ᠮᠤᠩᠭᠤᠯᠴᠤᠳ ᠶᠠᠷᠤ ᠨᠢ ᠲᠤᠰᠬᠠᠶᠢᠯᠠᠨ ᠴᠠᠭ ᠭᠠᠷᠭᠠᠵᠤ ᠬᠡᠦᠬᠡᠳ ᠢᠶᠠᠨ ᠲᠦᠪ ᠰᠠᠭᠤᠯᠭᠠᠭᠠᠳ ᠶᠡᠭᠡ ᠶᠤᠰᠤ | ᠨᠤᠮᠯᠠᠵᠤ ᠰᠤᠷᠭᠠᠬᠤ ᠪᠢᠰᠢ᠂ ᠬᠠᠷᠢᠨ ᠬᠡᠦᠬᠡᠳ ᠢᠶᠠᠨ ᠳᠠᠭᠠᠭᠤᠯᠤᠨ ᠠᠵᠢᠯ ᠬᠦᠳᠡᠯᠮᠤᠷᠢ ᠬᠢᠬᠦ ᠪᠤᠶᠤ ᠠᠶᠠᠨ ᠵᠠᠮ᠂ | ᠠᠳᠤᠭᠤ ᠮᠠᠯ ᠳᠤ ᠶᠠᠪᠤᠬᠤ ᠦᠶ᠎ᠡ ᠳᠤ ᠠᠵᠢᠯ ᠤᠨ ᠶᠠᠪᠤᠴᠠ ᠪᠠ ᠬᠡᠦᠬᠡᠳ ᠤᠨ ᠢᠶᠠᠨ ᠤᠷᠮ᠎ᠠ ᠳᠤ ᠵᠤᠬᠢᠴᠠᠭᠤᠯᠤᠨ | ᠳᠡᠭᠡᠳᠦᠰ ᠠᠴᠠ ᠰᠤᠨᠤᠰᠤᠭᠰᠠᠨ᠂ ᠪᠡᠶ᠎ᠡ ᠪᠠᠷ ᠦᠭᠭᠡᠷᠡᠭᠡᠭᠰᠡᠨ ᠢᠶᠠᠨ ᠠᠶᠠᠷᠬᠠᠨ ᠶᠠᠷᠢᠵᠤ᠂ ᠭᠦᠮᠦᠨ ᠪᠤᠯᠬᠤ ᠶᠤᠰᠤ | ᠵᠦᠢ᠂ ᠠᠮᠢᠳᠤᠷᠠᠯ ᠡᠵᠡᠩᠨᠡᠬᠦ ᠤᠷ᠎ᠠ ᠤᠬᠠᠭᠠᠨ ᠢ ᠤᠢ ᠪᠢᠯᠢᠭ ᠲᠤᠨᠢ ᠪᠠᠲᠤ ᠰᠠᠭᠤᠯᠭᠠᠬᠤ ᠶᠢ ᠬᠢᠴᠢᠶᠡᠳᠡᠭ᠃ ᠴᠠᠭᠠᠨ | ᠰᠠᠷ᠎ᠠ ᠶᠢᠨ ᠬᠤᠭᠤᠴᠠᠭ᠎ᠠ ᠪᠤᠯ ᠮᠤᠩᠭᠤᠯ ᠤᠨ ᠤᠯᠠᠮᠵᠢᠯᠠᠯᠲᠤ ᠵᠠᠩ ᠦᠢᠯᠡ ᠶᠢᠨ ᠠᠵᠢᠯᠯᠠᠭ᠎ᠠ ᠬᠠᠮᠤᠭ ᠲᠦᠪᠯᠡᠷᠡᠩᠭᠦᠢ | ᠬᠤᠭᠤᠴᠠᠭ᠎ᠠ ᠪᠤᠯᠬᠤᠷ ᠮᠤᠩᠭᠤᠯᠴᠤᠳ ᠬᠡᠦᠬᠡᠳ ᠢᠶᠠᠨ ᠬᠦᠮᠦᠵᠢᠭᠦᠯᠬᠦ ᠬᠠᠮᠤᠭ ᠲᠤᠬᠢᠷᠠᠮᠵᠢᠲᠠᠢ ᠦᠶ᠎ᠡ ᠭᠡᠵᠦ | ᠦᠵᠡᠳᠡᠭ ᠶᠤᠮ᠃ ᠭᠠᠯ ᠳᠠᠬᠢᠬᠤ ᠠᠴᠠ ᠡᠬᠢᠯᠡᠨ ᠰᠢᠨ᠎ᠡ ᠬᠠᠭᠤᠴᠢᠷᠠᠲᠡᠯᠡᠬᠢ ᠬᠤᠭᠤᠴᠠᠭ᠎ᠠ ᠶᠢ ︽ᠰᠠᠷ᠎ᠠ ᠰᠢᠨ᠎ᠡ︾᠂ | ︽ᠵᠢᠯ ᠰᠠᠷ᠎ᠠ︾᠂ ︽ᠵᠢᠯ ᠴᠠᠭᠠᠨ ᠰᠠᠷ᠎ᠠ︾ ᠭᠡᠵᠤ ᠲᠤᠪᠴᠢᠯᠠᠨ᠂ ︽ᠰᠢᠨ᠎ᠡ ᠳᠡᠭᠡᠨ ᠶᠠᠮᠠᠷ ᠪᠤᠯ ᠵᠢᠯ ᠳᠡᠭᠡᠨ ᠲᠡᠶᠢᠮᠦ | ︾ ᠭᠡᠵᠦ ᠡᠨᠡᠬᠦ ᠬᠤᠭᠤᠴᠠᠭᠠᠨ ᠳᠤ ᠬᠡᠦᠬᠡᠳ ᠢᠶᠠᠨ ᠶᠤᠰᠤ ᠨᠤᠮ ᠲᠠᠢ᠂ ᠦᠭᠡᠳᠡ ᠬᠡᠶᠢᠮᠤᠷᠢ ᠲᠠᠢ᠂ ᠪᠡᠯᠬᠡ | ᠳᠡᠮᠪᠡᠷᠢᠯ ᠲᠠᠢ ᠪᠠᠶᠢᠬᠤ ᠶᠢ ᠨᠡᠩ ᠴᠢᠩᠭ᠎ᠠ ᠱᠠᠭᠠᠷᠳᠠᠳᠠᠭ᠃ | ᠵᠢᠯ ᠴᠠᠭᠠᠨ ᠰᠠᠷ᠎ᠠ ᠤᠶᠢᠷᠠᠳᠬᠤ ᠳᠤ ᠬᠡᠦᠬᠡᠳ ᠲᠡᠭᠡᠨ ᠪᠢᠲᠡᠭᠦᠯᠡᠵᠤ ᠰᠢᠨᠡᠯᠡᠬᠦ ᠶᠤᠰᠤ ᠵᠠᠩᠰᠢᠯ ᠤᠨ ᠲᠤᠬᠠᠢ | ᠶᠠᠷᠢᠵᠤ᠂ ᠡᠨᠡ ᠵᠢᠯ ᠵᠠᠪᠠᠯ ᠤᠴᠢᠵᠤ ᠵᠤᠯᠭᠠᠬᠤ ᠬᠦᠮᠦᠨ᠂ ᠵᠠᠪᠠᠯ ᠢᠷᠡᠬᠦ ᠬᠦᠮᠦᠨ ᠪᠠ ᠢᠷᠡᠬᠦ ᠪᠤᠯᠤᠮᠵᠢᠲᠠᠢ | ᠬᠦᠮᠦᠨ ᠤ ᠲᠤᠬᠠᠢ ᠲᠠᠨᠢᠯᠴᠠᠭᠤᠯᠵᠤ᠂ ᠶᠠᠭᠤᠨ ᠳᠤ ᠵᠠᠪᠠᠯ ᠢᠷᠡᠬᠦ ᠪᠤᠶᠤ ᠤᠴᠢᠵᠤ ᠵᠤᠯᠭᠠᠬᠤ ᠶᠢᠨ ᠤᠴᠢᠷ ᠢ | ᠲᠤᠲᠤᠷᠬᠠᠶᠢᠯᠠᠨ ᠵᠢᠭᠠᠵᠤ᠂ ᠢᠷᠡᠵᠦ ᠤᠴᠢᠬᠤ ᠶᠢᠨ ᠪᠡᠯᠡᠳᠬᠡᠯ ᠪᠠ ᠶᠤᠰᠤ ᠵᠠᠩᠰᠢᠯ ᠢ ᠶᠠᠷᠢᠵᠤ ᠦᠭᠭᠦᠨ᠎ᠡ᠃ | ᠬᠤᠪᠴᠠᠰᠤ ᠬᠤᠨᠠᠷ ᠡᠰᠭᠡᠵᠤ ᠤᠶᠤᠬᠤ ᠪᠠ ᠬᠡᠷ ᠲᠡᠷᠭᠡ᠂ ᠬᠦᠷᠢᠶ᠎ᠠ ᠬᠠᠰᠢᠶ᠎ᠠ᠂ ᠤᠶᠠᠭ᠎ᠠ ᠵᠠᠯ᠎ᠠ ᠪᠠᠨ ᠴᠡᠪᠡᠷᠯᠡᠵᠤ | ᠴᠢᠮᠡᠬᠦ ᠵᠡᠷᠬᠡ ᠠᠵᠢᠯ ᠳᠤ ᠬᠡᠦᠬᠡᠳ ᠢᠶᠠᠨ ᠳᠠᠭᠠᠭᠤᠯᠤᠨ ᠤᠷᠤᠯᠴᠠᠭᠤᠯᠵᠤ ᠶᠤᠰᠤ ᠬᠦᠳᠡᠯᠮᠤᠷᠢ ᠬᠤᠶᠠᠷ ᠢᠶᠠᠷ | ᠤᠬᠠᠭᠠᠷᠠᠭᠤᠯᠤᠨ᠎ᠠ᠃ ᠡᠶᠢᠮᠦ ᠠᠶᠢᠯ ᠳᠤ ᠵᠤᠴᠢᠨ ᠪᠠᠭᠤᠬᠤ ᠳᠤ ᠶᠠᠭᠤ ᠪᠦᠬᠦᠨ ᠨᠢ ᠲᠦᠪᠬᠢᠨᠡᠭᠦᠨ ᠲᠠᠭᠠᠯᠠᠮᠵᠢᠲᠠᠢ | ᠰᠠᠨᠠᠭᠳᠠᠵᠤ᠂ ᠠᠷᠪᠠ ᠭᠠᠷᠴᠤ ᠪᠠᠶᠢᠭ᠎ᠠ ᠬᠡᠦᠬᠡᠳ ᠨᠢ ᠭᠠᠭᠴᠠᠭᠠᠷ ᠪᠠᠶᠢᠭᠰᠠᠨ ᠴᠤ ᠤᠶᠠᠭᠠᠨ ᠳᠡᠭᠡᠷ᠎ᠡ ᠳᠤᠰᠬᠤ | ᠡᠵᠡᠨ ᠲᠠᠢ᠂ ᠤᠤᠭᠤᠭᠠᠳ ᠮᠤᠷᠳᠠᠬᠤ ᠴᠠᠢ ᠲᠠᠢ᠂ ᠶᠤᠰᠤᠨ ᠤ ᠬᠠᠷᠢᠭᠤ ᠵᠦᠢ ᠲᠠᠢ᠂ ᠪᠡᠯᠡᠭ ᠤᠨ ᠬᠠᠷᠢᠭᠤ | ᠬᠠᠳᠠᠭ ᠲᠠᠢ ᠪᠠᠶᠢᠵᠤ ᠤᠳᠤᠮ ᠤᠨ ᠰᠤᠷᠭᠠᠯ ᠭᠠᠵᠢᠬᠤ ᠤᠴᠢᠷ ᠦᠬᠡᠢ᠃ | ᠪᠢᠲᠡᠭᠦᠨ ᠤᠶᠢᠷᠠᠳᠬᠤ ᠲᠤᠰᠤᠮ ᠨᠠᠰᠤᠲᠠᠶᠢᠴᠤᠳ᠄ ︽ᠦᠷᠯᠦᠭᠡ ᠡᠷᠲᠡ ᠪᠤᠰᠪᠠᠯ ᠢᠯᠡᠭᠦᠦ ᠨᠢᠭᠡ ᠶᠢ | ᠬᠠᠷᠠᠵᠤ᠂ ᠦᠳᠡᠰᠢ ᠤᠷᠤᠢ ᠤᠨᠲᠠᠪᠠᠯ ᠢᠯᠡᠭᠦᠦ ᠨᠢᠭᠡ ᠶᠢ ᠰᠤᠨᠤᠰᠤᠨ᠎ᠠ︾ ᠬᠡᠮᠡᠨ ᠬᠡᠦᠬᠡᠳ ᠢᠶᠠᠨ ᠶᠡᠷᠦ ᠶᠢᠨ | ᠦᠶ᠎ᠡ ᠠᠴᠠ ᠡᠷᠲᠡ ᠪᠤᠰᠬᠠᠵᠤ ᠤᠷᠤᠢ ᠤᠨᠲᠠᠭᠤᠯᠤᠨ᠎ᠠ᠃ ᠦᠷᠯᠦᠭᠡ ᠨᠢ ᠬᠤᠷᠤᠭ᠎ᠠ ᠬᠠᠰᠢᠶ᠎ᠠ ᠴᠡᠪᠡᠷᠯᠡᠵᠤ ᠬᠤᠭ | ᠬᠦᠯᠳᠡᠭᠦᠰᠦ ᠵᠦᠭᠡᠭᠡᠬᠦ ᠳᠡᠭᠡᠨ ᠬᠡᠦᠬᠡᠳ ᠢᠶᠠᠨ ᠳᠠᠭᠠᠭᠤᠯᠵᠤ ᠱᠦᠭᠦᠷ ᠬᠦᠷᠵᠡ᠂ ᠠᠷᠤᠭ ᠰᠠᠪᠠᠷ ᠲᠤ ᠡᠪᠰᠢᠭᠦᠯᠦᠨ᠂ | ᠮᠤᠷᠢ ᠪᠠᠷᠢᠵᠤ᠂ ᠦᠬᠡᠷ ᠤᠰᠤᠯᠠᠬᠤ ᠵᠠᠭᠤᠷ᠎ᠠ ᠲᠡᠭᠷᠢ ᠶᠢᠨ ᠴᠢᠷᠠᠢ ᠰᠢᠨᠵᠢᠵᠤ᠂ ᠴᠠᠭ ᠠᠭᠠᠷ ᠤᠨ ᠪᠠᠶᠢᠳᠠᠯ᠂ ᠮᠠᠯ | ᠭᠠᠷᠬᠤ ᠵᠦᠭ ᠤᠨ ᠲᠤᠬᠠᠢ ᠦᠪᠡᠷ ᠤᠨ ᠲᠤᠷᠰᠢᠯᠭ᠎ᠠ ᠪᠠᠨ ᠦᠯᠢᠭᠡᠷ ᠲᠤᠤᠯᠢ ᠰᠢᠭ᠋ ᠶᠠᠷᠢᠨ᠎ᠠ᠃ ᠦᠳᠡᠰᠢ ᠨᠢ | ᠤᠶᠤᠳᠠᠯ ᠤᠲᠠᠰᠤ᠂ ᠢᠳᠡᠭᠡᠨ ᠰᠢᠭᠦᠰᠤ ᠶᠢᠨ ᠠᠵᠢᠯ ᠦᠷᠭᠦᠯᠵᠢᠯᠡᠬᠦ ᠳᠤ ᠤᠳᠤᠮ ᠭᠠᠷᠪᠠᠯᠢ᠂ ᠤᠭ ᠨᠤᠲᠤᠭ᠂ | ᠨᠠᠭᠦᠳᠡᠯ ᠪᠠᠭᠤᠳᠠᠯ ᠤᠨ ᠢᠶᠠᠨ ᠲᠤᠬᠠᠢ ᠬᠠᠭᠤᠴᠢᠯᠠᠵᠤ᠂ ᠤᠷᠤᠨ ᠨᠤᠲᠤᠭ᠂ ᠤᠪᠤᠭ ᠤᠭᠰᠠᠭ᠎ᠠ ᠪᠠᠨ ᠮᠡᠳᠡᠳᠡᠭ | ᠬᠦᠮᠦᠨ ᠪᠤᠯᠬᠤ ᠶᠢ ᠰᠠᠨᠠᠭᠤᠯᠳᠠᠭ᠃ ᠲᠡᠷᠡ ᠪᠦᠬᠦᠨ ᠤ ᠤᠬᠠᠭᠠᠨ ᠤᠯᠪᠠᠭ᠎ᠠ ᠶᠢ ᠤᠯᠬᠤ ᠠᠷᠠᠢ ᠪᠤᠯᠤᠭ᠎ᠠ ᠦᠭᠡᠢ | ᠪᠠᠯᠴᠢᠷ ᠬᠡᠦᠬᠡᠳ ᠲᠤ ᠪᠤᠯ ᠦᠯᠢᠭᠡᠷ ᠶᠠᠷᠢᠵᠤ᠂ ᠤᠨᠢᠰᠤᠭ᠎ᠠ ᠲᠠᠭᠠᠯᠭᠠᠵᠤ᠂ ᠵᠦᠢᠷ ᠰᠡᠴᠡᠨ ᠦᠭᠡ ᠴᠡᠭᠡᠵᠢᠯᠡᠭᠦᠯᠵᠦ᠂ | ᠤᠢ ᠪᠢᠯᠢᠭ ᠢ ᠨᠢ ᠨᠡᠭᠡᠭᠡᠳᠡᠭ᠃ | ᠭᠠᠯ ᠳᠠᠬᠢᠬᠤ ᠠᠴᠠ ᠡᠬᠢᠯᠡᠨ᠂ ᠪᠢᠲᠡᠭᠦᠯᠡᠬᠦ᠂ ᠰᠢᠨᠡᠯᠡᠬᠦ ᠪᠦᠬᠦ ᠶᠠᠪᠤᠴᠠ ᠳᠤ ᠬᠡᠦᠬᠡᠳ ᠢᠶᠠᠨ ᠤᠷᠤᠯᠴᠠᠭᠤᠯᠤᠨ | ᠵᠤᠯᠠ ᠪᠠᠷᠢᠬᠤ᠂ ᠭᠠᠯ ᠳᠠᠬᠢᠬᠤ᠂ ᠲᠡᠭᠷᠢ ᠳᠤ ᠮᠦᠷᠭᠦᠬᠦ᠂ ᠳᠠᠯᠠᠯᠭ᠎ᠠ ᠠᠪᠬᠤ᠂ ᠳᠡᠭᠡᠵᠢ ᠡᠷᠭᠦᠬᠦ᠂ ᠮᠦᠷ ᠭᠠᠷᠭᠠᠬᠤ᠂ | ᠬᠤᠪᠴᠠᠰᠤ ᠮᠢᠯᠢᠶᠠᠬᠤ᠂ ᠮᠠᠯ ᠰᠢᠨᠡᠯᠡᠭᠦᠯᠬᠦ ᠵᠡᠷᠭᠡ ᠵᠠᠩ ᠦᠢᠯᠡ ᠶᠢ ᠦᠬᠡ ᠪᠠᠷ ᠲᠠᠶᠢᠯᠠᠵᠤ ᠦᠢᠯᠡ ᠪᠠᠷ | ᠲᠠᠨᠢᠭᠤᠯᠤᠨ᠎ᠠ᠃ ᠬᠤᠳᠠ ᠤᠰᠤ ᠪᠠ ᠤᠷᠤᠭ ᠡᠯᠢᠭᠡᠨ ᠤ ᠰᠢᠨᠡᠯᠡᠵᠤ ᠪᠢᠲᠡᠭᠦᠯᠡᠬᠦ ᠶᠠᠪᠤᠯᠴᠠᠭ᠎ᠠ ᠪᠠᠷ ᠳᠠᠮᠵᠢᠭᠤᠯᠤᠨ | ᠰᠠᠳᠤᠨ ᠲᠦᠷᠦᠯ ᠢᠶᠠᠨ ᠲᠠᠨᠢᠭᠤᠯᠵᠣ᠂ ᠮᠡᠨᠳᠦᠯᠡᠬᠦ᠂ ᠬᠦᠨᠳᠦᠯᠡᠬᠦ᠂ ᠵᠤᠯᠭᠠᠬᠤ᠂ ᠵᠤᠴᠢᠯᠠᠬᠤ᠂ ᠦᠳᠡᠬᠦ ᠶᠢᠨ ᠨᠠᠷᠢᠨ | ᠶᠤᠰᠤ ᠶᠢ ᠮᠡᠳᠡᠭᠦᠯᠦᠭᠰᠡᠨ ᠪᠠᠶᠢᠳᠠᠭ᠃ ᠪᠢᠲᠡᠭᠦᠯᠡᠬᠦ ᠠᠴᠠ ᠡᠮᠦᠨ᠎ᠡ ᠡᠬᠢᠯᠡᠭᠰᠡᠨ ᠢᠶᠠᠨ ᠳᠠᠭᠤᠰᠬᠠᠵᠤ᠂ | ᠵᠡᠭᠡᠯᠡᠭᠰᠡᠨ ᠢᠶᠠᠨ ᠪᠤᠴᠠᠭᠠᠵᠤ᠂ ᠦᠩᠭᠡᠷᠡᠭᠰᠡᠨ ᠨᠢᠭᠡ ᠵᠢᠯ ᠢᠶᠠᠨ ᠡᠳ᠋ ᠤᠨ ᠦᠷᠢ ᠦᠭᠡᠢ᠂ ᠰᠡᠳᠬᠢᠯ ᠤᠨ ᠦᠷᠢ | ᠦᠭᠡᠢ᠂ ᠦᠷ᠎ᠡ ᠳᠡᠭᠡᠨ ᠶᠠᠷᠢᠬᠤ ᠤᠬᠠᠭᠠᠷᠠᠯ ᠳᠤᠷᠠᠳᠬᠠᠯ ᠤᠨ ᠦᠯᠢᠭᠡᠷ ᠲᠠᠢ ᠰᠡᠪ ᠦᠭᠡᠢ ᠰᠠᠶᠢᠬᠠᠨ ᠪᠢᠲᠡᠭᠦᠯᠡᠵᠤ | ᠲᠠᠯᠪᠢᠨ᠎ᠠ᠃ ᠰᠠᠷ᠎ᠠ ᠰᠢᠨ᠎ᠡ ᠶᠢᠨ ᠴᠠᠭ ᠲᠤ ᠪᠡᠯᠭᠡ ᠦᠭᠡᠢ ᠦᠭᠡ᠂ ᠪᠤᠬᠢᠷ ᠦᠭᠡ ᠶᠠᠷᠢᠬᠤ ᠦᠭᠡᠢ᠂ ᠬᠡᠯᠡ ᠠᠮᠠ | ᠲᠠᠲᠠᠬᠤ ᠦᠭᠡᠢ᠂ ᠤᠷᠤᠭᠤ ᠴᠢᠷᠠᠶᠢᠯᠠᠬᠤ ᠶᠢ ᠴᠡᠭᠡᠷᠯᠡᠨ᠂ ᠠᠭᠤᠷ ᠤᠴᠠᠭᠠᠷ ᠢ ᠲᠡᠪᠴᠢᠵᠤ᠂ ᠲᠦᠯᠦᠪ ᠲᠦᠪᠰᠢᠨ᠂ | ᠦᠭᠡᠳᠡ ᠪᠠᠶᠠᠰᠤᠩᠭᠤᠢ᠂ ᠦᠯᠵᠡᠢ ᠪᠡᠯᠭᠡ ᠲᠠᠢ ᠪᠠᠶᠢᠬᠤ ᠶᠢ ᠤᠨᠴᠠ ᠬᠢᠴᠢᠶᠡᠳᠡᠭ᠃ ᠬᠡᠦᠬᠡᠳ ᠨᠢ ᠳᠠᠩᠳᠠ ᠯᠠ | ᠨᠠᠰᠤᠲᠠᠨ ᠲᠤᠮᠤᠭᠠᠳᠠᠨ ᠤ ᠪᠠᠨ ᠬᠠᠭᠤᠴᠢᠨ ᠤᠨ ᠤ ᠠᠴᠢ ᠪᠤᠶᠠᠨ ᠢ ᠳᠤᠷᠠᠰᠴᠤ᠂ ᠰᠢᠨ᠎ᠡ ᠵᠢᠯ ᠤᠨ ᠠᠵᠠ | ᠬᠡᠶᠢᠮᠤᠷᠢ ᠶᠢ ᠵᠦᠩᠨᠡᠭᠰᠡᠨ ᠰᠠᠶᠢᠨ ᠰᠠᠶᠢᠬᠠᠨ ᠢᠷᠦᠭᠡᠯ ᠰᠤᠷᠭᠠᠯ ᠤᠨ ᠳᠤᠮᠳᠠ ᠤᠷᠮ᠎ᠠ ᠪᠠᠲᠠᠷᠠᠵᠤ ᠤᠬᠠᠭᠠᠨ ᠲᠡᠯᠡᠳᠡᠭ | ᠪᠢᠯᠡ᠃ | | ᠴᠠᠭᠠᠨ ᠰᠠᠷ᠎ᠠ ᠶᠢᠨ ᠬᠤᠭᠤᠴᠠᠭᠠᠨ ᠳᠤ ᠤᠷᠤᠭ ᠰᠠᠳᠤᠨ᠂ ᠡᠯᠢᠭᠡᠨ ᠲᠦᠷᠦᠯ ᠢᠶᠠᠷ ᠢᠶᠠᠨ ᠴᠤᠭᠯᠠᠵᠤ | ᠨᠠᠶᠢᠷᠯᠠᠬᠤ ᠳᠠᠭᠠᠨ ᠴᠤ ᠦᠶ᠎ᠡ ᠨᠠᠰᠤᠨ ᠤ ᠳᠠᠷᠠᠭᠠᠯᠠᠯ ᠢᠶᠠᠷ ᠰᠠᠭᠤᠵᠠᠭᠠᠵᠤ᠂ ᠴᠠᠭᠠᠨ ᠢᠳᠡᠭᠡᠨ ᠠᠴᠠ ᠡᠬᠢᠯᠡᠨ᠂ | ᠱᠦᠯᠦ ᠰᠢᠭᠦᠰᠦ ᠬᠦᠷᠲᠡᠯ᠎ᠡ ᠲᠤᠭᠲᠠᠭᠰᠠᠨ ᠵᠢᠷᠤᠮ ᠢᠶᠠᠷ ᠤᠷᠤᠭᠤᠯᠵᠤ᠂ ᠨᠠᠶᠢᠷ ᠲᠡᠭᠦᠰᠬᠦ ᠳᠤ ᠮᠦᠨ ᠴᠠᠭᠠᠨ ᠢᠳᠡᠭᠡ | ᠲᠠᠯᠪᠢᠨ ᠴᠠᠢ ᠠᠶᠠᠭᠠᠯᠠᠵᠤ᠂ ᠶᠤᠰᠤ ᠶᠢ ᠬᠦᠨᠳᠦᠯᠡᠬᠦ ᠠᠴᠠ ᠪᠢᠰᠢ ᠠᠷᠢᠬᠢ ᠦᠢᠮᠡᠭᠡᠨ ᠢ ᠴᠢᠬᠤᠯᠠᠴᠢᠯᠠᠬᠤ ᠦᠭᠡᠢ᠃ | ᠤᠷᠤᠭᠯᠠᠭ᠎ᠠ ᠦᠭᠡᠢ ᠬᠡᠦᠬᠡᠳ ᠪᠤᠶᠤ ᠰᠢᠨᠡᠬᠡᠨ ᠤᠷᠤᠭᠯᠠᠭᠠᠳ ᠠᠪᠤ ᠡᠵᠢ ᠪᠤᠯᠵᠤ ᠠᠮᠵᠢᠭ᠎ᠠ ᠦᠬᠡᠢ ᠵᠠᠯᠠᠭᠤᠰ ᠢ | ᠶᠡᠷᠦ ᠠᠴᠠ ᠨᠠᠶᠢᠷ ᠤᠨ ᠰᠢᠷᠡᠭᠡᠨ ᠳᠤ ᠰᠠᠭᠤᠯᠭᠠᠳᠠᠭ ᠦᠭᠡᠢ᠂ ᠨᠠᠰᠤ ᠬᠢᠵᠢᠶᠡᠯᠢᠰᠢᠵᠦ ᠦᠷ᠎ᠡ ᠠᠴᠢᠷ ᠲᠠᠢ ᠪᠤᠯᠤᠭᠰᠠᠨ | ᠬᠦᠮᠦᠨ ᠨᠠᠰᠤᠲᠠᠶᠢᠴᠤᠳ ᠲᠠᠢ ᠪᠠᠨ ᠨᠢᠭᠡ ᠰᠢᠷᠡᠭᠡᠨ ᠳᠤ ᠰᠠᠭᠤᠬᠤ ᠳᠤᠬᠢᠶᠠᠯᠳᠤᠯ ᠪᠠᠶᠢᠳᠠᠭ ᠴᠤ ᠳᠤᠭᠤᠤᠷ | ᠰᠠᠭᠤᠳᠠᠯ ᠳᠤ ᠰᠠᠭᠤᠭᠠᠳ ᠦᠢᠯᠡᠴᠢᠯᠡᠬᠦ ᠪᠠ ᠰᠤᠷᠭᠠᠯ ᠰᠤᠨᠤᠰᠬᠤ ᠪᠠᠷ ᠭᠤᠤᠯ ᠪᠤᠯᠭᠠᠳᠠᠭ᠃ ᠵᠠᠯᠠᠭᠤ ᠪᠠᠭᠠᠴᠤᠳ ᠨᠢ | ᠮᠤᠷᠢ ᠤᠨᠤᠭ᠎ᠠ ᠡᠪᠡᠰᠦᠯᠡᠬᠦ᠂ ᠮᠠᠯ ᠬᠤᠲᠠᠯᠠᠬᠤ ᠵᠡᠷᠭᠡ ᠭᠠᠳᠠᠨ᠎ᠠ ᠠᠵᠢᠯ ᠢ ᠡᠭᠦᠷᠭᠡᠯᠡᠬᠦ ᠶᠢᠨ ᠬᠠᠮᠲᠤ ᠴᠠᠢ ᠠᠶᠠᠭᠠᠯᠠᠬᠤ | ᠂ ᠠᠷᠢᠬᠢ ᠪᠠᠷᠢᠬᠤ᠂ ᠰᠢᠭᠦᠰᠤ ᠳᠡᠪᠰᠢᠭᠦᠯᠬᠦ ᠵᠡᠷᠭᠡ ᠠᠵᠢᠯ ᠢ ᠬᠢᠵᠦ᠂ ᠠᠵᠢᠯ ᠤᠨ ᠳᠤᠮᠳᠠ ᠶᠤᠰᠤ ᠵᠦᠢ ᠶᠢ ᠰᠤᠷᠳᠠᠭ | ᠃ ᠡᠷᠦᠬᠡ ᠶᠢᠨ ᠡᠵᠡᠨ ᠪᠤᠶᠤ ᠳᠠᠶᠢᠯᠠᠯᠭ᠎ᠠ ᠡᠷᠬᠢᠯᠡᠭᠴᠢ ᠨᠢ ᠪᠡᠯᠭᠡ ᠲᠠᠢ ᠦᠭᠡ ᠪᠠᠷ ᠨᠠᠶᠢᠷ ᠡᠬᠢᠯᠡᠭᠦᠯᠵᠦ᠂ | ᠤᠯᠠᠨ ᠢᠶᠠᠷ ᠢᠶᠠᠨ ᠠᠵᠤ ᠠᠮᠢᠳᠤᠷᠠᠯ᠂ ᠦᠷ᠎ᠡ ᠬᠡᠦᠬᠡᠳ᠂ ᠮᠠᠯ ᠰᠦᠷᠦᠭ᠂ ᠤᠰᠤ ᠪᠡᠯᠴᠢᠭᠡᠷ ᠤᠨ ᠢᠶᠠᠨ ᠲᠤᠬᠠᠢ | ᠵᠤᠭᠤᠭ ᠳᠡᠯᠭᠡᠨ᠎ᠡ᠃ ᠵᠠᠷᠢᠮ ᠳᠠᠭᠠᠨ ᠳᠠᠭᠤᠤ ᠬᠤᠭᠤᠷ ᠡᠭᠦᠰᠬᠡᠵᠦ ᠨᠢᠵᠢᠭᠡᠷ ᠶᠡᠭᠡ ᠨᠠᠶᠢᠷ ᠪᠤᠯᠳᠠᠭ ᠴᠤ᠂ ᠠᠷᠢᠬᠢᠨ ᠤ | ᠳᠠᠭᠠᠭᠠᠴᠠ ᠪᠠᠨ ᠠᠳᠠᠯᠢᠳᠬᠠᠬᠤ ᠮᠡᠲᠤ ᠤᠤᠭᠤᠵᠤ᠂ ᠬᠤᠭᠤᠯᠠᠢ ᠶᠢᠨ ᠲᠡᠩᠬᠡ ᠪᠠᠨ ᠰᠢᠯᠭᠠᠬᠤ ᠮᠡᠲᠤ ᠪᠠᠷᠬᠢᠷᠠᠳᠠᠭ | ᠦᠭᠡᠢ᠃ ᠨᠠᠰᠤ ᠦᠨᠳᠦᠷ᠂ ᠦᠶ᠎ᠡ ᠳᠡᠭᠡᠷ᠎ᠡ ᠨᠢᠭᠡ ᠨᠢ ᠨᠠᠶᠢᠷ ᠤᠨ ᠳᠤᠬᠢᠶᠠᠯ ᠢ ᠠᠰᠢᠭᠯᠠᠵᠤ ᠰᠠᠳᠤᠨ ᠳᠦᠷᠦᠯ | ᠳᠤᠮᠳᠠᠬᠢ ᠵᠠᠷᠢᠮ ᠠᠩᠬᠠᠷᠴᠤ ᠬᠢᠴᠢᠶᠡᠭᠦᠰᠢᠲᠡᠢ ᠵᠦᠢᠯ ᠶᠢ ᠦᠭᠡ ᠶᠢᠨ ᠵᠠᠪᠰᠠᠷ ᠲᠤ ᠤᠷᠠᠨ ᠢᠶᠠᠷ ᠳᠤᠬᠢᠭᠠᠳ | ᠠᠪᠬᠤ ᠳᠤ ᠯᠡ ᠤᠯᠠᠨ ᠤ ᠰᠡᠳᠬᠢᠯ ᠳᠤ ᠨᠠᠰᠤᠳᠠᠨ ᠤ ᠰᠤᠷᠭᠠᠯ ᠭᠢᠯᠠᠰᠴᠤ᠂ ᠪᠡᠶ᠎ᠡ ᠪᠠᠨ ᠵᠠᠰᠠᠵᠤ ᠶᠠᠪᠤᠬᠤ ᠶᠢᠨ ᠲᠤᠯᠢ | ᠪᠤᠯᠳᠠᠭ᠃ ᠬᠠᠶᠠ ᠨᠢᠭᠡ ᠨᠢ ᠰᠠᠷᠬᠤᠳ ᠲᠤ ᠬᠠᠯᠠᠰᠴᠤ ᠰᠠᠨᠠᠭ᠎ᠠ ᠬᠦᠭᠰᠡᠭᠰᠡᠨ ᠬᠠᠷᠠᠭᠳᠠᠳᠠᠭ ᠴᠤ ᠠᠬᠠᠮᠠᠳ ᠨᠢᠭᠡ ᠨᠢ | ᠦᠭᠡ ᠪᠠᠷ ᠳᠤᠬᠢᠬᠤ ᠪᠤᠶᠤ ᠬᠤᠭᠤᠯᠠᠢ ᠵᠠᠰᠠᠭᠠᠳ ᠠᠪᠬᠤ ᠳᠤ ᠯᠡ ᠪᠡᠶ᠎ᠡ ᠪᠠᠨ ᠪᠠᠷᠢᠵᠤ ᠰᠠᠭᠤᠳᠠᠯ ᠢᠶᠠᠨ ᠵᠠᠰᠠᠨ | ᠲᠦᠯᠦᠪ ᠲᠦᠪᠰᠢᠨ ᠪᠠᠶᠢᠳᠠᠯ ᠳᠤ ᠤᠷᠤᠳᠠᠭ᠃ ᠨᠠᠶᠢᠷ ᠤᠨ ᠶᠠᠪᠤᠴᠠ ᠳᠤ ᠦᠰᠪᠦᠷᠢ ᠬᠡᠦᠬᠡᠳ ᠢ ᠤᠷᠤᠭᠤᠯᠵᠤ | ᠨᠠᠶᠢᠷ ᠲᠤ ᠰᠠᠭᠤᠭ᠎ᠠ ᠨᠠᠰᠤᠲᠠᠶᠢᠴᠤᠳ ᠤᠨ ᠦᠶ᠎ᠡ ᠳᠠᠭᠤᠳᠠᠯᠭ᠎ᠠ ᠶᠢ ᠲᠠᠨᠢᠭᠤᠯᠤᠨ ᠠᠷᠢᠬᠢ ᠪᠠᠷᠢᠭᠤᠯᠬᠤ ᠳᠤ | ᠤᠯᠠᠨ ᠢᠶᠠᠷ ᠢᠶᠠᠨ ᠬᠡᠦᠬᠡᠳ ᠤᠨ ᠵᠢᠰᠦᠯᠢᠭ᠂ ᠰᠡᠷᠭᠦᠯᠡᠩ᠂ ᠬᠢᠷᠠᠬᠠᠢ᠂ ᠴᠤᠪᠤᠭᠤ ᠶᠢ ᠮᠠᠭᠲᠠᠵᠤ ᠰᠠᠶᠢᠨ | ᠰᠠᠶᠢᠬᠠᠨ ᠢ ᠨᠢ ᠢᠷᠦᠭᠡᠳᠡᠭ᠃ ᠨᠠᠶᠢᠷ ᠤᠨ ᠰᠢᠷᠡᠭᠡᠨ ᠳᠤ ᠨᠠᠷᠬᠢᠶᠠᠨ ᠬᠦᠭᠵᠢᠶᠠᠨ ᠲᠠᠢ ᠪᠠᠶᠢᠭᠰᠠᠨ ᠴᠤ ᠬᠡᠦᠬᠡᠳ | ᠤᠷᠤᠭᠠᠳ ᠢᠷᠡᠬᠦ ᠳᠤ ᠯᠡ ᠨᠠᠮ ᠪᠤᠯᠵᠤ᠂ ᠨᠠᠰᠤ ᠨᠠᠮᠪᠠ ᠬᠤᠶᠠᠷ ᠨᠢ ᠶᠠᠭ ᠲᠡᠩᠴᠡᠭᠰᠡᠨ ᠰᠠᠶᠢᠬᠠᠨ ᠰᠠᠶᠢᠬᠠᠨ | ᠲᠤᠮᠤᠭᠠᠲᠠᠳ ᠰᠠᠭᠤᠵᠤ ᠯᠡ ᠪᠠᠶᠢᠳᠠᠭ᠃ ᠴᠤᠬᠤᠮ ᠬᠦᠮᠦᠨ ᠪᠤᠯᠵᠤ ᠠᠮᠢᠳᠤᠷᠠᠬᠤ ᠶᠢᠨ ᠮᠡᠷᠭᠡᠨ ᠵᠠᠮᠴᠢ ᠬᠦᠮᠦᠰ ᠳ᠋ᠠ︕ | | ᠠᠶᠢᠯ ᠠᠮᠢᠳᠤᠷᠠᠯ ᠤᠨ ᠪᠠᠶᠢᠳᠠᠯ ᠤᠨᠳᠤᠤ᠂ ᠪᠠᠶᠠᠨ ᠶᠠᠳᠠᠭᠤ ᠶᠢᠨ ᠵᠦᠷᠢᠶ᠎ᠡ ᠪᠠᠶᠢᠳᠠᠭ ᠴᠤ ᠪᠢᠲᠡᠭᠦᠯᠡᠵᠦ | ᠰᠢᠨᠡᠯᠡᠬᠦ ᠵᠠᠩᠰᠢᠯ ᠨᠢ ᠦᠨᠳᠦᠰᠦᠨ ᠳᠡᠭᠡᠨ ᠠᠳᠠᠯᠢ ᠪᠠᠶᠢᠵᠤ ᠦᠶ᠎ᠡ ᠨᠠᠰᠤ ᠬᠤᠶᠠᠷ ᠢ ᠬᠦᠨᠳᠦᠯᠡᠵᠦ᠂ ᠬᠦᠳᠡᠯᠮᠤᠷᠢ | ᠵᠢᠷᠤᠮ ᠬᠤᠶᠠᠷ ᠢ ᠳᠡᠭᠡᠳᠦᠯᠡᠵᠦ ᠪᠠᠶᠢᠳᠠᠭ᠃ ᠠᠶᠢᠯ ᠰᠠᠭᠠᠬᠠᠯᠲᠠ ᠳᠤᠨᠢ ᠡᠪᠡᠳᠴᠢᠨ ᠬᠠᠭᠤᠴᠢᠨ ᠲᠠᠢ ᠬᠦᠮᠦᠨ ᠪᠤᠶᠤ | ᠭᠤᠨᠢ ᠪᠡᠶ᠎ᠡ ᠨᠠᠰᠤᠳᠠᠨ ᠲᠠᠢ ᠪᠤᠯ ᠪᠢᠲᠡᠭᠦᠨ ᠠᠴᠠ ᠤᠷᠢᠳᠠᠭᠤᠷᠬᠠᠨ ᠭᠡᠷ ᠲᠡᠷᠬᠡ ᠶᠢ ᠨᠢ ᠬᠠᠪᠰᠤᠷᠤᠨ ᠴᠡᠪᠡᠷᠯᠡᠵᠤ | ᠠᠷᠭᠠᠯ ᠲᠦᠯᠡᠰᠢ ᠶᠢ ᠨᠢ ᠤᠶᠢᠷᠠᠲᠤᠭᠤᠯᠵᠤ᠂ ᠬᠤᠭᠰᠢᠯ ᠨᠢᠮᠭᠡᠨ ᠨᠢᠭᠡ ᠳᠤᠨᠢ ᠫᠢᠯᠠᠨ ᠤ ᠬᠤᠷᠤᠳ᠂ ᠱᠦᠯᠦᠨ ᠤ | ᠮᠢᠬ᠎ᠠ ᠬᠦᠷᠭᠡᠵᠤ ᠦᠭᠳᠡᠭ᠃ ᠲᠤᠰᠬᠠᠢ ᠮᠠᠯ ᠤᠨ ᠬᠦᠮᠦᠨ ᠲᠠᠢ ᠠᠶᠢᠯ ᠪᠤᠯ ᠪᠢᠲᠡᠭᠦᠯᠡᠵᠦ ᠰᠢᠨᠡᠯᠡᠬᠦ ᠳᠡᠭᠡᠨ ᠮᠠᠯ ᠤᠨ | ᠬᠦᠮᠦᠨ ᠢᠶᠠᠨ ᠵᠤᠴᠢᠯᠠᠨ ᠬᠦᠨᠳᠦᠯᠡᠵᠦ᠂ ︽ᠰᠢᠨ᠎ᠡ︾ ᠬᠠᠭᠤᠴᠢᠷᠠᠬᠤ ᠠᠴᠠ ᠡᠮᠦᠨ᠎ᠡ ᠵᠠᠪᠠᠯ ᠬᠤᠶᠠᠷ ᠡᠳᠦᠷ | ᠠᠮᠠᠷᠠᠭᠤᠯᠵᠤ ᠭᠡᠷ ᠤᠨ ᠡᠵᠡᠨ ᠦᠪᠡᠷ ᠢᠶᠠᠨ ᠪᠤᠶᠤ ᠭᠤᠤᠯ ᠬᠦᠳᠡᠯᠮᠤᠷᠢ ᠬᠦᠴᠦᠨ ᠪᠤᠯᠬᠤ ᠨᠢᠭᠡ ᠨᠢ ᠦᠰᠴᠦ ᠪᠤᠢ | ᠬᠡᠦᠬᠡᠳ ᠳᠡᠭᠦᠦᠨᠡᠷ ᠢᠶᠠᠨ ᠳᠠᠭᠠᠭᠤᠯᠵᠤ ᠮᠠᠯ ᠳᠤ ᠶᠠᠪᠤᠨ᠎ᠠ᠃ ᠬᠡᠨ ᠨᠢᠭᠡ ᠨᠢ ᠦᠪᠡᠷ ᠤᠨ ᠪᠤᠶᠤ ᠪᠤᠰᠤᠳ ᠤᠨ ᠮᠠᠯ ᠢ | ᠬᠠᠷᠢᠭᠤᠯᠳᠠᠭ ᠪᠤᠯ ᠮᠦᠨ ᠰᠢᠨ᠎ᠡ ᠬᠠᠭᠤᠴᠢᠷᠠᠬᠤ ᠠᠴᠠ ᠡᠮᠦᠨ᠎ᠡ ᠠᠬ᠎ᠠ ᠳᠡᠬᠦᠦ ᠨᠢ ᠪᠤᠶᠤ ᠬᠡᠦᠬᠡᠳ ᠨᠢ ᠤᠷᠤᠨ ᠳᠤᠨᠢ | ᠮᠠᠯ ᠳᠤ ᠶᠠᠪᠤᠵᠤ ᠬᠤᠨᠢᠴᠢᠨ ᠦᠬᠡᠷᠴᠢᠨ ᠢᠶᠠᠨ ᠠᠮᠠᠷᠠᠭᠤᠯᠤᠨ᠎ᠠ᠃ ᠬᠤᠨᠢᠴᠢᠨ ᠦᠬᠡᠷᠴᠢᠨ ᠵᠡᠷᠭᠡ ᠠᠵᠢᠯ ᠤᠨ | ᠬᠦᠮᠦᠰ ᠨᠢ ᠭᠡᠷ ᠤᠨ ᠬᠦᠮᠦᠨ ᠪᠤᠶᠤ ᠡᠵᠡᠨ ᠠᠶᠢᠯ ᠤᠨ ᠢᠶᠠᠨ ᠬᠠᠯᠠᠮᠵᠢ ᠪᠠᠷ ᠬᠡᠳᠦᠨ ᠡᠳᠦᠷ ᠬᠦᠯ ᠠᠮᠠᠷᠠᠨ ᠴᠠᠭᠠᠨ | ᠰᠠᠷ᠎ᠠ ᠶᠢᠨ ᠬᠦᠷ ᠪᠠᠶᠠᠷ ᠢ ᠪᠤᠰᠤᠳ ᠲᠠᠢ ᠠᠳᠠᠯᠢᠬᠠᠨ ᠬᠦᠷᠳᠡᠳᠡᠭ᠃ ᠬᠡᠦᠬᠡᠳ ᠳᠡᠭᠦᠦ ᠨᠡᠷ ᠢᠶᠠᠨ ᠳᠠᠭᠠᠭᠤᠯᠤᠨ | ᠬᠤᠨᠢ ᠮᠠᠯ ᠬᠠᠷᠢᠭᠤᠯᠵᠦ ᠶᠠᠪᠤᠬᠤ ᠳᠠᠭᠠᠨ ᠤᠪᠤᠭ᠎ᠠ ᠪᠤᠯᠠᠭ᠂ ᠤᠰᠤ ᠪᠡᠯᠴᠢᠭᠡᠷ᠂ ᠤᠯᠠᠭ᠎ᠠ ᠵᠠᠮ ᠢᠶᠠᠨ ᠲᠠᠨᠢᠭᠤᠯᠵᠤ᠂ | ᠲᠡᠭᠷᠢ ᠶᠢᠨ ᠪᠠᠶᠢᠳᠠᠯ᠂ ᠮᠠᠯ ᠤᠨ ᠠᠷᠠᠨᠰᠢ ᠳᠤ ᠬᠦᠷᠲᠠᠯ᠎ᠠ ᠶᠠᠷᠢᠵᠤ ᠶᠠᠪᠤᠳᠠᠭ ᠲᠡᠶᠢᠮᠦ ᠬᠤᠯᠠ ᠶᠢᠨ ᠤᠬᠠᠭᠠᠨ ᠲᠠᠢ | ᠵᠢᠷ ᠤᠨ ᠮᠠᠯᠴᠢᠨ ᠮᠠᠨᠠᠶᠢᠬᠢᠨ ᠳᠤ ᠵᠦᠩᠳᠡᠭᠡᠨ ᠯᠡ ᠪᠠᠶᠢᠭᠰᠠᠨ ᠳ᠋ᠠ᠃ ᠲᠡᠶᠢᠨᠬᠦ ᠰᠠᠷ᠎ᠠ ᠰᠢᠨ᠎ᠡ ᠶᠢᠨ ᠴᠠᠭ ᠢᠶᠠᠷ | ᠡᠴᠢᠭᠡ ᠪᠠᠨ ᠳᠠᠭᠠᠵᠤ ᠪᠤᠰᠤᠳ ᠤᠨ ᠤᠷᠤᠨ ᠳᠤ ᠮᠠᠯ ᠳᠤ ᠶᠠᠪᠤᠭᠰᠠᠨ ᠬᠡᠦᠬᠡᠳ᠂ ᠡᠰᠡᠪᠡᠯ ᠡᠴᠢᠭᠡ᠂ ᠠᠬ᠎ᠠ ᠪᠠᠨ | ᠤᠷᠤᠯᠠᠨ ᠬᠡᠭᠡᠷ᠎ᠡ ᠶᠢᠨ ᠵᠢᠪᠠᠷ ᠲᠤ ᠮᠠᠯ ᠲᠠᠭᠤᠭᠰᠠᠨ ᠬᠡᠦᠬᠡᠳ ᠰᠠᠶ᠋ᠢ ᠬᠦᠳᠡᠯᠮᠤᠷᠢ ᠶᠢ ᠡᠷᠬᠢᠮᠯᠡᠳᠡᠭ ᠰᠠᠶᠢᠬᠠᠨ ᠰᠤᠷᠲᠠᠯ | ᠂ ᠪᠤᠰᠤᠳ ᠢ ᠬᠠᠯᠠᠮᠵᠢᠯᠠᠳᠠᠭ ᠠᠷᠢᠭᠤᠨ ᠰᠡᠳᠬᠢᠯ᠂ ᠠᠮᠢᠳᠤᠷᠠᠯ ᠢ ᠨᠠᠨᠳᠢᠩᠨᠠᠳᠠᠭ ᠮᠡᠷᠭᠡᠨ ᠤᠬᠠᠭᠠᠨ ᠲᠠᠢ ᠬᠦᠮᠦᠨ | ᠪᠤᠯᠵᠤ ᠦᠰᠳᠡᠭ ᠠᠵᠠᠢ᠃ | ᠰᠢᠨ᠎ᠡ ᠶᠢᠨ ᠴᠠᠭ ᠲᠤ ︽ᠰᠢᠪᠠᠭᠠᠰᠤ ᠲᠠᠢ ᠠᠷᠭᠠᠯ ᠳᠡᠭᠡᠷ᠎ᠡ ᠴᠤ ᠪᠠᠭᠤᠵᠤ᠂ ᠱᠠᠯᠳᠠᠩ ᠬᠦᠮᠦᠨ ᠲᠠᠢ ᠴᠤ | ᠵᠤᠯᠭᠠᠨ᠎ᠠ︾ ᠭᠡᠵᠦ ᠬᠡᠯᠡᠳᠡᠭ ᠪᠤᠯᠪᠠᠴᠤ ᠴᠠᠭ᠎ᠠ ᠭᠠᠰᠢᠭᠤ ᠲᠠᠢ ᠠᠶᠢᠯ ᠳᠤ ᠬᠦᠷᠴᠦ ᠪᠢᠲᠡᠭᠦᠯᠡᠵᠦ ᠰᠢᠨᠡᠯᠡᠳᠡᠭ ᠦᠭᠡᠢ᠂ | ᠬᠠᠷᠢᠨ ᠨᠠᠰᠤ ᠲᠤᠮᠤᠭ᠎ᠠ ᠲᠠᠢ ᠬᠦᠮᠦᠰ ᠨᠢ ᠪᠢᠲᠡᠭᠦᠨ ᠠᠴᠠ ᠤᠷᠢᠳᠠᠭᠤᠷᠬᠠᠨ ᠪᠤᠶᠤ ᠰᠢᠨ᠎ᠡ ᠶᠢᠨ ᠨᠢᠭᠡᠨ | ᠬᠤᠶᠠᠷ ᠠᠴᠠ ᠬᠤᠶᠢᠰᠢ ᠴᠭᠠ ᠭᠠᠰᠢᠭᠤ ᠲᠠᠢ ᠠᠶᠢᠯ ᠳᠤ ᠬᠦᠷᠴᠤ ᠪᠤᠯᠭᠤᠭᠠᠨ ᠲᠤᠬᠢᠨᠠᠭᠤᠯᠳᠠᠭ᠃ ᠬᠡᠴᠢᠨᠡᠨ ᠪᠠᠶᠠᠷ | ᠭᠦᠷ ᠲᠠᠢ ᠪᠠᠶᠢᠭᠰᠠᠨ ᠴᠤ ᠴᠠᠭ᠎ᠠ ᠲᠠᠢ ᠰᠢᠨᠡᠯᠡᠬᠦ ᠬᠦᠮᠦᠨ ᠤ ᠳᠡᠷᠭᠡᠳᠡ ᠳᠦᠯᠬᠡᠨ ᠳᠠᠷᠤᠤ ᠪᠠᠶᠢᠵᠤ᠂ ᠪᠤᠰᠤᠳ ᠤᠨ | ᠤᠢ ᠭᠠᠰᠢᠭᠤ ᠶᠢ ᠬᠦᠨᠳᠡᠵᠦ ᠰᠡᠳᠬᠢᠯ ᠢ ᠨᠢ ᠡᠮᠵᠢᠭᠯᠡᠭᠦᠯᠬᠦ ᠠᠴᠠ ᠪᠤᠯᠭᠤᠮᠵᠢᠯᠠᠳᠠᠭ᠃ ᠬᠡᠦᠬᠡᠳ ᠪᠠᠭᠠᠴᠤᠤᠯ ᠳᠠᠭᠠᠨ | ᠴᠠᠭ᠎ᠠ ᠴᠡᠭᠡᠷ ᠤᠨ ᠤᠴᠢᠷ ᠢ ᠲᠠᠨᠢᠭᠤᠯᠵᠤ᠂ ᠮᠡᠳᠡᠭᠡ ᠦᠭᠡᠢ ᠪᠠᠷ ᠪᠤᠰᠤᠳ ᠲᠤ ᠶᠤᠰᠤ ᠠᠯᠳᠠᠬᠤ ᠠᠴᠠ ᠰᠡᠷᠭᠡᠶᠢᠯᠡᠳᠡᠭ | ᠃ ᠴᠠᠭ᠎ᠠ ᠴᠡᠭᠡᠷ ᠲᠠᠢ ᠠᠶᠢᠯ ᠤᠨ ᠬᠦᠮᠦᠰ ᠨᠢ ᠪᠤᠷᠬᠠᠨ ᠲᠡᠭᠷᠢ ᠪᠠ ᠲᠠᠯᠠᠶᠢᠭᠠᠴᠢ ᠳᠠᠭᠠᠨ ᠬᠦᠵᠢ ᠵᠤᠯᠠ ᠪᠠᠷᠢᠵᠤ᠂ | ᠢᠳᠡᠭᠡᠨ ᠤ ᠳᠡᠭᠡᠵᠢ ᠡᠷᠭᠦᠳᠡᠭ ᠴᠤ ᠪᠤᠰᠤᠳ ᠤᠨ ᠠᠮᠤᠷ ᠢ ᠡᠷᠢᠨ ᠵᠤᠯᠭᠠᠬᠤ ᠦᠭᠡᠢ᠂ ᠨᠠᠶᠢᠷ ᠬᠦᠭᠵᠢᠶᠡᠨ ᠳᠤ | ᠤᠷᠤᠯᠴᠠᠬᠤ ᠦᠭᠡᠢ ᠪᠠᠶᠢᠵᠤ ᠶᠤᠰᠤ ᠴᠡᠭᠡᠷ ᠢᠶᠠᠨ ᠴᠢᠩᠭ᠎ᠠ ᠰᠠᠬᠢᠳᠠᠭ᠃ | ᠴᠠᠭᠠᠨ ᠰᠠᠷ᠎ᠠ ᠶᠢᠨ ᠬᠤᠭᠤᠴᠠᠭᠠᠨ ᠳᠤ ᠶᠠᠳᠠᠷ ᠳᠤᠷᠤᠢ ᠮᠠᠯ ᠪᠠ ᠲᠦᠯ ᠰᠠᠶᠢᠲᠠᠢ ᠡᠴᠢᠬᠡ ᠡᠬᠡ ᠮᠠᠯ ᠢ | ᠶᠡᠷᠦ ᠶᠢᠨ ᠴᠠᠭ ᠠᠴᠠ ᠢᠯᠡᠭᠦᠦ ᠬᠠᠷᠠᠭᠠᠯᠵᠠᠵᠤ᠂ ᠲᠠᠷᠬᠠᠯᠠᠭᠰᠠᠨ᠂ ᠰᠡᠲᠡᠷᠯᠡᠭᠰᠡᠨ ᠮᠠᠯ ᠢ ᠬᠦᠮᠦᠨ ᠤ ᠦᠪᠡᠷ ᠤᠨ | ᠢᠯᠭᠠᠯ ᠦᠭᠡᠢ ᠬᠠᠮᠢᠭ᠎ᠠ ᠪᠤᠯᠪᠠᠴᠤ ᠮᠠᠭᠲᠠᠵᠤ ᠢᠷᠦᠭᠡᠵᠦ ᠯᠡ ᠪᠠᠶᠢᠳᠠᠭ᠃ ᠤᠯᠠᠩᠬᠢ ᠠᠶᠢᠯ ᠴᠠᠭᠠᠨ ᠰᠠᠷ᠎ᠠ ᠶᠢᠨ | ᠠᠷᠪᠠᠨ ᠲᠠᠪᠤᠨ ᠳᠤ ᠪᠤᠶᠤ ᠠᠷᠪᠠᠨ ᠲᠠᠪᠤᠨ ᠤ ᠡᠮᠦᠨ᠎ᠡ ᠬᠤᠶᠢᠨᠠᠬᠢ ᠡᠳᠦᠷ ᠠᠴᠠ ᠰᠤᠩᠭᠤᠵᠤ ᠮᠠᠯ ᠢᠶᠠᠨ | ᠰᠢᠨᠡᠯᠡᠭᠦᠯᠦᠨ᠎ᠡ᠃ ᠮᠠᠯ ᠰᠢᠨᠡᠯᠡᠭᠦᠯᠬᠦ ᠡᠳᠦᠷ ᠪᠤᠯ ᠬᠡᠦᠬᠡᠳ ᠪᠠᠭᠠᠴᠤᠤᠯ ᠤᠨ ᠪᠠᠶᠠᠷ ᠲᠠᠢ ᠪᠦᠭᠡᠳ ᠬᠦᠷᠲᠡᠭᠡᠯ ᠲᠠᠢ | ᠨᠢᠭᠡᠨ ᠡᠳᠦᠷ ᠪᠤᠯᠤᠨ᠎ᠠ᠃ ᠲᠡᠳᠡ ᠠᠬᠠᠮᠠᠳ ᠢᠶᠠᠨ ᠳᠠᠭᠠᠵᠤ ᠮᠤᠷᠢᠨ ᠤᠶᠠᠭ᠎ᠠ᠂ ᠬᠤᠳᠳᠤᠭ ᠤᠰᠤ᠂ ᠬᠠᠰᠢᠶ᠎ᠠ | ᠰᠠᠷᠠᠪᠴᠢ ᠵᠡᠷᠭᠡ ᠮᠠᠯ ᠤᠨ ᠠᠮᠢᠳᠤᠷᠠᠯ ᠤᠨ ᠤᠷᠴᠢᠨ ᠢ ᠴᠡᠪᠡᠷᠯᠡᠬᠦ ᠠᠵᠢᠯ ᠳᠤ ᠬᠠᠮᠵᠢᠯᠴᠠᠨ᠎ᠠ᠃ ᠠᠳᠤᠭᠤᠨ ᠲᠠᠮᠠᠭ᠎ᠠ᠂ | ᠲᠦᠯ ᠤᠨ ᠤᠭᠤᠲᠠ ᠵᠡᠷᠭᠡ ᠮᠠᠯᠵᠢᠯ ᠤᠨ ᠴᠢᠬᠤᠯᠠ ᠬᠡᠷᠡᠭᠰᠡᠯ ᠢ ᠪᠡᠯᠭᠡᠰᠢᠶᠡᠨ ᠮᠢᠯᠢᠶᠠᠬᠤ᠂ ᠬᠤᠳᠳᠤᠭ ᠤᠰᠤᠨ | ᠳᠡᠭᠡᠷ᠎ᠡ ᠬᠡᠰᠢᠭ ᠬᠤᠷᠦ᠋ᠢᠯᠠᠬᠤ ᠵᠢᠴᠢ ᠮᠠᠯ ᠤᠨ ᠴᠤᠪᠤᠭ᠎ᠠ ᠪᠠ ᠬᠤᠷᠤᠭ᠎ᠠ ᠬᠡᠪᠲᠡᠷᠢ ᠶᠢᠨ ᠡᠭᠦᠳᠡᠨ ᠳᠤ ᠠᠬᠢ ᠭᠠᠩᠭ᠎ᠠ | ᠠᠷᠴᠠ ᠦᠨᠦᠷᠲᠡᠨ ᠢ ᠡᠭᠦᠰᠬᠡᠨ ᠰᠦᠷᠦᠭ ᠢᠶᠠᠨ ᠠᠷᠢᠭᠤᠯᠠᠬᠤ ᠶᠢ ᠬᠠᠷᠠᠵᠤ ᠡᠴᠢᠨ᠎ᠡ ᠭᠦᠨ ᠤᠴᠢᠷ ᠤᠳᠬ᠎ᠠ ᠶᠢ ᠨᠢ | ᠭᠠᠶᠢᠬᠠᠨ ᠠᠰᠠᠭᠤᠵᠠᠭᠠᠨᠠ᠃ ᠪᠡᠯᠴᠢᠭᠡᠷ ᠲᠤ ᠭᠠᠷᠤᠭ᠎ᠠ ᠦᠭᠡᠢ ᠲᠡᠵᠢᠭᠡᠪᠦᠷᠢ ᠪᠠ ᠡᠷᠲᠡ ᠶᠢᠨ ᠲᠦᠯ ᠢ ᠡᠩ ᠤᠨ | ᠡᠳᠦᠷ ᠠᠴᠠ ᠢᠯᠡᠭᠦᠦ ᠬᠠᠷᠠᠭᠠᠯᠵᠠᠬᠤ ᠡᠭᠦᠷᠭᠡ ᠬᠦᠯᠢᠶᠡᠵᠦ ᠬᠤᠷᠠᠭ᠎ᠠ ᠤᠭᠵᠢᠵᠦ᠂ ᠲᠡᠵᠢᠭᠡᠪᠦᠷᠢ ᠤᠰᠤᠯᠠᠨ᠎ᠠ᠃ | ᠨᠠᠰᠤᠲᠠᠨ ᠲᠤᠮᠤᠭᠠᠳᠠᠨ ᠨᠢ ᠰᠦᠷᠦᠭ ᠤᠨ ᠲᠦᠷᠦᠭᠦᠦ ᠪᠠ ᠭᠠᠪᠢᠶᠠᠲᠤ ᠮᠠᠯ ᠢᠶᠠᠨ ᠮᠢᠯᠢᠶᠡᠨ ᠮᠠᠯ ᠰᠦᠷᠦᠭ ᠤᠨ ᠢᠶᠠᠨ | ᠦᠨᠢᠷ ᠦᠰᠴᠤ ᠠᠶᠢᠯ ᠠᠮᠢᠳᠤᠷᠠᠯ ᠤᠨ ᠢᠶᠠᠨ ᠦᠭᠡᠳᠡ ᠬᠡᠶᠢᠮᠤᠷᠢ ᠲᠠᠢ ᠪᠠᠶᠢᠬᠤ ᠶᠢ ᠢᠷᠦᠬᠡᠨ ᠵᠦᠩᠨᠠᠵᠡᠭᠡᠬᠦ ᠳᠤ | ᠪᠠᠯᠴᠢᠷ ᠪᠠᠭᠠᠴᠤᠤᠯ ᠨᠢ ︽ᠰᠢᠨ᠎ᠡ ᠶᠢᠨ ᠨᠢᠭᠡᠨ ᠰᠢᠷᠡᠭᠡᠨ ᠳᠡᠭᠡᠷ᠎ᠡ᠂ ᠱᠢᠷᠦᠮᠡᠨ ᠱᠠᠬᠤᠤ ᠴᠤᠭ ᠳᠡᠭᠡᠷ᠎ᠡ᠂ ᠬᠤᠷᠤᠢ | ᠬᠤᠷᠤᠢ ᠬᠤᠳᠳᠤᠭ ᠳᠡᠭᠡᠷ᠎ᠡ᠂ ᠬᠤᠷᠠᠭᠠᠨ ᠮᠠᠯᠠᠭᠠᠢ ᠲᠤᠬᠤᠨ ᠳᠡᠭᠡᠷ᠎ᠡ︾ ᠭᠡᠵᠤ ᠠᠮᠠᠨ ᠨᠠᠶᠢᠷᠠᠭ ᠤᠩᠰᠢᠨ | ᠬᠦᠭᠡᠷᠦᠯᠳᠡᠵᠦ᠂ ᠬᠦᠳᠡᠯᠮᠤᠷᠢ ᠶᠢᠨ ᠳᠤᠮᠳᠠ ᠠᠴᠠ ᠬᠦᠳᠡᠯᠮᠤᠷᠢ ᠶᠢ᠂ ᠠᠮᠢᠳᠤᠷᠠᠯ ᠤᠨ ᠳᠤᠮᠳᠠ ᠠᠴᠠ ᠠᠮᠢᠳᠤᠷᠠᠯ ᠢ | ᠰᠤᠷᠤᠨ᠎ᠠ᠃ ᠡᠶᠢᠨᠬᠦ ᠠᠮᠢ ᠠᠮᠢᠳᠤᠷᠠᠯ ᠤᠨ ᠢᠷᠡᠯᠲᠡ ᠪᠤᠯᠤᠭᠰᠠᠨ ᠮᠠᠯ ᠰᠦᠷᠦᠭ ᠲᠡᠭᠡᠨ ᠡᠭᠡᠯᠢᠲᠡᠢ᠂ ᠮᠠᠯᠴᠢᠨ | ᠠᠮᠢᠳᠤᠷᠠᠯ ᠳᠠᠭᠠᠨ ᠬᠠᠶᠢᠷᠠᠲᠠᠢ᠂ ᠮᠠᠯᠵᠢᠯ ᠤᠨ ᠰᠤᠶᠤᠯ ᠤᠨ ᠢᠶᠠᠨ ᠨᠠᠷᠢᠨ ᠠᠭᠤᠯᠭ᠎ᠠ ᠶᠢ ᠮᠡᠳᠡᠳᠡᠭ ᠦᠩᠰᠢᠭ | ᠰᠠᠶᠢᠬᠠᠨ ᠰᠡᠳᠬᠢᠯ ᠲᠠᠢ ᠰᠢᠨ᠎ᠡ ᠦᠶ᠎ᠡ ᠶᠢᠨ ᠮᠤᠩᠭᠤᠯ ᠬᠦᠮᠦᠨ ᠭᠤᠯᠤᠮᠲᠠ ᠵᠠᠯᠭᠠᠨ ᠦᠰᠦᠨ᠎ᠡ᠃ | | ᠮᠤᠩᠭᠤᠯᠴᠤᠳ ᠰᠢᠨᠡᠬᠡᠨ ᠠᠶᠢᠯ ᠪᠤᠯᠤᠭᠰᠠᠨ ᠪᠤᠶᠤ ᠰᠠᠶ᠋ᠢᠬᠠᠨ ᠭᠠᠯ ᠭᠤᠯᠤᠮᠲᠠ ᠰᠠᠯᠭᠠᠭᠰᠠᠨ | ᠵᠠᠯᠠᠭᠤᠰ ᠤᠨ ᠢᠶᠠᠨ ᠠᠮᠢᠳᠤᠷᠠᠯ ᠤᠨ ᠤᠬᠠᠭᠠᠨ ᠳᠡᠮ ᠢ ᠰᠢᠯᠭᠠᠬᠤ ᠳᠠᠭᠠᠨ ︽ᠵᠢᠯ ᠰᠠᠷ᠎ᠠ︾ ᠪᠠᠨ ᠶᠠᠭᠠᠬᠢᠵᠦ | ᠦᠩᠭᠡᠷᠡᠬᠡᠬᠦ ᠶᠢ ᠨᠢ ᠬᠠᠷᠠᠭᠠᠳ ᠮᠡᠳᠡᠴᠢᠬᠡᠳᠡᠭ᠃ ᠰᠤᠷᠭᠠᠯ ᠲᠠᠢ ᠠᠶᠢᠯ ᠤᠨ ᠤᠬᠠᠭᠠᠯᠢᠭ ᠵᠠᠯᠠᠭᠤᠰ ᠪᠤᠯ ᠰᠢᠨᠡᠬᠡᠨ | ᠠᠶᠢᠯ ᠪᠤᠯᠤᠭᠰᠠᠨ ᠠᠩᠬᠠᠳᠠᠭᠴᠢ ᠴᠠᠭᠠᠨ ᠰᠠᠷ᠎ᠠ ᠳᠠᠭᠠᠨ ᠠᠪᠤ ᠡᠵᠢ ᠪᠠᠨ ᠦᠯᠢᠭᠡᠷᠯᠡᠨ ᠮᠦᠷᠳᠡᠵᠦ᠂ ᠭᠠᠯ ᠳᠠᠬᠢᠬᠤ᠂ | ᠪᠢᠳᠡᠭᠦᠯᠡᠭᠦ᠂ ᠰᠢᠨᠡᠯᠡᠬᠦ ᠪᠦᠬᠦ ᠶᠠᠪᠤᠴᠠ ᠳᠤ ᠶᠠᠭ ᠯᠠ ᠬᠠᠭᠤᠴᠢᠨ ᠠᠶᠢᠯ ᠰᠢᠭ᠋ ᠡᠶ᠎ᠡ ᠨᠠᠶᠢᠷ᠂ ᠡᠮᠬᠢ ᠳᠦᠷᠢᠮ᠂ | ᠶᠤᠰᠤ ᠵᠦᠢ ᠲᠠᠢ ᠪᠠᠶᠢᠵᠤ᠂ ︽ᠰᠢᠪᠠᠭᠤᠨ ᠤ ᠪᠠᠭ᠎ᠠ ᠨᠢ ᠵᠢᠷᠬᠢᠳᠡᠭ ᠪᠢᠯᠡ︾ ᠭᠡᠳ ᠬᠠᠭᠤᠴᠢᠨ ᠠᠶᠢᠯ ᠠᠴᠠ | ᠤᠷᠢᠳᠠᠵᠤ ᠳᠦᠪᠬᠢᠨᠡᠭᠡᠳ ᠪᠤᠰᠤᠳ ᠠᠴᠠ ᠲᠡᠷᠢᠭᠦᠯᠡᠵᠦ ᠶᠤᠰᠤ ᠵᠦᠢ ᠪᠠᠨ ᠬᠦᠢᠴᠡᠬᠡᠬᠦ ᠶᠢ ᠬᠢᠴᠢᠶᠡᠵᠦ ᠪᠠᠶᠢᠳᠠᠭ᠃ | ᠰᠢᠨᠡᠯᠡᠬᠦ ᠶᠢᠨ ᠡᠮᠦᠨ᠎ᠡ ᠬᠤᠶᠢᠨᠠᠬᠢ ᠰᠠᠷ᠎ᠠ ᠭᠠᠷᠤᠢ ᠶᠢᠨ ᠬᠤᠭᠤᠴᠠᠭᠠᠨ ᠳᠤ ᠠᠪᠤ ᠡᠵᠢ᠂ ᠠᠪᠠᠭ᠎ᠠ ᠨᠠᠭᠠᠴᠤ᠂ ᠠᠶᠢᠯ | ᠰᠠᠭᠠᠬᠠᠯᠲᠠ ᠪᠦᠬᠦᠨ ᠳᠡᠭᠡᠨ ᠳᠡᠭᠡᠲᠤ ᠠᠴᠠ ᠤᠳᠤᠮᠯᠠᠭᠰᠠᠨ ᠶᠤᠰᠤ ᠶᠢ ᠳᠠᠷᠠᠭᠠᠯᠠᠨ ᠭᠦᠢᠴᠡᠳᠬᠡᠵᠦ᠂ ︽ᠡᠨᠡ | ᠨᠤᠲᠤᠭ ᠲᠤ ᠡᠨᠡ ᠤᠳᠤᠮ ᠤᠨ ᠨᠢᠭᠡᠨ ᠠᠶᠢᠯ ᠨᠡᠮᠡᠭᠳᠡᠭᠰᠡᠨ ᠰᠢᠦ︾ ᠭᠡᠳᠡᠭ ᠢ ᠴᠢᠨᠢ ᠠᠭᠠᠰᠢ ᠠᠵᠢᠯ | ᠬᠤᠶᠠᠷ ᠢᠶᠠᠷ ᠢᠶᠠᠨ ᠨᠡᠶᠢᠬᠡᠮ ᠨᠡᠶᠢᠲᠡ ᠳᠤ ᠬᠡᠯᠡᠭᠡᠳ ᠦᠭᠭᠦᠴᠢᠬᠡᠨᠡ᠃ ᠪᠠᠯᠴᠢᠷ ᠪᠠᠭ᠎ᠠ ᠬᠡᠦᠬᠡᠳ ᠴᠤ ᠰᠢᠨᠡᠯᠡᠭᠡᠳ ᠯᠡ | ᠦᠩᠭᠡᠷᠡᠬᠦ ᠳᠤ ᠨᠠᠰᠤ ᠨᠡᠮᠡᠵᠤ᠂ ᠪᠡᠶ᠎ᠡ ᠦᠰᠴᠦ᠂ ᠲᠤᠮᠤᠭ᠎ᠠ ᠰᠠᠭᠤᠵᠤ᠂ ᠤᠬᠠᠭ᠎ᠠ ᠤᠷᠤᠭᠰᠠᠨ ᠨᠢ ᠪᠡᠶ᠎ᠡ ᠳᠤᠨᠢ | ᠮᠡᠳᠡᠭᠳᠡᠬᠦ ᠰᠢᠭ ᠪᠤᠯᠵᠤ᠂ ᠨᠠᠰᠤ ᠳᠠᠭᠠᠵᠤ ᠢᠷᠡᠬᠦ ᠠᠶᠢᠯ ᠠᠮᠢᠳᠤᠷᠠᠯ ᠤᠨ ᠡᠭᠦᠷᠬᠡ ᠬᠠᠷᠢᠭᠤᠴᠠᠯᠭ᠎ᠠ ᠶᠢ ᠬᠡᠨ ᠢᠶᠠᠷ ᠴᠤ | ᠠᠯᠪᠠᠲᠠᠭᠤᠯᠤᠯ ᠦᠬᠡᠢ ᠪᠠᠷ ᠬᠦᠯᠢᠶᠡᠭᠡᠳ ᠠᠪᠴᠢᠬᠠᠭᠰᠠᠨ ᠪᠠᠶᠢᠳᠠᠭ᠃ ᠢᠩᠬᠢᠭᠡᠳ ᠯᠡ ᠵᠢᠯ ᠵᠢᠯ ᠤᠨ ︽ᠰᠠᠷ᠎ᠠ | ᠰᠢᠨ᠎ᠡ︾ ᠪᠠᠷ ᠤᠬᠠᠭ᠎ᠠ ᠨᠡᠮᠡᠭᠦᠯᠵᠦ ᠦᠰᠦᠭᠰᠡᠨ ᠴᠡᠴᠡᠨ ᠮᠤᠩᠭᠤᠯ ᠤᠨ ᠬᠦᠪᠡᠭᠦᠳ ᠦᠬᠢᠳ ᠮᠢᠨᠢ ᠠᠪᠤ | ᠡᠵᠢ ᠶᠢᠨ ᠢᠶᠠᠨ ᠭᠠᠯ ᠭᠤᠯᠤᠮᠲᠠ ᠶᠢ ᠤᠯᠠᠰᠢᠷᠠᠭᠤᠯᠤᠨ ᠳᠠᠬᠢᠵᠤ ᠰᠢᠨ᠎ᠡ ᠠᠴᠠ ᠰᠢᠨ᠎ᠡ ᠶᠢ ᠳᠠᠮᠵᠢᠭᠰᠠᠭᠠᠷ | ᠦᠨᠦᠳᠦᠷ ᠤᠨ ᠨᠠᠷᠠ ᠶᠢ ᠤᠭᠳᠤᠭᠰᠠᠨ ᠪᠢᠯᠡ᠃ | | ᠮᠤᠩᠭᠤᠯᠴᠤᠳ ᠤᠨ ᠴᠠᠭᠠᠨ ᠰᠠᠷ᠎ᠠ ᠭᠡᠳᠡᠭ ᠶᠡᠷᠦ ᠠᠴᠠ ᠨᠠᠷᠬᠢᠵᠦ ᠨᠠᠭᠠᠳᠬᠤ ᠶᠢᠨ ᠰᠢᠯᠲᠠᠭ ᠳᠡᠳᠦᠢ ᠶᠠᠭᠤᠮ᠎ᠠ | ᠪᠠᠶᠢᠭ᠎ᠠ ᠦᠭᠡᠢ᠂ ᠬᠠᠷᠢᠨ ᠠᠮᠢᠳᠤᠷᠠᠯ ᠤᠨ ᠬᠠᠮᠤᠭ ᠤᠨ ᠰᠠᠶᠢᠬᠠᠨ᠂ ᠰᠤᠶᠤᠯ ᠰᠤᠷᠲᠠᠬᠤᠨ ᠤ ᠬᠠᠮᠤᠭ ᠤᠨ ᠡᠷᠬᠢᠮ ᠢ | ᠲᠦᠪᠯᠡᠷᠡᠭᠦᠯᠦᠨ ᠢᠯᠡᠷᠬᠡᠶᠢᠯᠡᠵᠦ᠂ ᠲᠡᠷᠡᠬᠦ ᠬᠠᠮᠤᠭ ᠠᠴᠠ ᠡᠷᠬᠢᠮ ᠰᠠᠶᠢᠬᠠᠨ ᠤ ᠳᠤᠮᠳᠠ ᠬᠡᠦᠬᠡᠳ ᠢᠶᠠᠨ | ᠬᠦᠮᠦᠵᠢᠭᠦᠯᠵᠦ᠂ ᠬᠠᠮᠤᠭ ᠠᠴᠠ ᠡᠷᠬᠢᠮ ᠰᠠᠶᠢᠬᠠᠨ ᠢ ᠬᠡᠦᠬᠡᠳ ᠲᠡᠭᠡᠨ ᠤᠳᠤᠮᠰᠢᠭᠤᠯᠤᠨ ᠦᠭᠬᠦ ᠶᠤᠰᠤᠯᠠᠯ ᠪᠠᠶᠠᠷ | ᠪᠠᠶᠢᠭᠰᠠᠨ ᠶᠤᠮ᠃ ᠴᠠᠭ ᠨᠡᠶᠢᠭᠡᠮ ᠤᠨ ᠬᠤᠪᠢᠷᠠᠯ ᠭᠦᠭᠵᠢᠯ ᠢ ᠲᠠᠭᠠᠨ ᠪᠢᠳᠡᠨ ᠤ ᠪᠤᠳᠠᠰ ᠤᠨ ᠠᠮᠢᠳᠤᠷᠠᠯ | ᠪᠠᠶᠠᠯᠢᠭᠵᠢᠭᠰᠠᠨ ᠴᠤ ᠤᠳᠤᠮᠳᠤ ᠰᠤᠶᠤᠯ ᠤᠨ ᠮᠢᠨᠢ ᠨᠠᠨᠳᠢᠨ ᠵᠦᠢᠯᠡᠰ ᠪᠠᠯᠠᠷᠠᠨ ᠪᠦᠳᠡᠬᠢᠷᠡᠵᠦ ᠪᠠᠶᠢᠭ᠎ᠠ ᠨᠢ ᠳᠠᠩᠴᠤ | ᠬᠠᠷᠠᠮᠰᠠᠯ ᠲᠠᠢ᠃ ᠵᠢᠯ ᠴᠠᠭᠠᠨ ᠰᠠᠷ᠎ᠠ ᠶᠢᠨ ᠬᠤᠭᠤᠴᠠᠭ᠎ᠠ ᠶᠢ ᠬᠤᠶᠢᠴᠢ ᠦᠶ᠎ᠡ ᠪᠠᠨ ᠬᠦᠮᠦᠵᠢᠭᠦᠯᠬᠦ ᠬᠠᠮᠤᠭ ᠰᠠᠶᠢᠨ | ᠳᠤᠬᠢᠶᠠᠯ ᠭᠡᠵᠦ ᠤᠶᠢᠯᠠᠭᠠᠨ ᠬᠡᠦᠬᠡᠳ ᠢᠶᠠᠨ ᠳᠠᠭᠠᠭᠤᠯᠵᠤ ᠤᠳᠤᠮᠰᠢᠯᠲᠤ ᠵᠠᠩ ᠦᠢᠯᠡ ᠶᠢᠨ ᠦᠢᠯᠡᠳᠦᠯᠭᠡ ᠳᠤᠮᠳᠠ | ᠬᠦᠮᠦᠵᠢᠬᠦᠯᠬᠦ ᠬᠦᠮᠦᠨ ᠴᠦᠭᠡᠷᠡᠵᠦ᠂ ᠦᠪᠡᠷ ᠢᠶᠠᠨ ᠴᠤ ᠶᠤᠰᠤ ᠵᠠᠩᠰᠢᠯ ᠢᠶᠠᠨ ᠮᠡᠳᠡᠬᠦ ᠦᠭᠡᠢ ᠠᠪᠤ ᠡᠵᠢ | ᠤᠯᠠᠰᠢᠷᠠᠵᠠᠢ᠃ ᠵᠤᠯᠠ ᠶᠢᠨ ᠭᠤᠤᠯ ᠤᠷᠢᠶᠠᠬᠤ᠂ ᠭᠠᠯ ᠤᠨ ᠡᠪᠴᠢᠭᠦᠦ ᠴᠢᠮᠡᠬᠦ᠂ ᠴᠠᠰᠤᠨ ᠢᠨᠳᠡᠷ ᠲᠤ ᠮᠦᠷᠭᠦᠬᠦ᠂ | ᠶᠢᠰᠦᠨ ᠬᠦᠰᠡᠯ ᠢᠶᠠᠨ ᠵᠦᠩᠨᠡᠬᠦ ᠁ ᠲᠡᠷᠡ ᠤᠯᠠᠨ ᠵᠢᠷ ᠤᠨ ᠠᠵᠢᠯ ᠶᠡᠷᠦ ᠶᠢᠨ ᠵᠠᠩᠰᠢᠯ ᠤᠳ ᠬᠡᠳᠦ᠋ᠢᠪᠡᠷ | ᠢᠨᠲ᠋ᠧᠷᠨᠧᠲ᠂ ᠪᠢᠴᠢᠭ ᠬᠡᠪᠯᠡᠯ ᠳᠤ ᠳᠤᠷᠠᠶᠢᠵᠤ ᠪᠠᠶᠢᠭ᠎ᠠ ᠪᠤᠯᠪᠠᠴᠤ ᠶᠠᠰᠤ ᠴᠢᠰᠤ ᠪᠠᠷ ᠲᠠᠮᠵᠢᠨ ᠤᠳᠤᠮᠰᠢᠬᠤ ᠨᠢᠭᠡᠨ | ᠬᠡᠯᠪᠡᠷᠢ ᠨᠢ ᠡᠪᠳᠡᠭᠳᠡᠭᠰᠡᠨ ᠪᠤᠯᠬᠤᠷ ᠳᠡᠭᠡᠳᠦᠰ ᠤᠨ ᠮᠢᠨᠢ ᠶᠤᠰᠤ ᠵᠠᠩᠰᠢᠯ ᠤᠨ ᠵᠡᠮᠳᠡᠭ ᠲᠠᠮᠲᠤᠭ ᠦᠭᠡᠳᠡᠰᠦ ᠨᠦᠭᠦᠳ | ᠮᠠᠨ ᠤ ᠠᠮᠢᠳᠤᠷᠠᠯ ᠳᠤ ᠰᠤᠶᠤᠯ ᠬᠡᠮᠡᠨ ᠨᠡᠷᠡᠯᠡᠭᠳᠡᠬᠦ ᠪᠤᠯᠵᠠᠢ᠃ ᠠᠯᠳᠠᠬᠤ ᠶᠢᠨ ᠢᠶᠠᠨ ᠦᠶ᠎ᠡ ᠳᠤ ᠯᠡ ᠰᠠᠶ᠋ᠢ | ᠨᠠᠨᠳᠢᠩᠨᠠᠬᠤ ᠪᠠᠨ ᠰᠠᠨᠠᠵᠤ ᠤᠯᠳᠠᠭ ᠨᠢ ᠬᠦᠮᠦᠨ ᠪᠢᠳᠡᠨ ᠤ ᠲᠡᠨᠡᠭ ᠠᠷᠠᠨᠰᠢ ᠴᠤ ᠪᠤᠯᠪᠠᠦ︖ ᠶᠠᠭᠤ ᠴᠤ ᠪᠤᠯᠲᠤᠭᠠᠢ | ᠂ ᠦᠨᠦᠳᠦᠷ ᠤᠨ ᠪᠢᠳᠡ ᠪᠤᠯ ᠦᠨᠳᠦᠰᠦᠨ ᠰᠤᠶᠤᠯ ᠤᠨ ᠢᠶᠠᠨ ᠰᠡᠮᠡᠷᠡᠨ ᠭᠡᠭᠡᠭᠳᠡᠬᠦ ᠶᠢ ᠨᠢᠳᠤ ᠪᠠᠷ ᠢᠶᠠᠨ ᠬᠠᠷᠠᠵᠤ | ᠪᠠᠶᠢᠭ᠎ᠠ ᠬᠦᠮᠦᠨ᠂ ᠳᠡᠭᠡᠳᠦᠰ ᠤᠨ ᠢᠶᠠᠨ ᠶᠤᠰᠤ ᠵᠠᠩᠰᠢᠯ ᠢ ᠲᠠᠰᠤᠭ ᠪᠤᠰᠤᠭ ᠴᠤ ᠪᠤᠯᠤᠭ ᠤᠶᠢᠯᠠᠭᠠᠬᠤ ᠬᠦᠮᠦᠨ᠂ | ᠰᠢᠨ᠎ᠡ ᠴᠠᠭ ᠤᠨ ᠰᠤᠶᠤᠯ ᠤᠨ ᠵᠢᠭᠤᠴᠢᠯᠠᠭᠤᠷ ᠪᠦᠬᠦᠨ ᠢ ᠠᠰᠢᠭᠯᠠᠵᠤ ᠴᠢᠳᠠᠬᠤ ᠬᠦᠮᠦᠨ᠂ ᠦᠪᠡᠷ ᠤᠨ ᠢᠶᠠᠨ | ᠰᠤᠶᠤᠯ ᠳᠤ ᠲᠤᠯᠭᠠᠷᠠᠵᠤ ᠪᠠᠶᠢᠭ᠎ᠠ ᠠᠰᠠᠭᠤᠳᠠᠯ ᠢ ᠬᠠᠮᠤᠭ ᠲᠤᠳᠤᠷᠬᠠᠢ ᠮᠡᠳᠡᠳᠡᠭ ᠬᠦᠮᠦᠨ᠃ ᠪᠢᠳᠡ ᠯᠡ | ᠳᠡᠭᠡᠳᠦᠰ ᠢᠶᠠᠨ ᠳᠠᠭᠤᠷᠢᠶᠠᠵᠤ᠂ ᠦᠷᠡᠰ ᠢᠶᠠᠨ ᠳᠠᠭᠤᠷᠢᠶᠠᠯᠭᠠᠵᠤ ᠴᠢᠳᠠᠳᠠᠭ ᠪᠤᠯ ᠮᠠᠨ ᠤ ᠶᠤᠰᠤ ᠵᠠᠩᠰᠢᠯ ᠮᠢᠩᠭ᠎ᠠ | ᠮᠢᠩᠭᠠᠨ ︽ᠰᠠᠷ᠎ᠠ ᠰᠢᠨ᠎ᠡ︾ ᠶᠢ ᠳᠠᠮᠵᠢᠨ ᠠᠷᠢᠭᠤᠨ ᠢᠶᠠᠷ ᠦᠪᠰᠢᠬᠦ ᠪᠤᠯᠤᠨ᠎ᠠ᠃ | ᠰᠢᠷ᠎ᠠ ᠨᠤᠬᠠᠢ ᠵᠢᠯ ᠤᠨ ᠴᠠᠭᠠᠨ ᠰᠠᠷ᠎ᠠ ᠶᠢ ᠤᠭᠳᠤᠵᠤ᠂ ᠭᠠᠵᠠᠷ ᠮᠦᠩᠬᠡᠯᠡᠭᠰᠡᠨ ᠭᠠᠯ ᠭᠤᠯᠤᠮᠲᠠ ᠳᠠᠭᠠᠨ | ᠮᠦᠷᠭᠦᠮᠦ︕ ᠲᠡᠭᠷᠢ ᠳᠠᠬᠢᠭᠰᠠᠨ ᠢᠨᠳᠡᠷ ᠵᠤᠯᠠ ᠳᠠᠭᠠᠨ ᠮᠦᠷᠭᠦᠮᠦ︕ ᠴᠠᠭᠠᠨ ᠰᠠᠷ᠎ᠠ ᠶᠢ ᠭᠡᠷ ᠤᠨ ᠬᠦᠮᠦᠵᠢᠯ ᠤᠨ | ᠤᠨᠴᠠᠭᠠᠢ ᠬᠤᠭᠤᠴᠠᠭ᠎ᠠ ᠪᠤᠯᠭᠠᠵᠤ᠂ ᠵᠠᠩ ᠦᠢᠯᠡ ᠶᠢ ᠬᠢᠴᠢᠶᠡᠯ ᠳᠠᠳᠤᠯᠭ᠎ᠠ ᠶᠢᠨ ᠤᠨᠴᠠᠭᠠᠢ ᠲᠠᠯᠠᠪᠤᠷ ᠪᠤᠯᠭᠠᠵᠤ᠂ | ᠠᠶᠢᠯ ᠢᠶᠠᠷ ᠤᠳᠤᠮᠯᠠᠬᠤ ᠶᠢ ᠭᠡᠭᠡᠷᠡᠭᠦᠯᠦᠨ ᠰᠤᠷᠭᠠᠬᠤ ᠶᠢᠨ ᠤᠨᠴᠠᠭᠠᠢ ᠬᠡᠯᠪᠡᠷᠢ ᠪᠤᠯᠭᠠᠭᠰᠠᠨ ᠪᠤᠭᠤᠷᠤᠯ ᠳᠡᠭᠡᠳᠦᠰ ᠤᠨ | ᠭᠠᠶᠢᠬᠠᠮᠰᠢᠭᠲᠤ ᠤᠬᠠᠭᠠᠨ ᠳᠤ ᠰᠢᠳᠦᠨ ᠮᠦᠷᠭᠦᠮᠦ︕ ᠮᠢᠩᠭ᠎ᠠ ᠮᠢᠩᠭᠠᠨ ︽ᠴᠠᠭᠠᠨ ᠰᠠᠷ᠎ᠠ︾ ᠮᠤᠩᠭᠤᠯ | ᠰᠤᠶᠤᠯ ᠤᠨ ᠭᠠᠯ ᠪᠠᠮᠪᠠᠷ ᠢ ᠳᠠᠮᠵᠢᠭᠤᠯᠬᠤ ᠦᠷᠲᠡᠭᠡ ᠪᠤᠯᠵᠤ ᠲᠡᠦᠬᠡ ᠶᠢᠨ ᠤᠷᠲᠤ ᠳᠤ ᠳᠠᠰᠤᠷᠠᠭᠠᠨ ᠦᠭᠡᠢ | ᠦᠷᠭᠦᠯᠵᠢᠯᠡᠬᠦ ᠪᠤᠯᠲᠤᠭᠠᠢ︕ |