ᠡᠷᠳᠡ ᠤᠵᠠᠭᠤᠷ ᠠᠴᠠ ᠠᠪᠤᠭᠠᠳ ᠮᠤᠩᠭᠤᠯᠴᠤᠳ ᠠᠷᠢᠭᠢ ᠤᠤᠭᠤᠬᠤ ᠳᠤ ᠤᠯᠠᠨ ᠶᠤᠰᠤ ᠵᠢᠷᠤᠮ ᠲᠠᠢ᠂ | ᠪᠤᠯᠪᠠᠰᠤᠨ ᠢ ᠡᠷᠭᠢᠮᠨᠡᠳᠡᠭ ᠵᠠᠩᠰᠢᠯ ᠲᠠᠢ ᠪᠠᠶᠢᠭᠰᠠᠨ᠃ ᠶᠠᠮᠠᠷ ᠪᠠᠶᠢᠳᠠᠯ᠂ ᠶᠠᠮᠠᠷ ᠠᠬᠤᠢ ᠤᠷᠴᠢᠨ ᠳᠤ ᠴᠤ | ᠬᠤᠨᠳᠠᠭ᠎ᠠ ᠲᠠᠢ ᠠᠷᠢᠭᠢ ᠶᠢ ᠠᠪᠤᠩᠭᠤᠳᠠ ᠠᠮᠠ ᠤᠷᠤᠭᠤ ᠪᠠᠨ ᠴᠢᠳᠬᠤᠨ ᠤᠤᠭᠤᠳᠠᠭ ᠦᠭᠡᠢ᠂ ᠬᠠᠷᠢᠨ ᠨᠠᠰᠤᠳᠠᠨ | ᠪᠤᠭᠤᠷᠤᠯ᠂ ᠠᠬᠠᠰ ᠵᠠᠬᠠᠰ ᠲᠠᠭᠠᠨ ᠤᠷᠢᠳᠠᠪᠠᠷ ᠳᠡᠭᠡᠵᠢᠯᠠᠨ ᠭᠡᠮᠨᠠᠵᠦ ᠶᠤᠰᠤ ᠤᠴᠢᠷ ᠢᠶᠠᠨ ᠭᠦᠢᠴᠡᠳᠭᠡᠨ᠂ | ᠳᠠᠷᠠᠭ᠎ᠠ ᠨᠢ ᠭᠤᠷᠪᠠᠨᠳᠠ ᠰᠡᠷᠵᠢᠮᠯᠠᠨ ᠰᠠᠴᠤᠯᠢ ᠡᠷᠭᠦᠵᠦ ᠠᠮᠰᠠᠭᠠᠳ ᠤᠤᠭᠤᠳᠠᠭ᠃ ᠡᠨᠡᠭᠦ ᠵᠠᠩ ᠵᠢᠷᠤᠮ ᠤᠨ | ᠪᠦᠷᠢᠯᠳᠦᠯ ᠨᠢ ᠳᠡᠦᠭᠡ ᠶᠢᠨ ᠡᠰᠢ ᠪᠠᠷᠢᠮᠳᠠ ᠲᠠᠢ ᠪᠦᠭᠡᠳ ᠤᠴᠢᠷ ᠤᠳᠬ᠎ᠠ ᠨᠢ ᠮᠠᠰᠢ ᠭᠦᠨ ᠪᠠᠶᠢᠳᠠᠭ᠃ | ᠠᠷᠢᠭᠢ ᠶᠢ ᠭᠤᠷᠪᠠᠨᠳᠠ ᠭᠡᠮᠨᠡᠨ ᠰᠠᠴᠤᠯᠢ ᠡᠷᠭᠦᠳᠡᠭ ᠮᠤᠩᠭᠤᠯᠴᠤᠳ ᠤᠨ ᠶᠤᠰᠤ ᠵᠠᠩᠰᠢᠯ ᠢ ᠲᠤᠷᠠᠳᠬᠤ ᠳᠤ ᠴᠢᠩᠭᠢᠰ | ᠬᠠᠭᠠᠨ ᠤ ᠪᠢᠯᠢᠭ ᠰᠤᠷᠭᠠᠯ ᠠᠴᠠ ᠡᠷᠢᠵᠦ ᠳᠤᠳᠤᠯᠠᠬᠤ ᠤᠴᠢᠷᠳᠠᠢ᠃ ᠳᠡᠦᠭᠡᠨ ᠳᠡᠮᠳᠡᠭᠯᠡᠯ ᠢ ᠦᠨᠳᠤᠰᠤᠯᠡᠪᠡᠯ᠂ | ᠨᠠᠢᠮᠠᠨ ᠤ ᠳᠠᠶᠠᠨ ᠬᠠᠠ ᠨᠠᠷᠠᠳᠤ ᠡᠯᠴᠢ ᠪᠠᠨ ᠴᠠᠭᠠᠨ ᠭᠡᠷᠡᠮ ᠤᠨ ᠠᠷᠤ ᠳᠤ ᠨᠤᠳᠤᠭᠰᠢᠭᠰᠠᠨ ᠤᠩᠭᠤᠳ ᠠᠶᠢᠮᠠᠭ ᠤᠨ | ᠳᠦᠷᠦᠭᠦᠤ ᠠᠯᠬᠤᠰᠢ ᠳᠠᠭᠢᠳᠬᠤᠷᠢ ᠳᠤ ᠢᠯᠡᠭᠡᠵᠦ᠂ ︽ᠳᠤᠷᠤᠨ᠎ᠠ ᠵᠦᠭ ᠲᠤ ᠴᠦᠭᠡᠨ ᠮᠤᠩᠭᠤᠯᠴᠤᠳ ᠪᠤᠢ ᠭᠡᠳᠡᠭ | ᠂ ᠴᠢ ᠪᠠᠷᠠᠭᠤᠨ ᠭᠠᠷ ᠪᠤᠯᠵᠦ ᠮᠤᠷᠳᠠ᠂ ᠪᠢ ᠠᠳᠡᠴᠠ ᠬᠠᠮᠰᠠᠵᠦ ᠳᠡᠳᠡᠭᠡᠷ ᠮᠤᠩᠭᠤᠯᠴᠤᠳ ᠤᠨ ᠬᠤᠷᠤᠮᠰᠠᠭ᠎ᠠ | ᠰᠠᠭᠠᠳᠠᠭ ᠢ ᠪᠤᠯᠢᠶᠠᠨ ᠠᠪᠤᠰᠤᠭᠠᠢ︾ ᠭᠡᠵᠡᠢ᠃ ᠠᠯᠬᠤᠰᠢ ᠳᠠᠭᠢᠳᠬᠤᠷᠢ ︽ᠪᠢ ᠪᠠᠷᠠᠭᠤᠨ ᠭᠠᠷ ᠴᠢᠨᠢ ᠪᠤᠯᠵᠦ | ᠴᠢᠳᠠᠬᠤ ᠦᠭᠡᠢ︾ ᠭᠡᠵᠦ ᠡᠯᠴᠢ ᠶᠢ ᠨᠢ ᠳᠠᠶᠠᠨ ᠬᠠᠭᠠᠨ ᠳᠤ ᠪᠤᠴᠠᠭᠠᠭᠠᠳ ᠦᠪᠠᠷ ᠤᠨ ᠵᠤᠬᠤᠨᠠᠭ ᠨᠠᠷᠠᠳᠤ | ᠡᠯᠴᠢ ᠪᠠᠨ ᠳᠠᠶᠢᠽᠤ ᠪᠤᠭᠳᠠ ᠴᠢᠩᠭᠢᠰ ᠬᠠᠭᠠᠨ ᠳᠤ ᠢᠯᠡᠭᠡᠵᠦ᠂ ᠵᠢᠷᠭᠤᠭᠠᠨ ᠪᠡᠯᠪᠡᠩ ︵ᠪᠤᠳᠤᠩ︶ ᠠᠷᠢᠭᠢ | ᠪᠡᠯᠡᠭᠯᠡᠨ ᠳᠠᠶᠠᠨ ᠬᠠᠨ ᠤ ᠳᠤᠪᠳᠤᠯᠤᠯᠳᠠ ᠶᠢ ᠰᠠᠷᠠᠮᠵᠢᠯᠡᠳᠤᠭᠡᠢ ᠭᠡᠰᠡᠠ ᠪᠠᠶᠢᠵᠠᠢ᠃ ︽ᠳᠠᠶᠢᠽᠤ ᠤᠷᠢᠳᠠᠪᠠᠷ ᠰᠠᠴᠤᠯᠢ | ᠡᠷᠭᠦᠵᠦ ᠳᠠᠷᠠᠭ᠎ᠠ ᠪᠠᠷ ᠵᠤᠭᠤᠭᠯᠠᠪᠠᠢ᠂ ᠭᠡᠮ ᠢ ᠭᠤᠷᠪᠠᠨᠳᠠ ᠡᠷᠭᠦᠵᠦ᠂ ᠡᠨᠡ ᠶᠠᠭᠤᠮ᠎ᠠ ᠶᠢ ᠪᠠᠭ᠎ᠠ ᠡᠳ᠋ᠯᠡᠪᠡᠰᠤ ᠴᠢᠨᠠᠷ ᠢ | ᠭᠦᠭᠵᠢᠭᠡᠮᠤᠢ᠂ ᠶᠡᠭᠡ ᠡᠳ᠋ᠯᠡᠪᠡᠰᠤ ᠴᠢᠨᠠᠷ ᠢ ᠦᠳᠡᠭᠡᠷᠡᠮᠦᠢ︾ ᠭᠡᠵᠡᠢ᠃ ᠠᠯᠬᠤᠰᠢ ᠳᠠᠭᠢᠳᠬᠤᠷᠢ ᠳᠤ ᠴᠢᠩᠭᠢᠰ | ᠬᠠᠭᠠᠨ ᠠᠴᠠ ︽ᠨᠢᠭᠡᠨ ᠡᠳᠦᠷ ᠳᠡᠯᠡᠭᠡᠢ ᠳ᠋ᠠᠭᠢᠨ ᠮᠢᠨᠦ ᠪᠤᠯᠪᠠᠰᠤ ᠴᠢᠨᠤ ᠠᠴᠢ ᠳᠤᠰᠠ ᠶᠢ ᠭᠡᠷᠭᠢᠨ ᠬᠠᠷᠢᠭᠤᠯᠬᠤ ᠶᠢ | ᠮᠦᠩᠭᠡ ᠳᠡᠭᠷᠢ ᠮᠡᠳᠡᠳᠦᠭᠡᠢ︾ ᠭᠡᠮᠡᠭᠰᠠᠨ ᠪᠦᠭᠡᠳ ᠳᠠᠶᠠᠨ ᠬᠠᠨ ᠢ ᠬᠠᠮᠳᠤᠪᠠᠷ ᠳᠠᠶᠢᠯᠠᠬᠤ ᠪᠠᠷ ᠪᠤᠯᠵᠤᠯᠳᠤᠭᠰᠠᠨ | ᠠᠵᠢ᠃ ︽ᠰᠤᠳᠤᠷ ᠤᠨ ᠴᠢᠭᠤᠯᠭᠠᠨ︾᠂ ︽ᠮᠤᠩᠭᠤᠯ ᠤᠨ ᠨᠢᠭᠤᠴᠠ ᠳᠤᠪᠴᠢᠶᠡᠨ︾᠂ ︽ᠪᠤᠭᠳᠠ | ᠪᠠᠭᠠᠳᠤᠷ ᠤᠨ ᠪᠠᠶ᠎ᠠ ᠪᠠᠷ ᠳᠠᠶᠢᠯᠠᠭᠰᠠᠨ ᠳᠡᠮᠳᠡᠭᠯᠡᠯ︾ ᠵᠢᠴᠢ ︽ᠭᠤᠤ ᠳᠠᠩ ᠵᠦᠩ ᠰᠢᠶᠠᠨ ᠸᠠᠩ ᠤᠨ ᠭᠦᠰᠢᠶᠠᠨ | ᠪᠢᠴᠢᠭ︾ ᠵᠡᠷᠭᠡ ᠳᠡᠦᠭᠡ ᠱᠠᠰᠳᠢᠷ ᠲᠤ ᠡᠨᠡ ᠳᠤᠬᠠᠢ ᠳᠡᠮᠳᠡᠭᠯᠡᠯ ᠴᠦᠮ ᠪᠤᠢ᠃ ᠴᠢᠩᠭᠢᠰ ᠬᠠᠭᠠᠨ ᠠᠯᠬᠤᠰᠢ | ᠳᠠᠭᠢᠳᠬᠤᠷᠢ ᠶᠢᠨ ᠭᠦᠷᠭᠡᠭᠰᠠᠨ ᠵᠢᠷᠭᠤᠭᠠᠨ ᠪᠠᠯᠪᠠᠩ ᠠᠷᠢᠭᠢ ᠶᠢ ᠰᠠᠴᠤᠯᠢ ᠡᠷᠭᠦᠨ ᠭᠤᠷᠪᠠᠨᠳᠠ ᠭᠡᠮ ᠡᠷᠭᠦᠵᠦ᠂ | ᠨᠠᠶᠢᠮᠠᠨ ᠠᠶᠢᠮᠠᠭ ᠢ ᠳᠠᠶᠢᠯᠠᠬᠤ ᠪᠠᠷ ᠶᠡᠭᠡ ᠴᠡᠷᠢᠭ ᠢᠶᠠᠨ ᠳᠠᠶᠢᠴᠢᠯᠠᠨ ᠮᠤᠷᠳᠠᠭᠠᠳ ᠬᠠᠷᠪᠤᠭᠰᠠᠨ ᠰᠤᠮᠤ ᠮᠠᠳᠤ | ᠬᠠᠷᠢᠯᠳᠠ ᠦᠭᠡᠢ ᠪᠠᠷ ᠨᠠᠶᠢᠮᠠᠨ ᠠᠶᠢᠮᠠᠭ ᠢ ᠬᠤᠷᠢᠶᠠᠮᠵᠢᠯᠠᠨ ᠳᠦᠪᠰᠢᠳᠭᠡᠵᠦ᠂ ᠮᠤᠩᠭᠤᠯ ᠤᠨ ᠶᠡᠭᠡ ᠬᠠᠭᠠᠨᠳᠤ | ᠳᠤᠯᠭᠤᠷ ᠳᠦᠷᠦ ᠶᠢ ᠴᠤᠭᠴᠠᠯᠠᠭᠰᠠᠨ ᠪᠠᠶᠢᠨ᠎ᠠ᠃ | ᠮᠤᠩᠭᠤᠯᠴᠤᠳ ᠡᠨᠡᠭᠦ ᠢᠯᠡᠯᠳᠠ ᠪᠠᠨ ᠳᠡᠦᠭᠡᠨ ᠳᠤ ᠦᠨᠢ ᠤᠳᠠᠭᠠᠨ ᠳᠤᠷᠠᠰᠴᠤ ᠳᠡᠮᠳᠡᠭᠯᠡᠭᠦ ᠶᠢᠨ ᠳᠦᠯᠦᠭᠡᠨᠠ | ᠴᠢᠩᠭᠢᠰ ᠬᠠᠭᠠᠨ ᠤ ᠠᠷᠢᠭᠢ ᠶᠢ ᠭᠤᠷᠪᠠᠨᠳᠠ ᠭᠡᠮ ᠡᠷᠭᠦᠵᠦ ᠰᠠᠴᠤᠯᠢ ᠰᠠᠴᠤᠭᠰᠠᠨ ᠢᠶᠠᠷ ᠪᠡᠯᠭᠡᠳᠡᠯ ᠪᠤᠯᠭᠠᠵᠦ᠂ ᠪᠠᠶᠠᠷ | ᠳᠤᠷᠠᠰᠬᠠᠯ᠂ ᠨᠠᠶᠢᠷ ᠬᠤᠷᠢᠮ᠂ ᠳᠠᠶᠢᠯᠭ᠎ᠠ ᠳᠠᠭᠢᠯᠭ᠎ᠠ ᠵᠡᠷᠭᠡ ᠴᠤᠭᠯᠠᠭᠠᠨ ᠳᠤ ᠭᠦᠨᠳᠤᠳᠭᠡᠯ ᠤᠨ ᠶᠤᠰᠤ ᠪᠤᠯᠭᠠᠨ | ᠠᠷᠢᠭᠢ ᠶᠢ ᠤᠷᠢᠳᠠᠪᠠᠷ ᠭᠤᠷᠪᠠᠨᠳᠠ ᠰᠡᠷᠵᠢᠮᠯᠠᠨ ᠰᠠᠴᠤᠯᠢ ᠡᠷᠭᠦᠭᠦ ᠪᠤᠯᠵᠠᠢ᠃ ᠮᠦᠨ ᠠᠶᠠᠨ ᠵᠠᠮ ᠳᠤ ᠭᠠᠷᠬᠤ ᠳᠠᠭᠠᠨ | ᠮᠤᠷᠳᠠᠭᠤᠯ ᠤᠨ ᠠᠷᠢᠭᠢ — ︽ᠳᠦᠷᠦᠭᠡᠨ ᠠᠷᠢᠭᠢ︾ ᠭᠡᠵᠦ ᠠᠷᠢᠭᠢ ᠶᠢ ᠭᠤᠷᠪᠠᠨᠳᠠ ᠭᠡᠮᠨᠡᠨ ᠰᠠᠴᠤᠯᠢ ᠡᠷᠭᠦᠵᠦ | ᠮᠤᠷᠳᠠᠭᠤᠯᠬᠤ ᠵᠠᠩᠰᠢᠯ ᠪᠤᠢ ᠪᠤᠯᠵᠦ᠂ ᠡᠨᠡ ᠨᠢ ᠤᠳᠤ ᠪᠤᠯᠳᠠᠯ᠎ᠠ ᠤᠯᠠᠮᠵᠢᠯᠠᠭᠳᠠᠵᠦ ᠪᠠᠶᠢᠨ᠎ᠠ᠃ | ︽ᠮᠤᠩᠭᠤᠯ ᠤᠨ ᠰᠠᠴᠠᠨ ᠬᠠᠨ ᠠᠶᠢᠮᠠᠭ ᠤᠨ ᠵᠠᠷᠢᠮ ᠬᠤᠰᠢᠭᠤ ᠦᠨᠡᠭᠡ ᠳᠤ ᠬᠤᠶᠠᠷ ᠴᠢᠭᠢ ᠲᠠᠢ ᠶᠤᠮ᠂ | ᠦᠳᠡ ᠶᠢᠨ ᠬᠤᠨᠳᠠᠭ᠎ᠠ ᠭᠤᠷᠪᠠ ᠪᠠᠶᠢᠳᠠᠭ᠃ ᠮᠤᠷᠢᠨ ᠳᠤ ᠬᠤᠶᠠᠷ ᠴᠢᠭᠢ ᠲᠠᠢ ᠰᠢᠤ᠂ ᠮᠤᠷᠳᠠᠭᠤᠯᠬᠤ ᠬᠤᠨᠳᠠᠭ᠎ᠠ | ᠭᠤᠷᠪᠠ ᠶᠤᠮ︾ ᠭᠡᠵᠦ ᠭᠤᠷᠪᠠᠨ ᠬᠤᠨᠳᠠᠭ᠎ᠠ ᠠᠷᠢᠭᠢ ᠪᠠᠷᠢᠵᠦ ᠮᠤᠷᠳᠠᠭᠤᠯᠬᠤ ︽ᠮᠤᠯᠤᠷ ᠤᠨ ᠠᠷᠢᠭᠢ︾ ᠪᠠᠷᠢᠳᠠᠭ | ᠵᠠᠩ ᠵᠢᠷᠤᠮ ᠢ ᠪᠠᠰᠠ ᠵᠠᠷᠢᠮ ᠮᠠᠲ᠋ᠧᠷᠢᠶᠠᠯ ᠳᠤ ᠳᠡᠮᠳᠡᠭᠯᠡᠵᠤ ᠪᠤᠢ᠃ ᠳᠡᠭᠡᠳᠤ ᠮᠤᠩᠭᠤᠯᠴᠤᠳ ︽ᠳᠤᠰᠠᠯᠠᠪᠠᠯ | ᠳᠤᠯᠤᠭ᠎ᠠ᠂ ᠠᠰᠠᠭᠠᠪᠠᠯ ᠠᠷᠪᠠᠨ ᠬᠤᠨᠳᠠᠭ᠎ᠠ︾ ᠭᠡᠵᠦ ᠠᠷᠢᠭᠢ ᠱᠠᠯᠠᠬᠤ ᠳᠤ ᠪᠠᠰᠠ ︽ᠴᠢᠩᠭᠢᠰ ᠬᠠᠭᠠᠨ ᠤ | ᠴᠢᠨᠳᠠᠮᠤᠨᠢ ᠶᠢᠨ ᠭᠤᠷᠪᠠ︾ ᠪᠠᠷ ᠭᠤᠷᠪᠠᠨ ᠬᠤᠨᠳᠠᠭ᠎ᠠ ᠭᠡᠮᠨᠡᠳᠡᠭ ᠪᠠᠶᠢᠨ᠎ᠠ᠃ ᠮᠤᠩᠭᠤᠯᠴᠤᠳ ᠤᠨ ᠠᠷᠢᠭᠢ ᠶᠢ | ᠭᠤᠷᠪᠠᠨᠳᠠ ᠰᠡᠷᠵᠢᠮᠯᠠᠨ ᠰᠠᠴᠤᠯᠢ ᠡᠷᠭᠦᠭᠦ ᠪᠤᠯᠪᠠᠰᠤᠨ ᠵᠠᠩᠰᠢᠯ ᠢ ᠬᠠᠷᠢ ᠤᠯᠤᠰ ᠤᠨ ᠵᠢᠭᠤᠯᠴᠢᠯᠠᠭᠴᠢ ᠸᠢᠯᠢᠶᠠᠮ | ᠷᠦᠪᠷᠦᠩ ᠬᠠᠮᠤᠭ ᠤᠨ ᠳᠦᠷᠦᠭᠦᠨ ᠳᠤ ᠳᠡᠯᠡᠭᠡᠢ ᠨᠠᠶᠢᠳᠠ ᠳᠤ ᠮᠡᠳᠡᠭᠡᠯᠡᠵᠦ ᠳᠠᠨᠢᠯᠴᠠᠭᠤᠯᠵᠠᠢ᠃ ︽ᠳᠠᠳᠠ ᠬᠤᠷᠢᠮ | ᠨᠠᠶᠢᠷ ᠭᠢᠵᠦ ᠳᠠᠷᠠᠰᠤ ᠤᠤᠭᠤᠬᠤ ᠳᠠᠭᠠᠨ ᠤᠷᠢᠳᠠᠪᠠᠷ ᠭᠡᠷ ᠤᠨ ᠡᠵᠡᠨ ᠤ ᠳᠡᠭᠡᠷ᠎ᠠ ᠳᠠᠯ᠎ᠠ ᠶᠢᠨ ᠤᠩᠭᠤᠳ ᠲᠤ | ᠠᠷᠢᠭᠢᠨ ᠤ ᠳᠡᠭᠡᠵᠢ ᠪᠠᠨ ᠡᠷᠭᠦᠵᠦ᠂ ᠪᠤᠰᠤᠳ ᠤᠩᠭᠤᠳ ᠲᠠᠭᠠᠨ ᠮᠦᠨ ᠳᠡᠰ ᠳᠠᠷᠠᠭᠠᠯᠠᠨ ᠰᠡᠷᠵᠢᠮ ᠡᠷᠭᠦᠨ᠎ᠠ᠃ | ᠳᠠᠷᠠᠭ᠎ᠠ ᠨᠢ ᠨᠢᠭᠡᠨ ᠵᠠᠷᠤᠴᠠ ᠮᠤᠳᠤᠨ ᠠᠶᠠᠭᠠᠨ ᠳᠤ ᠮᠡᠯᠮᠡᠯᠵᠠᠳᠠᠯᠠ ᠠᠷᠢᠭᠢ ᠰᠦᠩᠨᠡᠨ ᠭᠠᠳᠠᠨ᠎ᠠ ᠭᠠᠷᠴᠤ᠂ ᠡᠮᠦᠨ᠎ᠠ | ᠵᠦᠭ ᠲᠤ ᠬᠠᠨᠳᠤᠵᠦ ᠭᠠᠵᠠᠷ ᠰᠦᠭᠦᠳᠴᠤ ᠭᠤᠷᠪᠠᠨᠳᠠ ᠮᠦᠷᠭᠦᠭᠦ ᠶᠢᠨ ᠳᠠᠭᠠᠤ ᠠᠷᠢᠭᠢ ᠪᠠᠨ ᠭᠤᠷᠪᠠᠨᠳᠠ ᠰᠠᠷᠵᠢᠮᠯᠠᠨ | ᠡᠷᠭᠦᠨ᠎ᠠ︾ ᠭᠡᠵᠤ ︽ᠸᠢᠯᠢᠶᠡᠮ ᠷᠦᠪᠷᠦᠩ ᠤᠨ ᠠᠶᠠᠯᠠᠯ ᠤᠨ ᠳᠡᠮᠳᠡᠭᠯᠡᠯ︾ ᠳᠡᠭᠡᠨ ᠨᠠᠷᠢᠯᠢᠬ ᠳᠡᠮᠳᠡᠭᠯᠡᠵᠡᠢ᠃ | 1999 ᠤᠨ ᠳᠤ ᠪᠢᠳᠠ ᠮᠤᠩᠭᠤᠯ ᠤᠯᠤᠰ ᠤᠨ ᠵᠤᠴᠢᠳ ᠢ ᠭᠦᠯᠢᠶᠡᠨ ᠠᠪᠴᠤ᠂ ᠠᠷᠢᠭᠢ ᠪᠠᠷᠢᠨ ᠰᠠᠷᠵᠢᠮᠯᠡᠭᠦ | ᠦᠶᠡᠰ ᠳᠠᠳᠠ ︽ᠮᠠᠨ ᠤ ᠮᠤᠩᠭᠤᠯ ᠤᠯᠤᠰ ᠤᠨ ᠬᠢᠨ ᠵᠠᠭᠦᠨ ᠭᠠᠷ ᠭᠭᠢᠷ ᠦᠭᠡᠢ᠂ ᠠᠷᠢᠭᠤᠨ ᠭᠡᠮᠡᠨ ᠵᠡᠭᠦᠨ | ᠭᠠᠷ ᠢᠶᠠᠷ ᠢᠶᠠᠨ ᠠᠷᠢᠭᠢ ᠰᠠᠷᠵᠢᠮᠯᠡᠨᠠ᠃ ᠰᠠᠷᠵᠢᠮᠯᠠᠨ ᠰᠠᠴᠤᠯᠢ ᠡᠷᠭᠦᠭᠦ ᠳᠤ ᠳᠡᠭᠡᠭᠰᠢ ᠭᠦᠭᠡ ᠮᠦᠩᠭᠡ ᠳᠡᠭᠷᠢ ᠳᠤ᠂ | ᠳᠤᠷᠤᠭᠰᠢ ᠭᠦᠷᠦᠰᠤᠳᠤ ᠠᠯᠳᠠᠨ ᠳᠡᠯᠡᠭᠡᠢ ᠳᠤ᠂ ᠳᠡᠷᠭᠡᠳᠡᠭᠢ ᠭᠠᠯ ᠭᠤᠯᠤᠮᠳᠠ ᠳᠠᠭᠠᠨ ᠭᠡᠵᠦ ᠭᠤᠷᠪᠠᠨᠳᠠ | ᠰᠡᠷᠵᠢᠮᠯᠡᠨᠠ︾ ᠭᠡᠵᠦ ᠶᠠᠷᠢᠭᠰᠠᠨ ᠪᠢᠯᠡ᠃ ᠬᠠᠯᠢᠮᠠᠭᠴᠤᠳ ᠴᠤ ᠠᠷᠢᠭᠢ ᠳᠠᠷᠠᠰᠤ ᠶᠢ ᠠᠪᠤᠮᠠᠭᠴᠠ ᠤᠤᠭᠤᠬᠤ ᠶᠢ | ᠠᠷᠢᠭᠢᠨ ᠴᠢᠳᠭᠦᠷ ᠭᠡᠮᠡᠨ ᠡᠯᠡᠭ ᠳᠤᠭᠤᠭᠢ ᠪᠤᠯᠭᠠᠨ ᠬᠤᠱᠤᠩᠨᠠᠨ ᠱᠤᠭᠯᠠᠳᠠᠭ ᠭᠡᠬᠦ ᠶᠤᠮ᠃ ᠳᠡᠳᠡ ᠴᠤ ᠤᠷᠢᠳᠠᠪᠠᠷ | ᠠᠵᠠᠢ ᠪᠤᠭᠤᠷᠤᠯᠴᠤᠳ ᠲᠠᠭᠠᠨ ᠠᠷᠢᠭᠢ ᠪᠠᠨ ᠭᠡᠮᠨᠠᠨ ᠪᠠᠷᠢᠵᠦ᠂ ᠳᠠᠷᠠᠭ᠎ᠠ ᠳᠤᠨᠢ ᠭᠤᠷᠪᠠᠨᠳᠠ ᠰᠠᠴᠤᠯᠢ ᠡᠷᠭᠦᠨ ᠶᠤᠰᠤ | ᠵᠢᠷᠤᠮ ᠢᠶᠠᠨ ᠭᠦᠢᠴᠡᠳᠭᠡᠭᠡᠳ ᠠᠮᠰᠠᠨ ᠵᠤᠭᠤᠭᠯᠠᠳᠠᠭ ᠭᠡᠵᠦ ᠵᠠᠭᠤᠴᠢᠯᠠᠭᠤᠷ ᠤᠨ ᠬᠢᠨ ᠳᠤ ᠮᠡᠳᠡᠭᠡᠯᠡᠭᠰᠡᠨ ᠶᠤᠮ᠃ | |