
         ᠴᠠᠬᠠᠷ ᠪᠤᠯ ᠮᠣᠩᠭᠤᠯ ᠤᠨ ᠲᠡᠦᠭᠡᠨ ᠳᠠᠬᠢ ᠭᠤᠤᠯᠯᠠᠬᠤ ᠭᠡᠳᠦᠨ ᠠᠶᠢᠮᠠᠭ ᠣᠭᠰᠠᠭᠠᠳᠠᠨ ᠤ ᠨᠢᠭᠡ ᠪᠤᠯᠤᠨ᠎ᠠ᠃  ᠲᠡᠷᠠ ᠨᠢ ᠮᠣᠩᠭᠤᠯ ᠤᠨ ᠶᠡᠭᠡ ᠲᠦᠷᠦ ᠠᠴᠠ ᠡᠬᠢᠯᠡᠭᠡᠳ ᠲᠦᠷᠦ ᠬᠦᠷᠦᠨ ᠤ ᠮᠠᠨᠳᠤᠯ ᠬᠦᠭᠵᠢᠯ ᠲᠠᠢ ᠰᠢᠭᠤᠳ ᠬᠤᠯᠪᠤᠭᠳᠠᠬᠤ ᠴᠢᠬᠤᠯᠠ ᠪᠠᠶᠢᠷᠢᠨ ᠳᠤ ᠪᠠᠶᠢᠭᠰᠠᠭᠠᠷ ᠢᠷᠡᠭᠰᠡᠨ ᠪᠦᠭᠡᠳ ᠰᠡᠬᠦᠯᠴᠢ ᠶᠢᠨ ᠦᠶ᠎ᠡ ᠶᠢᠨ ᠮᠠᠨᠵᠦ ᠴᠢᠩ ᠤᠨ ᠦᠶ᠎ᠡ ᠳᠤ ᠴᠤ ᠬᠡᠰᠡᠨ ᠮᠣᠩᠭᠤᠯ ᠭᠠᠵᠠᠷ ᠪᠠ ᠮᠣᠩᠭᠤᠯ ᠣᠭᠰᠠᠭᠠᠳᠠᠨ ᠢ ᠨᠤᠶᠠᠷᠬᠠᠨ ᠵᠠᠬᠢᠷᠬᠤ ᠭᠤᠤᠯᠳᠠᠯᠭ᠎ᠠ ᠪᠤᠯᠵᠤ ᠪᠠᠶᠢᠭᠰᠠᠨ ᠶᠤᠮ᠃ ᠲᠡᠭᠡᠪᠡᠯ ᠴᠠᠬᠠᠷ ᠠᠶᠢᠮᠠᠭ ᠨᠢ ᠬᠡᠷᠬᠢᠨ ᠪᠦᠷᠢᠯᠳᠦᠨ ᠬᠦᠭᠵᠢᠭᠰᠡᠨ ᠪᠤᠢ︖ ᠲᠡᠷᠡ ᠨᠢ ᠣᠳᠤ ᠶᠢᠨ ᠴᠠᠠᠬᠷ ᠲᠠᠢ ᠶᠠᠮᠠᠷ ᠢᠯᠭᠠᠭ᠎ᠠ ᠪᠠ ᠬᠤᠯᠪᠤᠭ᠎ᠠ ᠲᠠᠢ ᠪᠤᠢ︖  ᠶᠠᠭᠤᠨ ᠤ ᠣᠷᠢᠳ ︽ ᠴᠠᠬᠠᠷ︾ ᠭᠡᠬᠦ ᠨᠡᠷᠡᠶᠢᠳᠦᠯ ᠤᠨ ᠲᠤᠬᠠᠢ ᠦᠵᠡᠶ᠎ᠡ᠃  ︽ ᠴᠠᠬᠠᠷ︾ ᠭᠡᠳᠡᠭ ᠤᠨ ᠲᠤᠬᠠᠢ ᠡᠷᠳᠡᠮᠳᠡᠳ ᠠᠳᠠᠯᠢ ᠪᠤᠰᠤ ᠶᠢᠨ ᠦᠵᠡᠯᠳᠡ ᠲᠠᠢ᠃  ᠵᠠᠷᠢᠮ ᠨᠢ ︽ᠴᠠᠬᠠᠷ︾ ᠭᠡᠳᠡᠭ ᠦᠭᠡ ᠪᠤᠯ ︽ᠬᠡᠦᠭᠡᠳ︾ ᠭᠡᠬᠦ ᠦᠭᠡ ᠶᠢᠨ ᠣᠯᠠᠨ ᠲᠤᠭᠠᠨ ᠤ ᠣᠳᠬ᠎ᠠ ᠲᠠᠢ ᠲᠦᠷᠺ ᠬᠡᠯᠡᠨ ᠠᠴᠠ ᠢᠷᠡᠯᠳᠡᠢ [1 ] ᠭᠡᠵᠦ ᠪᠤᠢ  ᠃ ᠵᠠᠷᠢᠮ ᠨᠢ ︽ᠵᠠᠬ᠎ᠠ ᠪᠠᠷ︾᠂ ︽ᠵᠠᠬ᠎ᠠ+ ‍ᠷ︾᠂ ︽ᠵᠠᠬ᠎ᠠ‌ᠦᠷ᠎ᠡ︾᠂ ︽ᠴᠠᠭᠠᠨ ᠨᠠᠭᠤᠷ︾᠂ ︽ ᠴᠠᠭᠠᠨ ᠲᠠᠲ᠋ᠠᠷ︾ ᠭᠡᠬᠦ ᠮᠡᠳᠦ ᠶᠢᠨ ᠦᠭᠡᠨ ᠠᠴᠠ  ᠪᠦᠷᠢᠯᠳᠦᠨ ᠲᠤᠭᠳᠠᠵᠠᠢ [ 2 ] ᠭᠡᠵᠦ ᠪᠤᠢ᠃ ᠪᠠᠰᠠ ᠵᠠᠷᠢᠮ ᠨᠢ  ︽ᠬᠡᠷ ᠤᠨ ᠬᠦᠮᠦᠨ︾᠂ ︽ᠪᠣᠭᠤᠯ ᠵᠠᠷᠤᠴᠠ︾᠂ ︽ᠣᠷᠳᠤᠨ ᠢ ᠬᠠᠮᠠᠭᠠᠯᠠᠭᠴᠢ ᠰᠢᠳᠠᠷ ᠴᠡᠷᠢᠭ︾ᠭᠡᠬᠦ ᠤᠳᠬ᠎ᠠ ᠲᠠᠢ ᠫᠧᠷᠰ ᠬᠡᠯᠡᠨ ᠤ ᠦᠭᠡ [3 ] ᠭᠡᠵᠦ ᠪᠤᠢ᠃  ᠣᠯᠠᠩᠬᠢ ᠡᠷᠳᠡᠮᠳᠡᠳ ᠰᠡᠬᠦᠯ ᠤᠨ ᠦᠵᠡᠯᠳᠡ ᠶᠢ ᠵᠦᠪᠰᠢᠶᠡᠷᠡᠵᠦ ᠪᠠᠶᠢᠬᠤ ᠪᠦᠭᠡᠳ  ᠴᠠᠬᠠᠷ ᠭᠡᠳᠡᠭ ᠪᠤᠯ ᠠᠩᠬ᠎ᠠ ᠡᠬᠢᠯᠡᠬᠦ ᠳᠡᠭᠡᠨ ︽ᠭᠡᠷ ᠤᠨ ᠪᠤᠭᠤᠯ ᠵᠠᠷᠤᠴᠠ︾ ᠪᠤᠶᠤ ︽ᠬᠠᠭᠠᠨ ᠣᠷᠳᠤᠨ ᠢ ᠬᠠᠮᠠᠭᠠᠯᠠᠳᠠᠭ ᠴᠡᠷᠢᠭ︾ ᠭᠡᠬᠦ ᠮᠡᠳᠦ  ᠲᠤᠬᠠᠶᠢᠯᠠᠭᠰᠠᠨ ᠠᠵᠢᠯ ᠲᠦᠷᠦᠯ ᠤᠨ ᠨᠡᠷᠡᠶᠢᠳᠦᠯ ᠪᠠᠶᠢᠭᠰᠠᠨ ᠠᠴᠠ ᠪᠠᠨ ᠬᠤᠵᠢᠮ ᠨᠢ ᠨᠡᠶᠢᠭᠡᠮ ᠤᠨ ᠬᠦᠭᠵᠢᠯ ᠤᠨ ᠶᠠᠪᠤᠴᠠ ᠳᠤ ᠡᠨᠡ ᠠᠵᠢᠯ ᠢ ᠬᠦᠢᠴᠡᠳᠭᠡᠳᠡᠭ ᠬᠦᠮᠦᠰ ᠲᠠᠰᠤᠷᠠᠯᠳᠠ ᠦᠭᠡᠢ ᠣᠯᠠᠰᠢᠷᠠᠭᠠᠳ ᠠᠶᠢᠮᠠᠭ ᠪᠤᠯᠤᠨ ᠪᠦᠷᠢᠯᠳᠦᠵᠦ᠂ ᠣᠣᠯ ‍ᠤᠨ‌ᠠᠵᠢᠯ ᠲᠦᠷᠦᠯ ᠤᠨ ᠨᠡᠷᠡᠶᠢᠳᠦᠯ ᠨᠢ ᠬᠠᠷᠢᠨ ᠣᠭᠰᠠᠭ᠎ᠠ‌ᠠᠶᠢᠮᠠᠭ ᠤᠨ ᠨᠡᠷᠡᠶᠢᠳᠦᠯ ᠪᠤᠯᠵᠠᠢ ᠭᠡᠵᠦ ᠪᠤᠢ᠃  ᠲᠡᠭᠡᠷᠡᠬᠢ ᠠᠴᠠ ᠦᠵᠡᠪᠡᠯ  ᠴᠠᠬᠠᠷ ᠭᠡᠬᠦ  ᠡᠨᠡ ᠨᠡᠷᠡᠶᠢᠳᠦᠯ ᠳᠤ  ᠲᠡᠬᠦᠨ ᠤ ᠪᠦᠷᠢᠯᠳᠦᠯ ᠬᠦᠭᠵᠢᠯ ᠤᠨ ᠣᠯᠠ ᠮᠦᠷ ᠨᠢᠭᠡ ᠬᠡᠮᠵᠢᠶᠡᠨ ᠳᠤ ᠲᠤᠰᠬᠠᠭᠳᠠᠵᠤ ᠪᠠᠶᠢᠨ᠎ᠠ᠃  ᠲᠤᠬᠠᠶᠢᠯᠠᠪᠠᠯ ᠭᠡᠷ ᠤᠨ ᠪᠤᠭᠤᠯ ᠪᠤᠶᠤ ᠣᠷᠳᠤᠨ ᠢ ᠬᠠᠮᠠᠭᠠᠯᠭᠴᠢ ᠰᠢᠳᠡᠷ ᠴᠡᠷᠢᠭ ᠪᠤᠯ ᠴᠠᠬᠠᠷ ᠢ ᠪᠦᠷᠢᠯᠳᠦᠬᠦᠯᠦᠭᠰᠡᠨ  ᠬᠠᠮᠤᠭ ᠠᠩᠬᠠᠨ ᠤ ᠬᠦᠮᠦᠰ  ᠪᠤᠯᠤᠨ᠎ᠠ᠃  ᠴᠠᠠᠬᠷ ᠠᠶᠢᠮᠠᠭ ᠤᠨ ᠵᠢᠩᠬᠢᠨᠢ ᠪᠦᠷᠢᠯᠳᠦᠭᠰᠡᠨ ᠴᠠᠭ ᠪᠠ ᠲᠡᠬᠦᠨ ᠤ ᠬᠠᠷᠢᠶᠠᠳᠤ ᠠᠷᠠᠳ ᠪᠤᠶᠤ ᠣᠭᠰᠠᠭ᠎ᠠ ᠠᠶᠢᠮᠠᠭ ᠤᠨ ᠲᠠᠯ᠎ᠠ ᠠᠴᠠ ᠦᠵᠡᠪᠡᠯ ᠴᠠᠠᠬᠷ ᠪᠤᠯ 13 ᠳ᠋ᠤᠭᠠᠷ ᠵᠠᠭᠤᠨ ᠤ ᠭᠤᠴᠢᠭᠠᠳ ᠣᠨ ᠤ ᠦᠶᠡᠰ ᠢᠶᠠᠷ ᠦᠭᠡᠳᠡᠢ ᠬᠠᠭᠠᠨ ᠠᠴᠠ ᠲᠡᠭᠦᠨ ᠤ ᠲᠡᠬᠦᠦ ᠪᠡᠷᠢ ᠰᠤᠷᠬᠠᠭᠳᠠᠨᠢ ᠪᠠᠬᠢ ᠳᠤ ᠬᠤᠪᠢᠯᠠᠨ ᠦᠭᠭᠦᠭᠰᠡᠨ ᠬᠠᠷᠢᠶᠠᠳᠤ ᠠᠷᠠᠳ ︿ᠨᠠᠢᠮᠠᠨ ᠣᠳᠤᠭ ᠴᠠᠬᠠᠷ﹀ ᠭᠡᠭᠴᠢ ᠠᠴᠠ ᠡᠬᠢᠯᠡᠨ ᠪᠦᠷᠢᠯᠳᠦᠵᠡᠢ [4 ]᠃ ᠡᠨᠡ ᠨᠠᠢᠮᠠᠨ ᠣᠳᠤᠭ ᠤᠨ ᠲᠤᠬᠠᠢ ︽ᠡᠷᠳᠡᠨᠢ ᠶᠢᠨ ᠲᠤᠪᠴᠢ︾᠂ ︽ ᠭᠠᠩᠭ᠎ᠠ ᠎ ᠶᠢᠨ ᠣᠷᠤᠰᠬᠠᠯ︾  ᠂ ︽ᠠᠯᠳᠠᠨ ᠬᠦᠷᠳᠦᠨ ᠮᠢᠩᠭᠠᠨ ᠬᠡᠬᠡᠰᠦᠳᠦ︾ ᠵᠡᠷᠭᠡ ᠴᠠᠠᠬᠷ ᠤᠨ ᠲᠡᠦᠬᠡ ᠶᠢ ᠨᠡᠯᠢᠶᠡᠳ ᠲᠤᠳᠤᠷᠬᠠᠢ ᠲᠡᠮᠳᠡᠭᠯᠡᠭᠰᠡᠨ ᠨᠣᠮ ᠰᠤᠳᠤᠷ ᠲᠤ ︽ᠬᠠᠭᠤᠴᠢᠳ᠂ ᠬᠡᠰᠢᠭᠳᠡᠨ᠂ ᠨᠠᠢᠮᠠᠨ ᠠᠤᠬᠠᠨ᠂ ᠠᠯᠬᠠᠴᠣᠳ᠂ ᠬᠡᠮᠵᠢᠭᠦᠳ᠂ ᠬᠤᠯᠠᠪᠠᠳ᠂ ᠵᠠᠭᠤᠳ᠂ ᠲᠠᠲ᠋ᠠᠷ ︵ ᠪᠤᠶᠤ ᠴᠠᠭᠠᠨ ᠲᠠᠲ᠋ᠠᠷ︶ ᠵᠡᠷᠭᠡ ᠪᠤᠯ ᠴᠠᠠᠬᠷ ᠤᠨ ᠠᠩᠬᠠᠨ ᠤ ᠪᠦᠷᠢᠯᠳᠦᠬᠦᠨ ᠪᠤᠯᠬᠤ ᠨᠠᠢᠮᠠᠨ ᠣᠳᠤᠭ ᠪᠤᠯᠤᠨ᠎ᠠ︾ [ 5 ]  ᠭᠡᠵᠠᠢ᠃          ᠴᠠᠠᠬᠷ ᠤᠨ ᠣᠣᠭᠠᠯ ᠣᠳᠤᠭ ᠬᠠᠮᠤᠭ ᠡᠬᠢᠨ ᠳᠡᠭᠡᠨ ᠭᠤᠪᠢ ᠶᠢᠨ ᠠᠷᠤ ᠳᠠᠬᠢ ᠬᠡᠷᠦᠯᠦᠨ ᠭᠤᠤᠯ ᠤᠨ ᠣᠷᠤᠰᠬᠠᠯ ᠲᠠᠭᠠᠤ ᠪᠠᠶᠢᠪᠠ᠃ 16 ᠳ᠋ᠤᠭᠠᠷ ᠵᠠᠭᠤᠨ ᠤ ᠬᠤᠷᠢᠭᠠᠳ ᠣᠨ ᠤ ᠦᠶ᠎ᠡ ᠪᠠᠷ ᠪᠤᠳᠢ ᠠᠯᠠᠭ ᠬᠠᠭᠠᠨ ᠦᠪᠡᠷ ᠤᠨ ᠨᠤᠶᠠᠷᠬᠠᠯ ᠤᠨ ᠲᠦᠪ ᠢᠶᠠᠨ ᠭᠤᠪᠢ ᠶᠢᠨ ᠠᠷᠤ ᠠᠴᠠ ᠭᠤᠪᠢ ᠶᠢᠨ ᠡᠮᠦᠨᠡᠬᠢ ᠬᠦᠬᠡ ᠲᠡᠷᠡᠰᠦ ︵ᠣᠳᠤ ᠎ ᠶᠢᠨ ᠰᠢᠯᠢ ᠶᠢᠨ ᠭᠤᠤᠯ ᠠᠶᠢᠮᠠᠭ ᠤᠨ ᠰᠦᠨᠢᠳ ᠵᠡᠬᠦᠨ ᠬᠤᠰᠢᠭᠤᠨ ᠤ ᠴᠠᠭᠠᠨ ᠨᠠᠭᠤᠷ ᠪᠤᠯᠤᠨ ᠬᠡᠰᠢᠭᠳᠡᠨ ᠬᠤᠰᠢᠭᠤᠨ ᠤ ᠲᠠᠯᠠᠢ ᠨᠠᠭᠤᠷ ᠤᠨ ᠬᠤᠭᠤᠷᠤᠨᠳᠣᠬᠢ ᠬᠤᠯᠠᠨ ᠰᠢᠷᠭ᠎ᠠ ᠲᠠᠭ᠎ᠠ ᠶᠢᠨ ᠡᠯᠡᠰᠦᠨ ᠤ ᠬᠦᠪᠡᠭᠡ ᠵᠠᠬ᠎ᠠ ᠭᠠᠵᠠᠷ︶᠎ ᠳᠤ ᠨᠡᠬᠦᠯᠭᠡᠪᠡ᠃ ᠰᠡᠬᠦᠯᠡᠷ ᠨᠢ ᠠᠯᠳᠠᠨ ᠬᠠᠭᠠᠨ ᠤ ᠬᠠᠪᠴᠢᠯᠳᠠ ᠰᠢᠬᠠᠯᠳᠠ ᠠᠴᠠ ᠪᠤᠯᠵᠦ ᠲᠡᠷᠡᠶᠢᠰᠦᠨ ᠬᠦᠳᠡᠩ ᠬᠠᠭᠠᠨ ᠤ ᠦᠶ᠎ᠡ ︵ᠮᠢᠩ ᠣᠯᠣᠰ  ᠎ ᠤᠨ ᠵᠢᠶᠠ ᠵᠢᠩ ᠤᠨ ᠵᠢᠷᠭᠤᠳᠤᠭᠠᠷ ᠣᠨ︶᠎ ᠠᠴᠠ ᠡᠬᠢᠯᠡᠨ ᠵᠡᠬᠦᠨᠰᠢ ᠎ ᠪᠠᠨ ᠠᠯᠣᠰ ᠬᠤᠯᠠ ᠶᠢᠨ ᠯᠢᠶᠤᠤᠳᠦ᠋ᠩ ᠤᠨ ᠰᠠᠨ ᠴᠠ ᠡᠾᠧ ︵三岔河︶ ᠬᠠᠪᠢ ᠬᠦᠷᠴᠦ  ᠨᠤᠳᠤᠭᠯᠠᠪᠠ᠃ ᠡᠨᠡ  ᠤᠳᠠᠭᠠᠨ ᠤ  ᠶᠡᠭᠡ ᠨᠡᠬᠦᠳᠡᠯ  ᠎ ᠳᠤ  ᠴᠠᠬᠠᠷ ᠤᠨ ᠬᠠᠭᠤᠴᠢᠳ᠂ ᠦᠵᠦᠮᠦᠴᠢᠨ᠂ ᠰᠦᠨᠢᠳ ᠨᠢ ᠰᠢᠯᠢ ᠶᠢᠨ ᠭᠤᠤᠯ ᠤᠨ ᠲᠠᠯ᠎ᠠ ᠨᠤᠳᠤᠭ ᠲᠠᠭᠠᠨ ᠦᠯᠡᠳᠡᠨ ᠬᠤᠴᠤᠷᠪᠠ᠃ 1636 ᠣᠨ ᠳᠤ ᠯᠢᠭᠳᠡᠨ ᠬᠠᠭᠠᠨ ᠤ ᠬᠦᠦ ︵ᠡᠷᠬᠡ ᠬᠤᠩᠭᠤᠷ︶᠎ ᠶᠢ ᠴᠠᠬᠠᠷ ᠤᠨ ᠴᠢᠨ ᠸᠠᠩ ᠡᠷᠬᠦᠮᠵᠢᠯᠡᠬᠦ ᠦᠶ᠎ᠡ ᠳᠤ ᠴᠠᠬᠠᠷ ᠢ ᠲᠠᠬᠢᠨ ᠪᠠᠷᠠᠭᠤᠨᠰᠢ ᠰᠢᠯᠵᠢᠬᠦᠯᠦᠨ ᠢᠵᠸᠤ ︵ᠣᠳᠤ ᠶᠢᠨ ᠢ ᠰᠢᠶᠡᠨ ᠬᠠᠪᠢ ᠶᠢᠨ ᠭᠠᠵᠠᠷ︶᠎ ᠳᠤ ᠠᠪᠴᠢᠷᠠᠪᠠ᠃ ᠡᠨᠡ ᠪᠤᠯ ᠦᠨᠡᠨᠳᠡᠭᠡᠨ ᠴᠠᠬᠠᠷ ᠨᠢ ᠨᠢᠭᠡ ᠬᠡᠮᠵᠢᠶ᠎ᠡ ᠪᠠᠷ ᠲᠤᠳᠤᠷ ᠭᠠᠵᠠᠷ ᠵᠦᠭ ᠰᠢᠯᠵᠢᠭᠰᠡᠨ ᠶᠠᠪᠤᠳᠠᠯ ᠪᠤᠯᠬᠤ ᠶᠤᠮ᠃ 1675 ᠣᠨ ᠳᠤ ᠴᠠᠬᠠᠷ ᠤᠨ ᠪᠤᠷᠨᠠᠢ ᠴᠢᠨ ᠸᠠᠩ ᠴᠢᠩ ᠣᠯᠣᠰ ᠤᠨ ᠲᠦᠷᠦ ᠶᠢᠨ ᠡᠰᠡᠷᠬᠦᠦ ᠪᠤᠰᠤᠯᠭ᠎ᠠ ᠭᠠᠷᠠᠭᠠᠭᠠᠳ ᠢᠯᠠᠭᠳᠠᠭᠰᠠᠨ ᠎ ᠤ ᠲᠠᠷᠠᠭ᠎ᠠ ᠴᠢᠩ ᠤᠨ ᠲᠦᠷᠦ ᠠᠴᠠ ᠴᠠᠬᠠᠷ ᠢ ᠲᠠᠬᠢᠨ ᠳ᠋ᠠᠲ᠋ᠦ᠋ᠩ᠂ ᠰᠢᠣᠸᠠᠨ ᠬᠤᠸᠠ ᠶᠢᠨ ᠠᠷᠤ ᠢᠶᠠᠷ ᠨᠡᠬᠦᠯᠭᠡᠨ ᠠᠪᠴᠢᠷᠠᠭᠠᠳ ᠨᠠᠢᠮᠠᠨ ᠬᠤᠰᠢᠭᠤ ᠪᠤᠯᠭᠠᠨ ᠬᠤᠪᠢᠶᠠᠵᠤ ᠮᠠᠯᠵᠢᠯ ᠤᠨ ᠭᠠᠵᠠᠷ ᠬᠤᠪᠢᠶᠠᠨ ᠨᠤᠳᠤᠭᠯᠠᠭᠤᠯᠪᠠ᠃ ᠪᠠᠰᠠ ᠲᠡᠬᠦᠨ ᠢ ᠵᠡᠬᠦᠨ ᠲᠦᠷᠪᠡᠨ ᠬᠤᠰᠢᠭᠤ᠂ ᠪᠠᠷᠠᠭᠤᠨ ᠲᠦᠷᠪᠡᠨ ᠬᠤᠰᠢᠭᠤ᠂ ᠲᠦᠷᠪᠡᠨ ᠰᠦᠷᠦᠭ ᠬᠤᠰᠢᠭᠤ ᠭᠡᠵᠦ ᠬᠡᠰᠡᠭᠯᠡᠨ ᠵᠠᠬᠢᠷᠪᠡ᠃ ᠪᠠᠷᠠᠭᠤᠨ ᠲᠦᠷᠪᠡ ᠳᠤ ᠰᠢᠯᠤᠭᠤᠨ ᠰᠢᠷ᠎ᠠ᠂ ᠰᠢᠯᠤᠭᠤᠨ ᠣᠯᠠᠭᠠᠨ᠂ ᠬᠦᠪᠡᠭᠡᠳᠦ ᠬᠦᠬᠡ᠂ ᠬᠦᠪᠡᠭᠡᠳᠦ ᠣᠯᠠᠭᠠᠨ ᠬᠤᠰᠢᠭᠤ ᠪᠠᠶᠢᠵᠤ᠂ ᠵᠡᠬᠦᠨ ᠲᠦᠷᠪᠡ ᠳᠤ ᠰᠢᠯᠤᠭᠤᠨ ᠬᠦᠬᠡ᠂ ᠰᠢᠯᠤᠭᠤᠨ ᠴᠠᠭᠠᠨ᠂ ᠬᠦᠪᠡᠭᠡᠳᠦ ᠴᠠᠭᠠᠨ᠂ ᠬᠦᠪᠡᠭᠡᠳᠦ ᠰᠢᠷ᠎ᠠ ᠬᠤᠰᠢᠭᠤ ᠪᠠᠶᠢᠪᠠ᠃ ᠲᠦᠷᠪᠡᠨ ᠰᠦᠷᠦᠭ ᠲᠤ ᠠᠳᠤᠭᠤᠴᠢᠨ ᠰᠦᠷᠦᠭ ︵ᠱᠠᠩᠳᠤ︶᠂ ᠦᠬᠡᠷᠴᠢᠨ ᠰᠦᠷᠦᠭ᠂ ᠬᠤᠨᠢᠴᠢᠨ ᠰᠦᠷᠦᠭ᠂ ᠵᠡᠬᠦᠨ ᠭᠠᠷ  ︵ᠲᠠᠶᠢᠪᠤᠰᠧ︶ ᠰᠦᠷᠦᠭ ᠪᠠ ᠪᠠᠷᠠᠭᠤᠨ ᠭᠠᠷ ︵ᠲᠠᠶᠢᠪᠤᠰᠧ︶ ᠰᠦᠷᠦᠭ ᠭᠡᠵᠦ ᠪᠠᠶᠢᠭᠤᠯᠵᠠᠢ᠃ ᠪᠠᠷᠠᠭᠤᠨ ᠲᠦᠷᠪᠡ ᠨᠢ ᠣᠳᠤ ᠶᠢᠨ ᠣᠯᠠᠭᠠᠨᠴᠠᠪ ᠠᠶᠢᠮᠠᠭ ᠎ ᠤᠨ ᠪᠠᠷᠠᠭᠤᠨ ᠪᠡᠶ᠎ᠡ ᠪᠠᠷ ᠨᠤᠳᠤᠭᠯᠠᠵᠤ᠂ ᠵᠡᠬᠦᠨ ᠲᠦᠷᠪᠡ ᠨᠢ ᠣᠳᠤ ᠶᠢᠨ ᠰᠢᠯᠢ ᠶᠢᠨ ᠭᠤᠤᠯ ᠠᠶᠢᠮᠠᠭ ᠤᠨ ᠪᠠᠷᠠᠭᠤᠨ ᠪᠡᠶ᠎ᠡ ᠪᠠᠷ ᠨᠤᠳᠤᠭᠯᠠᠵᠤ ᠪᠠᠶᠢᠨ᠎ᠠ᠃         ᠰᠡᠬᠦᠯᠴᠢ ᠶᠢᠨ ᠦᠶ᠎ᠡ ᠪᠠᠷ ᠨᠡᠮᠡᠭᠳᠡᠭᠰᠡᠨ ᠴᠠᠬᠠᠷ ᠤᠨ ᠭᠤᠷᠪᠠᠨ ᠣᠳᠤᠭ ᠪᠤᠯᠬᠤ ᠦᠵᠦᠮᠦᠴᠢᠨ᠂ ᠰᠦᠨᠢᠳ ᠪᠠ ᠠᠪᠠᠭ᠎ᠠ ᠣᠳᠤᠭ ︵ᠠᠪᠠᠭ᠋ᠠᠨᠠᠷ ᠣᠳᠤᠭ ᠪᠠᠭᠳᠠᠨ᠎ᠠ︶  ᠎ ᠤᠨ ᠲᠤᠬᠠᠢ  ᠬᠤᠯᠪᠤᠭᠳᠠᠯ ᠪᠦᠬᠦᠢ  ᠲᠡᠮᠳᠡᠭᠯᠡᠯ ᠪᠠ ᠵᠤᠬᠢᠶᠠᠯ ᠪᠦᠳᠦᠭᠡᠯ ᠢ ᠦᠨᠳᠦᠰᠦᠯᠡᠪᠡᠯ᠄          1538 ᠣᠨ ︵ᠮᠢᠩ ᠣᠯᠣᠰ ᠤᠨ ᠰᠡᠬᠦᠯᠴᠢ ᠶᠢᠨ ᠦᠶ᠎ᠡ︶᠎ ᠳᠤ  ᠴᠠᠬᠠᠷ ᠤᠨ ᠪᠤᠳᠢ ᠠᠯᠠᠭ ᠬᠠᠭᠠᠨ ᠎ ᠤ ᠲᠠᠶᠢᠴᠢᠯᠠᠯ ᠲᠤᠤᠷ᠎ᠠ ᠣᠷᠢᠶᠠᠩᠬᠠᠨ ᠲᠦᠮᠡᠨ ᠤ ᠣᠷᠪᠠᠯᠭᠠᠨ ᠢ ᠲᠠᠷᠤᠩᠭᠤᠶᠢᠯᠠᠨ ᠣᠷᠢᠶᠠᠩᠬᠠᠨ ᠤ ᠲᠦᠮᠡᠨ ᠢ ᠬᠠᠰᠤᠵᠤ᠂ ᠠᠷᠠᠳ ᠢᠷᠭᠡᠳ ᠢ ᠨᠢ ᠪᠤᠰᠤᠳ ᠲᠠᠪᠤᠨ ᠲᠦᠮᠡᠨ ᠳᠤ ᠬᠤᠪᠢᠶᠠᠨ ᠤᠷᠤᠭᠤᠯᠬᠤ ᠦᠶ᠎ᠡ ᠳᠤ ᠣᠣᠯ ᠤᠨ ᠣᠷᠢᠶᠠᠩᠬᠠᠨ ᠲᠦᠮᠡᠨ ᠤ ᠪᠦᠷᠢᠯᠳᠦᠬᠦᠨ ᠪᠠᠶᠢᠭᠰᠠᠨ ᠦᠵᠦᠮᠦᠴᠢᠨ ᠠᠶᠢᠮᠠᠭ ᠨᠢ ᠪᠤᠳᠢ ᠠᠯᠠᠭ ᠬᠠᠭᠠᠨ ᠤ ᠰᠢᠭᠤᠳ ᠵᠡᠬᠢᠷᠤᠯ ᠲᠤᠤᠷᠠᠬᠢ ᠴᠠᠬᠠᠷ ᠲᠦᠮᠡᠨ ᠤ ᠪᠦᠷᠢᠯᠳᠦᠬᠦᠨ ᠪᠤᠯᠵᠦ ᠭᠤᠪᠢ ᠠᠯᠳᠠᠢ ᠠᠴᠠ ᠴᠠᠬᠠᠷ ᠤᠨ ᠬᠠᠷᠢᠶᠠᠨ ᠳᠠᠬᠢ ᠣᠳᠤ ᠶᠢᠨ ᠦᠵᠦᠮᠦᠴᠢᠨ ᠨᠤᠳᠤᠭ ᠲᠤ ᠨᠡᠬᠦᠵᠦ ᠢᠷᠡᠭᠰᠡᠨ ᠪᠠᠶᠢᠨ᠎ᠠ᠃ ᠲᠡᠷᠡ ᠦᠶ᠎ᠡ ᠳᠤ ᠪᠤᠳᠢ ᠠᠯᠠᠭ ᠬᠠᠭᠠᠨ ᠴᠠᠬᠠᠷ ᠤᠨ ᠶᠡᠭᠡ ᠲᠡᠷᠡᠰᠦ ᠣᠳᠤ ᠶᠢᠨ ᠰᠦᠨᠢᠳ ᠵᠡᠬᠦᠨ ᠬᠤᠰᠢᠭᠤ ᠪᠠ ᠠᠪᠠᠭ᠋ᠠᠨᠠᠷ ᠬᠤᠰᠢᠭᠤᠨ ᠤ ᠡᠮᠦᠨ᠎ᠡ ᠪᠡᠶ᠎ᠡ ᠎ ᠪᠠᠷ ᠪᠠᠶᠢᠭ᠎ᠠ ᠬᠤᠯᠠᠨ ᠰᠢᠷᠭ᠎ᠠ ᠲᠠᠭ᠎ᠠ ᠶᠢᠨ ᠡᠯᠡᠰᠦᠷᠭᠡᠭ ᠭᠠᠵᠠᠷ ᠢᠶᠠᠷ ᠣᠳᠤᠷᠯᠠᠨ ᠰᠠᠭᠤᠵᠤ ᠪᠠᠶᠢᠪᠠ᠃ ᠴᠢᠩ ᠣᠯᠣᠰ ᠤᠨ ᠦᠶ᠎ᠡ ᠳᠤ ᠦᠵᠦᠮᠦᠴᠢᠨ ᠢ ᠵᠡᠬᠦᠨ ᠪᠠᠷᠠᠭᠤᠨ ᠬᠤᠶᠠᠷ ᠭᠠᠷ ᠲᠤ ᠬᠤᠪᠢᠶᠠᠵᠤ ᠰᠢᠯᠢ ᠶᠢᠨ ᠭᠤᠤᠯ ᠤᠨ ᠴᠢᠭᠤᠯᠭᠠᠨ ᠳᠤ ᠪᠠᠭᠳᠠᠭᠠᠪᠠ᠃           ᠶᠣᠸᠠᠨ ᠲᠠᠶᠢᠽᠣ ᠬᠠᠭᠠᠨ ᠤ ᠠᠷᠪᠠᠨ ᠵᠢᠷᠭᠤᠳᠤᠭᠠᠷ ᠦᠶ᠎ᠡ ᠶᠢᠨ ᠠᠴᠢ ᠲᠦᠷᠦᠪᠤᠯᠤᠳ ᠠᠴᠠ ᠬᠤᠶᠠᠷ ᠦᠶ᠎ᠡ ᠣᠯᠠᠮᠵᠢᠯᠠᠵᠤ ᠬᠦᠬᠡᠴᠢᠳᠦ ᠮᠡᠷᠬᠡᠨ ᠲᠠᠶᠢᠵᠢ ᠳᠤ ᠬᠦᠷᠴᠦ ᠢᠷᠡᠭᠡᠳ ᠲᠡᠬᠦᠨ ᠤ ᠠᠶᠢᠮᠠᠭ ᠢ ᠰᠦᠨᠢᠳ ᠬᠡᠵᠦ ᠨᠠᠷᠡᠶᠢᠳᠴᠠᠢ ᠁ 1642 ᠣᠨ ᠳᠤ ᠰᠦᠨᠢᠳ ᠤᠨ ᠬᠠᠷᠢᠶᠠᠳᠤ ᠠᠶᠢᠮᠠᠭ  ᠎ ᠨᠢ ᠵᠡᠬᠦᠨ ᠪᠠᠷᠠᠭᠤᠨ ᠭᠠᠷ ᠤᠨ ᠬᠤᠶᠠᠷ ᠬᠤᠰᠢᠭᠤ ᠪᠤᠯᠵᠦ ᠬᠤᠪᠢᠶᠠᠭᠳᠠᠨ ᠲᠤᠰ ᠲᠤᠰ ᠰᠢᠯᠢ ᠶᠢᠨ ᠭᠤᠤᠯ ᠤᠨ ᠴᠢᠭᠤᠯᠭᠠᠨ ᠳᠤ ᠵᠠᠬᠢᠷᠤᠭᠳᠠᠵᠠᠢ  ᠃          ᠪᠠᠰᠠ ᠴᠢᠩᠭᠢᠰ ᠬᠠᠭᠠᠨ ᠤ ᠲᠡᠭᠦᠦ ᠪᠦᠬᠡ ᠪᠡᠯᠭᠦᠳᠡᠢ ᠶᠢᠨ ᠠᠷᠪᠡᠨ ᠲᠤᠯᠤᠳᠤᠭᠠᠷ ᠦᠶ᠎ᠡ ᠪᠠᠶᠠᠰᠬᠤ ᠪᠦᠷᠭᠦᠳ ᠨᠣᠶᠠᠨ ᠤ ᠠᠬᠠᠮᠠᠳ ᠬᠦᠪᠡᠬᠦᠨ ᠲᠠᠷᠨᠢ ᠬᠦᠳᠡᠩ ᠤᠨ ᠬᠠᠷᠢᠶᠠᠳᠤ ᠠᠶᠢᠮᠠᠭ ᠢ ᠠᠪᠠᠭ᠎ᠠ ᠭᠡᠵᠦ᠂ ᠬᠤᠶᠠᠳᠤᠭᠠᠷ ᠬᠦᠪᠡᠭᠦᠨ ᠨᠣᠮ ᠲᠡᠮᠡᠭᠡᠳᠦ ᠶᠢᠨ ᠬᠠᠷᠢᠶᠠᠳᠤ ᠠᠶᠢᠮᠠᠭ ᠢ ᠠᠪᠠᠭ᠋ᠠᠨᠠᠷ ᠬᠡᠵᠦ ᠨᠡᠷᠡᠶᠢᠳᠴᠡᠢ᠃ ᠠᠪᠠᠭ᠋ᠠᠨᠠᠷ ᠎ ᠤᠨ ᠣᠣᠯ ᠨᠤᠳᠤᠭ ᠨᠢ ᠭᠤᠪᠢ ᠳᠤ ᠪᠠᠶᠢᠳᠠᠭ᠃ 1667 ᠣᠨ︵ᠡᠩᠬᠡ ᠠᠮᠣᠭᠤᠯᠠᠩ ᠤᠨ ᠵᠢᠷᠭᠤᠳᠤᠭᠠᠷ ᠣᠨ︶  ᠠᠪᠠᠭ᠎ᠠ ᠶᠢᠨ ᠨᠤᠳᠤᠭ ᠢ ᠠᠪᠠᠭ᠋ᠠᠨᠠᠷ ᠲᠤ ᠶᠡᠬᠦᠯᠡᠵᠦ ᠦᠭᠬᠦᠭᠡᠳ᠂ ᠬᠠᠭᠤᠴᠢᠳ ᠪᠠ ᠰᠦᠨᠢᠳ ᠠᠶᠢᠮᠠᠭ ᠤᠨ ᠵᠠᠬ᠎ᠠ ᠎ ᠠᠴᠠ ᠭᠠᠳᠠᠨ᠎ᠠ ᠣᠰᠣ ᠪᠡᠯᠴᠢᠭᠡᠷ ᠰᠠᠶᠢᠳᠠᠢ ᠭᠠᠵᠠᠷ ᠢ ᠰᠤᠩᠭᠤᠨ ᠠᠪᠠᠭ᠎ᠠ ᠳᠤ ᠵᠢᠭᠠᠨ ᠦᠭᠴᠦ ᠨᠡᠬᠦᠯᠭᠡᠨ ᠨᠤᠳᠤᠭᠯᠠᠭᠤᠯᠪᠠ᠃ ᠴᠢᠩ ᠣᠯᠣᠰ ᠤᠨ ᠦᠶ᠎ᠡ ᠳᠤ ᠠᠪᠠᠭ᠎ᠠ ᠪᠠ ᠠᠪᠠᠭ᠋ᠠᠨᠠᠷ ᠢ ᠲᠣᠰ ᠲᠣᠰ ᠵᠡᠬᠦᠨ ᠪᠠᠷᠠᠭᠤᠨ ᠭᠠᠷ ᠎ ᠤᠨ ᠬᠤᠶᠠᠷ ᠬᠤᠰᠢᠭᠤ ᠪᠤᠯᠭᠠᠵᠤ ᠰᠢᠯᠢ ᠶᠢᠨ ᠭᠤᠤᠯ ᠤᠨ ᠴᠢᠭᠤᠯᠭᠠᠨ ᠳᠤ ᠵᠡᠬᠢᠷᠤᠭᠤᠯᠪᠠ᠃          ᠴᠠᠬᠠᠷ ᠤᠨ ᠣᠳᠤᠭ ᠤᠳ ᠨᠢ ᠭᠡᠳᠦᠶᠢᠪᠡᠷ ᠵᠤᠬᠢᠬᠤ ᠴᠠᠭ ᠦᠶ᠎ᠡ ᠳᠤ ᠬᠠᠷᠢᠴᠠᠩᠭᠤᠢ ᠲᠤᠭᠳᠠᠭᠤᠨ ᠪᠠᠶᠢᠭᠰᠠᠨ ᠪᠤᠯᠪᠠᠴᠣ ᠨᠡᠶᠢᠭᠡᠮ ᠲᠡᠦᠭᠡ ᠶᠢᠨ ᠡᠯ᠎ᠡ ᠵᠦᠢᠯ ᠤᠨ ᠰᠢᠯᠳᠠᠭᠠᠨ ᠠᠴᠠ ᠪᠤᠯᠵᠤ ᠲᠥᠷᠪᠡ ᠣᠳᠠᠭᠠᠨ ᠤ ᠶᠡᠭᠡ ᠬᠤᠯᠢᠯᠳᠤᠭᠠᠨ ᠢ ᠦᠩᠭᠡᠷᠡᠬᠦᠯᠦᠭᠡᠳ ᠴᠠᠬᠠᠷ ᠤᠨ ᠣᠣᠭᠠᠯ ᠪᠦᠷᠢᠯᠳᠦᠭᠦᠨ ᠨᠢ ᠶᠠᠪᠤᠬᠤ ᠲᠤᠳᠤᠮ ᠪᠤᠳᠤᠯᠢᠶᠠᠨᠳᠠᠢ ᠪᠤᠯᠤᠭᠰᠠᠨ ᠪᠠᠶᠢᠨ᠎ᠠ᠃ ᠲᠤᠬᠠᠶᠢᠯᠠᠪᠠᠯ ᠠᠩᠬᠠᠳᠤᠭᠠᠷ ᠣᠳᠠᠭᠠᠨ ᠤ ᠶᠡᠭᠡ ᠬᠤᠯᠢᠯᠳᠤᠭᠠᠨ ᠢᠶᠠᠷ ᠲᠠᠮᠵᠢᠭᠠᠳ ᠴᠠᠬᠠᠷ ᠠᠶᠢᠮᠠᠭ ᠤᠨ ᠦᠨᠳᠦᠰᠦᠨ ᠰᠠᠭᠤᠷᠢ ᠬᠦᠴᠦᠨ ᠪᠦᠷᠢᠯᠳᠦᠪᠠ᠃           ᠠᠩᠬᠠᠳᠤᠭᠠᠷ ᠣᠳᠠᠭᠠᠨ ᠤ ᠶᠡᠭᠡ ᠬᠤᠯᠢᠯᠳᠤᠭᠠᠨ ᠪᠤᠯ ᠶᠣᠸᠠᠨ ᠣᠯᠣᠰ ᠲᠠᠶᠢᠳᠤ ᠬᠤᠳᠠ ᠠᠴᠠ ᠤᠬᠤᠷᠢᠨ ᠭᠠᠷᠬᠤ ᠦᠶ᠎ᠡ ︵1368 ᠣᠨ︶᠎ ᠳᠤ ᠡᠬᠦᠰᠴᠡᠢ᠃ ᠡᠨᠡ ᠣᠳᠠᠭ᠎ᠠ ᠲᠤᠭᠤᠨᠲᠠᠮᠦᠷ ᠬᠠᠭᠠᠨ ᠢ ᠲᠠᠭᠠᠵᠦ ᠣᠬᠤᠷᠢᠭᠰᠡᠳ ᠲᠤ ᠪᠢᠴᠢᠭ ᠴᠡᠷᠢᠭ ᠤᠨ ᠨᠤᠶᠠᠳ᠂ ᠬᠠᠭᠠᠨ ᠣᠷᠳᠤᠨ ᠤ ᠬᠡᠷ ᠪᠦᠯᠢ ᠶᠢᠨ ᠬᠢᠨ᠂ ᠬᠡᠰᠢᠭᠳᠡᠨ ᠴᠡᠷᠢᠭ ᠪᠤᠯᠤᠨ ᠨᠡᠶᠢᠰᠯᠠᠯ ᠬᠤᠳᠠ ᠶᠢᠨ ᠰᠡᠷᠬᠡᠶᠢᠯᠡᠯᠳᠡ ᠳᠤ ᠪᠠᠶᠢᠭᠰᠠᠨ ᠴᠡᠷᠢᠭ ᠠᠩᠬᠢ᠂ ᠬᠠᠭᠠᠨ ᠤ ᠰᠢᠳᠡᠷ ᠲᠤᠳᠤᠨᠤ ᠬᠦᠮᠦᠰ ᠵᠡᠷᠭᠡ ᠪᠠᠶᠢᠪᠠ᠃ ᠡᠳᠡᠭᠡᠷ ᠬᠦᠮᠦᠰ ᠨᠢ ᠬᠡᠰᠢᠭᠳᠡᠨ ᠴᠡᠷᠢᠭ ᠲᠠᠢ ᠬᠤᠯᠢᠯᠳᠤᠨ ᠴᠠᠬᠠᠷ ᠢ ᠪᠦᠷᠢᠯᠳᠦᠬᠦᠯᠬᠦ ᠦᠨᠳᠦᠰᠦᠨ ᠰᠠᠭᠤᠷᠢ ᠬᠦᠴᠦᠨ ᠪᠤᠯᠪᠠ᠃ ᠬᠤᠶᠠᠳᠤᠭᠠᠷ ᠣᠳᠠᠭᠠᠨ ᠤ ᠬᠤᠯᠢᠯᠳᠤᠭᠠᠨ ᠨᠢ 1368 ᠣᠨ ᠠᠴᠠ 1470 ᠣᠨ ᠬᠦᠷᠳᠡᠯ᠎ᠡ ᠲᠤᠭᠤᠨᠳᠡᠮᠦᠷ ᠬᠠᠭᠠᠨ ᠲᠠᠶᠢᠳᠦ ᠬᠤᠳᠠ ᠠᠴᠠ ᠤᠬᠤᠷᠢᠭᠰᠠᠨ ᠠᠴᠠ  ᠪᠠᠳᠤᠮᠦ᠋ᠩᠬᠡ ᠲᠠᠶᠠᠨ ᠬᠠᠭᠠᠨ ᠪᠦᠬᠦ ᠮᠣᠩᠭᠤᠯ ᠢ ᠬᠤᠶᠠᠳᠤᠭᠠᠷ ᠣᠳᠠᠭ᠎ᠠ ᠨᠢᠭᠡᠳᠭᠡᠬᠦ ᠬᠦᠷᠳᠡᠯ᠎ᠡ᠃ ᠡᠨᠡ ᠬᠤᠭᠤᠴᠠᠭᠠᠨ ᠳᠤ ᠬᠠᠭᠠᠨ ᠤ ᠡᠷᠭᠡ ᠶᠠᠪᠤᠬᠤ ᠲᠤᠳᠤᠮ ᠪᠠᠭᠤᠷᠠᠵᠦ᠂ ᠭᠠᠵᠠᠷ ᠣᠷᠤᠨ ᠤ ᠹᠸᠤᠳᠠᠯ ᠤᠨ ᠡᠷᠭᠡ ᠪᠤᠵᠠᠭᠠᠶᠢᠷᠠᠭᠠᠳ ᠪᠤᠳᠠᠳᠤ ᠡᠷᠭᠡ ᠶᠢ ᠠᠳᠬᠤᠭᠰᠠᠨ ᠹᠸᠤᠳᠠᠯ ᠤᠨ ᠡᠵᠡᠳ ᠨᠤᠶᠠᠷᠬᠠᠯ ᠢᠶᠠᠨ ᠪᠠᠬᠢᠵᠢᠬᠦᠯᠬᠦ ᠶᠢᠨ ᠲᠤᠯᠠᠳᠠ ᠦᠪᠡᠷ ᠤᠨ ᠣᠶᠢᠷ᠎ᠡ ᠲᠤᠳᠤᠨᠤ ᠬᠦᠮᠦᠰ ᠪᠠ ᠠᠶᠢᠮᠠᠭ ᠣᠭᠰᠠᠭᠠᠨ ᠤ ᠬᠢᠨ ᠢᠶᠠᠷ ᠴᠠᠬᠠᠷ ᠢ ᠨᠦᠬᠦᠪᠦᠷᠢᠯᠡᠪᠡ ᠃ ᠭᠤᠷᠪᠠᠳᠤᠭᠠᠷ ᠣᠳᠠᠭᠠᠨ ᠤ ᠶᠡᠭᠡ ᠬᠤᠯᠢᠯᠳᠤᠭᠠᠨ ᠪᠤᠯ ᠪᠠᠳᠤᠮᠦ᠋ᠩᠬᠡ ᠲᠠᠶᠠᠨ ᠬᠠᠭᠠᠨ ᠠᠴᠠ ᠬᠤᠶᠢᠰᠢ ᠦᠶ᠎ᠡ ᠳᠤ ᠡᠭᠦᠰᠴᠡᠢ᠃ ᠡᠨᠡ ᠦᠶ᠎ᠡ ᠳᠤ ᠴᠠᠬᠠᠷ ᠤᠨ ᠵᠠᠷᠢᠮ ᠣᠳᠤᠭ ᠨᠢ ᠪᠦᠬᠦᠶᠢᠯᠡ ᠣᠳᠤᠭ ᠢᠶᠠᠷ ᠢᠶᠠᠨ ᠠᠯᠠᠭ᠎ᠠ ᠪᠤᠯᠪᠠ᠃ ᠲᠦᠷᠪᠡᠳᠦᠭᠡᠷ ᠣᠳᠠᠭᠠᠨ ᠤ ᠶᠡᠭᠡ ᠬᠤᠯᠢᠯᠳᠤᠭᠠᠨ ᠪᠤᠯ ᠲᠠᠶᠢᠴᠢᠩ ᠬᠦᠷᠦᠨ ᠠᠴᠠ ᠴᠠᠬᠠᠷ ᠨᠠᠢᠮᠠᠨ ᠬᠤᠰᠢᠭᠤ ᠶᠢ ᠪᠠᠶᠢᠭᠤᠯᠬᠤ ᠦᠶ᠎ᠡ ᠳᠤ ᠡᠬᠦᠰᠴᠡᠢ᠃ ᠡᠨᠡ ᠣᠳᠠᠭ᠎ᠠ ᠴᠠᠬᠠᠷ ᠲᠤ ︽ᠡᠯᠡᠰᠦ ᠬᠤᠯᠢᠬᠤ︾᠂ ︽ᠴᠦᠯᠡᠵᠦ ᠶᠠᠪᠤᠭᠤᠯᠬᠤ︾ ᠵᠡᠷᠭᠡ ᠠᠷᠭ᠎ᠠ ᠪᠤᠳᠤᠯᠭ᠎ᠠ ᠠᠪᠴᠤ ᠴᠠᠬᠠᠷ ᠤᠨ ᠣᠣᠭᠠᠯ ᠪᠦᠷᠢᠯᠳᠦᠬᠦᠨ ᠢ ᠭᠤᠷᠪᠠᠨ ᠤ ᠬᠤᠪᠢ ᠶᠢᠨ ᠨᠢᠭᠡᠭᠡᠨ ᠬᠤᠪᠢ ᠪᠤᠯᠳᠠᠯ᠎ᠠ ᠪᠠᠭᠤᠷᠠᠭᠤᠯᠪᠠ᠃ ᠵᠢᠱᠢᠶᠡᠯᠡᠪᠡᠯ ᠦᠭᠡᠯᠡᠳ ︵ᠰᠢᠨᠵᠢᠶᠠᠩ ᠤᠨ︶᠂ ᠪᠠᠷᠭᠤ᠂ ᠬᠤᠷᠴᠢᠨ᠂ ᠲᠤᠷᠭᠤᠳ᠂ ᠬᠠᠯᠬ᠎ᠠ ᠵᠡᠷᠭᠡ ᠠᠶᠢᠮᠠᠭ ᠪᠦᠯᠦᠭ ᠤᠳ ᠤᠨ ᠨᠢᠭᠡ ᠪᠦᠯᠦᠭ ᠠᠶᠢᠯ ᠢ ᠰᠤᠮᠤ ᠪᠤᠯᠭᠠᠨ ᠪᠠᠶᠢᠭᠤᠯᠤᠭᠠᠳ ᠴᠠᠬᠠᠷ ᠲᠤ ᠬᠤᠯᠢᠵᠤ ᠰᠠᠭᠤᠯᠭᠠᠭᠰᠠᠨ ᠪᠠᠶᠢᠨ᠎ᠠ᠃ ᠮᠦᠨ ᠨᠢᠭᠡ ᠪᠦᠯᠦᠭ ᠴᠠᠬᠠᠷ ᠠᠶᠢᠯ ᠡᠷᠦᠬᠡ ᠶᠢ ᠦᠬᠡᠷ᠎ᠡ ᠬᠤᠰᠢᠭᠤᠳ ᠲᠤ ᠨᠡᠬᠦᠯᠭᠡᠭᠰᠡᠨ ᠪᠠ ᠶᠡᠭᠡ ᠬᠡᠮᠵᠢᠶᠡᠨ ᠤ ᠴᠠᠬᠠᠷ ᠴᠡᠷᠢᠭ ᠢ ᠾᠧᠨᠠᠨ ᠪᠠ ᠰᠢᠨᠵᠢᠶᠠᠩ ᠳᠤ ᠴᠦᠯᠡᠵᠦ ᠶᠠᠪᠤᠭᠤᠯᠪᠠ᠃           ᠴᠠᠬᠠᠷ ᠠᠶᠢᠮᠠᠭ ᠤᠨ ᠪᠦᠷᠢᠯᠳᠦᠯ ᠪᠠ ᠲᠡᠬᠦᠨ ᠤ ᠬᠤᠪᠢᠷᠠᠯ ᠬᠦᠭᠵᠢᠯ ᠤᠨ ᠲᠡᠦᠬᠡ ᠠᠴᠠ ᠦᠵᠡᠬᠦ ᠳᠤ ᠴᠠᠬᠠᠷᠴᠤᠳ ᠨᠢ ᠮᠣᠩᠭᠤᠯ ᠤᠨ ᠶᠡᠭᠡ ᠲᠦᠷᠦ ᠠᠴᠠ ᠡᠬᠢᠯᠡᠨ ᠲᠦᠷᠤ ᠬᠦᠷᠦᠨ ᠤ ᠮᠠᠨᠳᠣᠯ ᠮᠦᠬᠦᠯ ᠲᠠᠢ ᠰᠢᠭᠤᠳ ᠬᠤᠯᠪᠤᠭᠳᠠᠬᠤ ᠴᠢᠬᠤᠯᠠ ᠪᠠᠶᠢᠷᠢᠨ ᠳᠤ ᠪᠠᠶᠢᠭᠰᠠᠭᠠᠷ ᠢᠷᠡᠭᠰᠡᠨ ᠪᠦᠭᠡᠳ ᠰᠡᠬᠦᠯᠴᠢ ᠶᠢᠨ ᠦᠶ᠎ᠡ ᠶᠢᠨ ᠮᠠᠨᠵᠤ ᠴᠢᠩ ᠎ ᠤᠨ ᠦᠶ᠎ᠡ ᠳᠤ ᠴᠤ ᠭᠡᠰᠡᠨ ᠮᠣᠩᠭᠤᠯ ᠭᠠᠵᠠᠷ ᠪᠠ ᠮᠣᠩᠭᠤᠯ ᠣᠭᠰᠠᠭᠠᠳᠠᠨ ᠢ ᠨᠤᠶᠠᠷᠬᠠᠨ ᠵᠠᠬᠢᠷᠬᠤ ᠭᠤᠤᠯᠳᠠᠯᠭ᠎ᠠ ᠪᠤᠯᠵᠤ ᠪᠠᠶᠢᠭᠰᠠᠨ ᠶᠤᠮ᠃ ᠡᠶᠢᠮᠦ ᠠᠴᠠ ᠴᠠᠬᠠᠷᠴᠤᠳ ᠪᠤᠯ ᠮᠣᠩᠭᠤᠯ ᠤᠨ ᠲᠡᠦᠭᠡᠨ ᠬᠦᠭᠵᠢᠯ ᠤᠨ ᠶᠡᠪᠤᠴᠠ ᠳᠠᠬᠢ ᠭᠤᠤᠯᠯᠠᠬᠤ ᠭᠡᠳᠦᠨ ᠠᠶᠢᠮᠠᠭ ᠣᠭᠰᠠᠭᠠᠳᠠᠨ ᠤ ᠨᠢᠭᠡ ᠪᠤᠯᠬᠤ ᠨᠢ ᠰᠡᠵᠢᠭᠯᠡᠭᠳᠡᠰᠢ ᠦᠭᠡᠢ᠃            ᠣᠳᠤ ᠤᠨ ᠴᠠᠬᠠᠷᠴᠤᠳ ᠨᠢ ᠲᠡᠦᠬᠡᠨ ᠳᠠᠬᠢ ᠣᠯᠠᠨ ᠣᠳᠠᠭᠠᠨ ᠤ ᠦᠢᠮᠡᠭᠡᠨ ᠲᠡᠪᠵᠢᠶᠠᠨ ᠪᠠ ᠭᠡᠳᠦ ᠤᠳᠠᠭᠠᠨ ᠤ ᠶᠡᠭᠡ ᠬᠤᠯᠢᠯᠳᠤᠭᠠᠨ ᠢ ᠦᠩᠬᠡᠷᠡᠬᠦᠯᠦᠭᠡᠳ ᠴᠠᠬᠠᠷ ᠤᠨ ᠬᠠᠷᠢᠶᠠᠳᠤ ᠲᠦᠮᠡᠨ ᠪᠤᠯᠬᠤ ᠦᠵᠦᠮᠦᠴᠢᠨ᠂ ᠰᠦᠨᠢᠳ᠂ ᠠᠪᠠᠭ᠎ᠠ ︵ᠠᠪᠠᠭ᠋ᠠᠨᠠᠷ︶᠂ ᠬᠡᠰᠢᠭᠳᠡᠨ᠂ ᠨᠠᠢᠮᠠᠨ ᠠᠤᠬᠠᠨ ᠪᠠ ᠣᠤᠭᠠᠯ ᠴᠠᠬᠠᠷᠴᠤᠳ ᠤᠨ ᠬᠠᠮᠳᠤ ᠦᠪᠦᠷ ᠮᠣᠩᠭᠤᠯ ᠤᠨ ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤ᠂ ᠰᠢᠯᠤᠭᠤᠨ ᠬᠦᠪᠡᠭᠡᠳᠦ ᠴᠠᠭᠠᠨ ᠬᠤᠰᠢᠭᠤ᠂ ᠬᠦᠪᠡᠭᠡᠳᠦ ᠰᠢᠷ᠎ᠡ ᠬᠤᠰᠢᠭᠤ᠂ ᠲᠠᠶᠢᠫᠤᠰᠧ ᠬᠤᠰᠢᠭᠤ᠂ ᠰᠦᠨᠢᠳ ᠵᠡᠬᠦᠨ ᠬᠤᠰᠢᠭᠤ᠂ ᠰᠦᠨᠢᠳ ᠪᠠᠷᠠᠭᠤᠨ ᠬᠤᠰᠢᠭᠤ᠂ ᠵᠡᠬᠦᠨ ᠦᠵᠦᠮᠦᠴᠢᠨ ᠬᠤᠰᠢᠭᠤ᠂ ᠪᠠᠷᠠᠭᠤᠨ ᠦᠵᠦᠮᠦᠴᠢᠨ ᠬᠤᠰᠢᠭᠤ᠂ ᠠᠪᠠᠭ᠎ᠠ ᠬᠤᠰᠢᠭᠤ  ᠪᠠ ᠰᠢᠯᠢᠩᠬᠤᠳᠠ ︵ᠣᠣᠯ ᠤᠨ ᠠᠪᠬᠠᠨᠠᠷ ᠬᠤᠰᠢᠭᠤ︶᠂ ᠤᠯᠭᠠᠨᠬᠠᠳᠠ ᠬᠤᠳᠠ ᠶᠢᠨ ᠬᠡᠰᠢᠭᠳᠡᠨ ᠬᠤᠰᠢᠭᠤ᠂ ᠣᠯᠠᠭᠠᠨᠴᠠᠪ ᠠᠶᠢᠮᠠᠭ ᠤᠨ ᠴᠠᠬᠠᠷ ᠪᠠᠷᠠᠭᠤᠨ ᠭᠠᠷᠤᠨ ᠡᠮᠦᠨᠡᠳᠦ ᠬᠤᠰᠢᠭᠤ᠂ ᠲᠤᠮᠳᠠᠳᠤ ᠬᠤᠰᠢᠭᠤ᠂ ᠬᠤᠶᠢᠳᠤ ᠬᠤᠰᠢᠭᠤ ᠪᠠ ᠲᠦᠷᠪᠡᠳ ᠬᠤᠰᠢᠭᠤ᠂  ᠪᠠᠶᠠᠨᠨᠠᠭᠤᠷ ᠠᠶᠢᠮᠠᠭ ᠤᠨ ᠣᠷᠠᠳ ᠤᠨ ᠡᠮᠦᠨᠡᠳᠦ ᠬᠤᠰᠢᠭᠤ᠂  ᠲᠤᠮᠳᠠᠳᠤ ᠬᠤᠰᠢᠭᠤ᠂ ᠬᠤᠶᠢᠳᠤ ᠬᠤᠰᠢᠭᠤ᠂ ᠪᠤᠭᠤᠳᠤ ᠬᠤᠳᠠ ᠶᠢᠨ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤ᠂ ᠠᠭᠠᠷᠤᠤᠳᠤ ᠰᠣᠮᠤ᠂ ᠪᠠᠳᠺᠡᠷ᠂ ᠡᠷᠢᠶᠡᠨ ᠬᠤᠳᠠ ᠵᠡᠷᠭᠡ  ᠭᠠᠵᠠᠷ ᠢᠶᠠᠷ ᠲᠠᠷᠬᠠᠨ ᠰᠠᠭᠤᠷᠢᠰᠢᠵᠤ ᠪᠤᠢ᠃ ᠵᠢᠷᠤᠭ 1 ᠪᠤᠯ ᠴᠠᠠᠬᠷᠴᠤᠳ ᠤᠨ ᠭᠠᠵᠠᠷ ᠵᠦᠢ ᠶᠢᠨ ᠲᠠᠷᠬᠠᠯᠳᠠ ᠶᠢᠨ ᠵᠢᠷᠤᠭ ᠪᠤᠯᠤᠨ᠎ᠠ᠃ ᠬᠦᠮᠦᠨ ᠠᠮᠠ ᠶᠢᠨ ᠲᠠᠯ᠎ᠠ ᠪᠠᠷ 2000 ᠣᠨ ᠤ ᠪᠦᠷᠢᠳᠭᠡᠯ ᠢ ᠦᠨᠳᠦᠰᠦᠯᠡᠪᠡᠯ 46 ᠲᠦᠮᠡ ᠣᠷᠴᠢᠮ ᠪᠤᠢ [6 ]᠃ ᠡᠬᠦᠨ ᠤ ᠲᠤᠳᠤᠷ᠎ᠠ ᠣᠤᠭᠠᠯ ᠴᠠᠬᠠᠷᠴᠤᠳ10 ᠲᠦᠮᠡ ᠭᠠᠷᠤᠢ ᠪᠤᠢ [7 ]᠃ ᠠᠵᠤ ᠠᠮᠢᠳᠤᠷᠠᠯ ᠤᠨ ᠪᠠᠶᠢᠳᠠᠯ ᠠᠴᠠ ᠲᠡᠳᠡᠨᠡᠷ ᠮᠠᠯᠵᠢᠬᠤ ᠠᠮᠢᠳᠤᠷᠠᠯ ᠢᠶᠠᠷ ᠭᠤᠤᠯᠯᠠᠵᠤ ᠪᠤᠢ᠃ ᠬᠡᠯᠡ ᠠᠶᠠᠯᠭᠤ ᠶᠢᠨ ᠲᠠᠯ᠎ᠠ ᠪᠠᠷ ᠣᠳᠤ ᠶᠢᠨ ᠴᠠᠬᠠᠷᠴᠤᠳ ᠭᠤᠤᠯᠳᠠᠭᠤ ᠮᠣᠩᠭᠤᠯ ᠬᠡᠯᠡᠨ ᠤ ᠴᠠᠠᠬᠷ ᠠᠮᠠᠨ ᠠᠶᠠᠯᠭᠤ ᠪᠠᠷ ᠶᠠᠷᠢᠯᠴᠠᠳᠠᠭ᠃   ᠵᠡᠬᠦᠯᠳᠡ      [1 ]《 蒙古学百科全书· 古代史》,蒙古学百科全书编辑委员会 ,内蒙古人民出版社,2007年,P61-62᠃     [2 ]  [6 ]  [7 ] ︽ᠮᠣᠩᠭᠤᠯ ᠬᠡᠯᠡᠨ ᠤ ᠨᠣᠳᠤᠭ ᠤᠨ ᠠᠶᠠᠯᠭᠤᠨ ᠤ ᠰᠢᠨᠵᠢᠯᠡᠯ︾᠂ ᠮ᠊·ᠪᠠᠭᠠᠳᠤᠷ᠂ ᠪ᠊· ᠰᠤᠳᠤ ᠨᠠᠷ᠂ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠬᠡᠪᠯᠡᠯ ᠤᠨ ᠬᠤᠷᠢᠶ᠎ᠠ᠂ 2009 ᠣᠨ᠂ P81᠃   [3] ︽ᠮᠣᠩᠭᠤᠯ ᠤᠨ ᠲᠡᠦᠬᠡ ᠶᠢᠨ ᠲᠤᠯᠢ︾᠂ ᠸᠠᠩ ᠮᠠᠨᠳᠤᠭ᠎ᠠ᠂ ᠦᠪᠦᠷ ᠮᠣᠩᠭᠤᠯ ᠤᠨ ᠠᠷᠡᠳ ᠤᠨ ᠬᠡᠪᠯᠡᠯ ᠤᠨ ᠬᠤᠷᠢᠶ᠎ᠠ᠂  1998 ᠣᠨ᠂ P483᠃   [4] ︽ᠴᠠᠬᠠᠷ ᠰᠢᠯᠤᠭᠤᠨ ᠬᠦᠬᠡ ᠬᠤᠰᠢᠭᠤ︾᠂ ᠪᠦᠷᠢᠨᠪᠠᠳᠤ ᠨᠠᠷ᠂ ᠠᠯᠣᠰ ᠤᠨ ᠪᠠᠷ᠎ᠡ ᠬᠡᠪᠯᠡᠯ ᠤᠨ ᠬᠤᠷᠢᠶ᠎ᠠ᠂ 2006 ᠣᠨ᠂ P34᠃  [5] ︽ᠴᠠᠬᠠᠷ ᠤᠨ ᠲᠡᠦᠬᠡ ᠰᠢᠨᠵᠢᠯᠡᠯ︾᠂ ᠱᠧᠵᠠᠨᠠᠷ᠂ ᠵᠢᠭ᠍ᠮᠢᠳᠴᠠᠷᠢᠨ᠂ ᠦᠪᠦᠷ ᠮᠣᠩᠭᠤᠯ ᠤᠨ ᠠᠷᠠᠳ ᠎ ᠤᠨ ᠬᠡᠪᠯᠡᠯ ᠤᠨ ᠬᠤᠷᠢᠶ᠎ᠠ᠂ 2008 ᠣᠨ᠂ P25᠃      
 
ᠢᠷᠡᠯᠲᠡ᠄ ᠤᠯᠠᠭᠠᠨᠴᠠᠪ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2