ᠮᠣᠷᠢ ᠣᠨᠣᠵᠤ ᠰᠤᠷᠭᠠᠬᠤ ᠳᠦᠭᠦᠮ ᠠᠷᠭ᠎ᠠ
ᠨᠡᠶᠢᠲᠡᠯᠡᠭᠰᠡᠨ ᠴᠠᠭ᠄
2018/5/7
    1᠂ ᠮᠣᠷᠢ ᠶᠢ ᠣᠨᠣᠵᠤ ᠰᠤᠷᠭᠠᠬᠤ ᠳᠠᠭᠠᠨ ᠪᠦᠭᠦᠯᠢ ᠨᠢᠭᠡ ᠨᠠᠰᠤ ᠭᠦᠷᠦᠭᠰᠡᠨ ᠤ ᠳᠠᠷᠠᠭ᠎ᠠ ᠪᠤᠶᠤ ᠳᠠᠭ᠎ᠠ ᠳᠤᠨᠢ ᠰᠤᠷᠭᠠᠨ᠎ᠠ᠃ ᠰᠢᠳᠤᠯᠠᠩ ᠨᠠᠰᠤᠨ ᠳᠤ ᠵᠦᠭᠡᠯᠡᠨ ᠤᠨᠤᠵᠤ ᠡᠳ᠋ᠯᠡᠪᠡᠯ ᠵᠣᠭᠢᠨ᠎ᠡ᠃ ᠳᠠᠭ᠎ᠠ ᠪᠠᠨ ᠰᠤᠷᠭᠠᠬᠤ ᠳᠤ ᠬᠠᠪᠤᠷ ᠡᠪᠡᠰᠦ ᠨᠤᠭᠤᠭᠠᠯᠠᠨ ᠤᠷᠭᠤᠵᠤ᠂ ᠳᠠᠭᠠᠭᠢ ᠨᠤᠤᠰᠤ ᠨᠢ ᠡᠭᠢᠯᠡᠵᠦ ᠤᠨᠠᠬᠤ ᠦᠶ᠎ᠡ ᠳᠤ ᠰᠤᠷᠭᠠᠳᠠᠭ᠃ ᠮᠢᠬᠠᠯᠠᠵᠤ ᠲᠠᠷᠭᠤᠯᠠᠭᠰᠠᠨ ᠦᠶ᠎ᠡ ᠳᠤ ᠰᠤᠷᠭᠠᠬᠤ ᠳᠤ ᠲᠣᠭᠢᠷᠠᠬᠤ ᠦᠭᠡᠢ᠃     2᠂ ᠡᠮᠨᠡᠭ ᠳᠠᠭ᠎ᠠ ᠶᠢ ᠠᠮᠢᠰᠬᠤᠯ ᠢ ᠨᠠᠮᠳᠠᠬᠤ ᠠᠴᠠ ᠡᠮᠦᠨ᠎ᠡ ᠡᠮᠡᠭᠡᠯ ᠢ ᠲᠦᠷᠭᠡᠨ ᠲᠣᠬᠤᠵᠤ ᠱᠠᠯᠠᠮᠠᠭᠠᠢ ᠮᠣᠷᠳᠠᠭᠠᠳ᠂ ᠵᠦᠭᠡᠯᠡᠨ ᠭᠦᠳᠡᠯᠭᠡᠨ᠎ᠡ᠃     3᠂ ᠳᠠᠭ᠎ᠠ ᠶᠢ ᠪᠠᠷᠢᠵᠤ ᠲᠠᠯᠪᠢᠬᠤ ᠳᠠᠭᠠᠨ ᠴᠢᠭᠢ ᠶᠢ ᠨᠢ ᠣᠯᠠᠨ ᠤᠳᠠᠭ᠎ᠠ ᠴᠢᠩᠭ᠎ᠠ ᠮᠣᠰᠭᠢᠪᠠᠯ ᠨᠣᠮᠣᠬᠠᠷᠠᠨ᠎ᠠ᠃ ᠤᠨᠤᠵᠤ ᠮᠣᠷᠳᠠᠬᠤ ᠳᠠᠭᠠᠨ ᠢᠵᠢᠯᠢ ᠳᠤᠨᠢ ᠳᠠᠭᠠᠭᠤᠯᠵᠤ᠂ ᠨᠢᠮᠭᠡᠨ ᠴᠠᠪᠢ ᠪᠠᠷ ᠨᠢ ᠣᠯᠠᠨ ᠤᠳᠠᠭ᠎ᠠ ᠭᠤᠶᠠᠳᠠᠪᠠᠯ ᠨᠣᠮᠣᠬᠠᠷᠠᠨ᠎ᠠ᠃     4᠂ ᠴᠢᠳᠦᠷᠯᠡᠭᠰᠡᠨ ᠳᠠᠭ᠎ᠠ ᠶᠢ ᠴᠢᠩᠭ᠎ᠠ ᠶᠠᠪᠤᠭᠤᠯᠪᠠᠯ ᠭᠦᠯ ᠳᠤᠨᠢ ᠭᠡᠮ ᠰᠠᠭᠤᠳᠠᠭ᠃ ᠠᠩᠬ᠎ᠠ ᠰᠤᠷᠭᠠᠬᠤ ᠳᠠᠭᠠᠨ ᠴᠢᠳᠠᠯ ᠲᠠᠢ ᠭᠦᠩᠭᠡᠨ ᠭᠦᠮᠦᠨ ᠤᠨᠤᠵᠤ ᠰᠤᠷᠭᠠᠪᠠᠯ ᠰᠠᠶᠢᠨ ᠪᠠᠶᠢᠳᠠᠭ᠃     5᠂ ᠣᠯᠠᠨ ᠤᠳᠠᠭ᠎ᠠ ᠦᠢᠴᠢᠪᠡᠯ ᠳᠠᠭ᠎ᠠ ᠪᠠᠰᠠ ᠮᠠᠭᠤ ᠵᠠᠩ ᠰᠤᠷᠤᠨ᠎ᠠ᠃ ᠬᠠᠵᠠᠭᠠᠷᠯᠠᠵᠤ ᠡᠮᠡᠭᠡᠯᠯᠡᠭᠦ ᠳᠡᠭᠡᠨ ᠡᠪ ᠲᠠᠢ ᠵᠦᠭᠡᠯᠡᠨ ᠣᠷᠣᠬᠤ ᠭᠡᠷᠡᠭᠲᠡᠢ᠃     6᠂ ᠤᠨᠤᠵᠤ ᠶᠠᠪᠣᠬᠤ ᠳᠠᠭᠠᠨ ᠵᠢᠯᠣᠭᠤ ᠪᠠᠨ ᠰᠤᠯᠡ ᠰᠢᠭ᠋ ᠲᠠᠯᠪᠢᠵᠤ᠂ ᠮᠣᠷᠣᠢ ᠬᠠᠵᠠᠭᠠᠷ ᠶᠠᠪᠣᠭᠤᠯᠬᠤ ᠪᠤᠶᠤ ᠪᠤᠷᠤᠭᠤ ᠠᠮᠠ ᠲᠠᠢ ᠬᠠᠳᠤᠷᠬᠤ ᠵᠠᠩ ᠰᠤᠷᠭᠠᠬᠤ ᠠᠴᠠ ᠭᠢᠴᠢᠶᠡᠨ᠎ᠡ᠃     7᠂ ᠤᠨᠤᠵᠤ ᠶᠠᠪᠤᠭ᠎ᠠ ᠡᠮᠨᠢᠭ ᠮᠣᠷᠢ ᠶᠢ ᠡᠭᠴᠡ ᠦᠡᠳᠦᠷ ᠭᠠᠵᠠᠷ ᠵᠦᠭ ᠰᠢᠷᠦᠭᠦᠨ ᠳᠠᠪᠭᠢᠭᠤᠯᠵᠤ ᠪᠣᠯᠬᠤ ᠦᠭᠡᠢ᠃ ᠰᠠᠯᠭᠢᠨ ᠤ ᠦᠭᠡᠳᠡ ᠰᠢᠷᠦᠭᠦᠨ ᠳᠠᠪᠭᠢᠭᠤᠯᠵᠤ ᠪᠣᠯᠬᠤ ᠦᠭᠡᠢ᠃ ᠵᠢᠯᠣᠭᠤ ᠳᠤ ᠰᠠᠶᠢᠨ ᠳᠠᠰᠤᠭᠠᠳ ᠦᠭᠡᠢ ᠡᠮᠨᠢᠭ ᠮᠣᠷᠢ ᠶᠢ ᠰᠤᠷᠭᠠᠬᠤ ᠳᠠᠭᠠᠨ ᠤᠷᠢᠳᠠᠪᠠᠷ ᠬᠤᠨᠢ ᠬᠠᠷᠢᠭᠤᠯᠵᠤ ᠠᠮᠠ ᠶᠢ ᠨᠢ ᠵᠦᠭᠰᠢᠷᠡᠭᠦᠯᠦᠨ᠎ᠡ᠃     8᠂ ᠮᠣᠷᠳᠠᠬᠤ ᠪᠤᠶᠤ ᠪᠠᠭᠤᠬᠤ ᠳᠠᠭᠠᠨ ᠠᠮᠠ ᠶᠢ ᠨᠢ ᠰᠢᠭᠤᠳ ᠴᠢᠩᠭ᠎ᠠ ᠲᠠᠲᠠᠵᠤ ᠵᠣᠭᠰᠤᠭᠠᠬᠤ ᠠᠴᠠ ᠭᠢᠴᠢᠶᠡᠨ᠎ᠡ᠃     9᠂ ᠰᠢᠷᠦᠭᠦᠨ ᠵᠠᠩ ᠲᠠᠢ ᠡᠮᠨᠢᠭ ᠮᠣᠷᠢ ᠳᠤ ᠳᠠᠪᠬᠤᠷ ᠵᠢᠯᠣᠭᠤ ᠲᠠᠲᠠᠵᠤ ᠪᠣᠯᠤᠨ᠎ᠠ᠃    10᠂ ᠡᠮᠨᠢᠭ ᠳᠣᠭᠰᠢᠨ ᠮᠣᠷᠢ ᠶᠢ ᠤᠨᠤᠬᠤ ᠳᠠᠭᠠᠨ ᠳᠦᠷᠦᠭᠡ ᠪᠠᠨ ᠬᠤᠯᠪᠤᠨ᠎ᠠ᠃    11᠂ ᠡᠮᠡᠭᠡᠯ ᠠᠪᠴᠤ ᠣᠴᠢᠬᠤ ᠳᠤ ᠵᠤᠯᠠᠳᠠᠭ ᠡᠮᠨᠢᠭ ᠮᠣᠷᠢ ᠶᠢ ᠤᠷᠢᠳᠠᠪᠠᠷ ᠴᠢᠳᠤᠷᠯᠠᠵᠤ ᠪᠠᠶᠢᠭᠠᠳ ᠡᠮᠡᠭᠡᠯᠯᠡᠨ᠎ᠡ᠃    12᠂ ᠡᠮᠨᠢᠭ ᠮᠣᠷᠢ ᠶᠢ ᠪᠠᠷᠢᠵᠤ ᠲᠠᠯᠪᠢᠬᠤ ᠳᠠᠭᠠᠨ ᠢᠯᠡᠭᠦᠭᠡᠨ ᠮᠠᠭᠠᠵᠢᠵᠤ᠂ ᠨᠤᠤᠰᠤ ᠦᠰᠦ ᠶᠢ ᠨᠢ ᠢᠯᠪᠢᠵᠤ᠂ ᠵᠦᠭᠡᠯᠡᠨ ᠳᠠᠭᠤ ᠴᠢᠮᠡᠭᠡ ᠦᠭᠴᠦ ᠳᠠᠰᠬᠠᠨ᠎ᠠ᠃    13᠂ ᠪᠠᠭ᠎ᠠ ᠨᠠᠰᠤᠨ ᠤ ᠡᠮᠨᠢᠭ ᠮᠣᠷᠢ ᠶᠢ ᠰᠢᠷᠦᠭᠦᠨ ᠮᠠᠯᠢᠶᠠᠳᠠᠨ ᠭᠤᠶᠠᠳᠠᠵᠤ ᠪᠣᠯᠬᠤ ᠦᠭᠡᠢ᠃    14᠂ ᠡᠮᠨᠢᠭ ᠮᠣᠷᠢ ᠶᠢ ᠠᠩᠬ᠎ᠠ ᠮᠣᠷᠳᠠᠵᠤ ᠰᠤᠷᠭᠠᠬᠤ ᠳᠠᠭᠠᠨ ᠰᠠᠯᠭᠢᠨ ᠤ ᠦᠭᠡᠳᠡ ᠬᠠᠷᠠᠭᠤᠯᠤᠨ ᠲᠡᠭᠰᠢ ᠭᠠᠵᠠᠷ ᠮᠣᠷᠳᠠᠵᠤ ᠠᠪᠤᠭᠠᠳ ᠤᠷᠤᠭᠤ ᠭᠠᠵᠠᠷ ᠰᠠᠵᠢᠯᠠᠬᠤ ᠪᠤᠶᠤ ᠪᠠᠭᠤᠵᠤ ᠶᠠᠪᠠᠭᠠᠨ ᠭᠦᠳᠦᠯᠵᠦ ᠳᠠᠰᠬᠠᠨ᠎ᠠ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2