ᠴᠠᠬᠠᠷ ᠤᠨ ᠡᠬᠦᠰᠦᠯ
ᠨᠡᠶᠢᠲᠡᠯᠡᠭᠰᠡᠨ ᠴᠠᠭ᠄
2020/9/21
         ᠴᠠᠬᠠᠷ ᠬᠡᠮᠡᠬᠦ ᠮᠤᠩᠭᠤᠯ ᠤᠨ ᠨᠢᠭᠡᠨ ᠠᠶᠢᠮᠠᠭ ᠨᠢ 13 ᠳ᠋ᠤᠭᠠᠷ ᠵᠠᠭᠤᠨ ᠤ ᠭᠤᠴᠢᠭᠠᠳ ᠤᠨ ᠤ ᠦᠶᠡᠰ ᠢᠶᠠᠷ ᠦᠬᠡᠳᠡᠢ ᠬᠠᠭᠠᠨ ᠠᠴᠠ ᠲᠡᠬᠦᠨ ᠤ ᠲᠡᠬᠦᠦ ᠪᠡᠷᠢ ︵ᠶᠡᠭᠡ ᠪᠡᠷᠢ︶  — ᠲᠤᠯᠤᠢ ᠶᠢᠨ ᠬᠠᠳᠤᠨ ᠰᠤᠷᠬᠠᠬᠳᠠᠨᠢ ᠪᠠᠬᠢ ᠳᠤ ᠬᠤᠪᠢᠯᠠᠨ ᠦᠭᠬᠦᠭᠰᠡᠨ ᠬᠠᠷᠢᠶᠠᠳᠦ ᠠᠷᠠᠳ ︽ᠴᠠᠬᠠᠷ ᠨᠠᠢᠮᠠᠨ ᠤᠳᠤᠭ︾ ᠭᠡᠭᠴᠢ ᠠᠴᠠ ᠡᠬᠢᠯᠡᠨ ᠡᠬᠦᠰᠴᠡᠢ᠃ ᠲᠤᠯᠤᠢ ᠪᠤᠯ ᠴᠢᠩᠬᠢᠰ ᠤᠨ ᠤᠳᠬᠤᠨ ᠬᠦᠪᠡᠬᠦᠨ ᠨᠢ ᠪᠤᠯᠬᠤᠷ ᠮᠤᠩᠭᠤᠯᠴᠤᠳ ᠤᠨ ᠵᠠᠩᠰᠢᠯ ᠢᠶᠠᠷ ᠡᠴᠢᠬᠡ ᠶᠢᠨ ᠢᠶᠠᠨ ᠭᠤᠯᠤᠮᠳᠠ ᠶᠢ ᠵᠠᠯᠭᠠᠮᠵᠢᠯᠠᠭᠰᠠᠨ ᠪᠦᠬᠡᠳ ᠰᠡᠬᠦᠯ ᠳᠡᠭᠡᠨ ᠲᠤᠯᠤᠢ ᠶᠢᠨ ᠦᠷ ᠎ᠡ ᠬᠤᠶᠢᠴᠢᠰ ᠮᠤᠩᠭᠤᠯ ᠤᠨ ᠶᠡᠭᠡ ᠬᠠᠭᠠᠨ ᠰᠠᠭᠤᠷᠢᠨ ᠳᠤ ᠡᠴᠦᠰᠳᠡᠯ ᠎ᠡ ᠰᠠᠭᠤᠭᠰᠠᠨ ᠲᠤᠯᠠ ᠲᠡᠳᠡᠨ ᠢ ︽ᠭᠤᠤᠯ ᠤᠯᠤᠰ︾ ᠭᠡᠳᠡᠭ ᠪᠠᠶᠢᠪᠠ᠃ ᠲᠡᠶᠢᠮᠦ ᠠᠴᠠ ᠲᠡᠳᠡᠨ ᠤ ᠰᠢᠭᠤᠳ ᠬᠠᠷᠢᠶᠠᠳᠤ ᠠᠷᠠᠳ ᠪᠤᠯᠬᠤ ᠴᠠᠬᠠᠷ ᠢ ᠴᠦ ᠮᠦᠨ ︽ᠭᠤᠤᠯ ᠤᠨ ᠤᠯᠤᠰ︾ ᠭᠡᠵᠦ ᠲᠡᠮᠳᠡᠭᠯᠡᠵᠦ ᠪᠤᠢ᠃ ᠲᠡᠭᠡᠬᠦᠯᠡᠷ ᠮᠤᠩᠭᠤᠯ ᠤᠨ ᠴᠠᠬᠠᠷ ᠠᠶᠢᠮᠠᠭ ᠤᠨ ᠡᠬᠦᠰᠦᠯ ᠨᠢ ᠴᠢᠩᠬᠢᠰ ᠬᠠᠭᠠᠨ ᠤ ᠤᠳᠬᠤᠨ ᠬᠦᠪᠡᠬᠦᠨ ᠲᠤᠯᠤᠢ ᠡᠵᠡᠨ ᠲᠠᠢ ᠰᠢᠭᠤᠳ ᠬᠤᠯᠪᠤᠭ᠎ᠠ ᠲᠠᠢ ᠪᠠᠶᠢᠭ᠎ᠠ ᠶᠤᠮ᠃           ᠠᠯᠢ ᠡᠷᠳᠡ ᠴᠢᠩᠬᠢᠰ ᠬᠠᠭᠠᠨ ᠴᠡᠷᠢᠭ ᠲᠠᠶᠢᠴᠢᠯᠠᠨ ︽ᠠᠯᠳᠠᠨ ᠠᠷᠭᠠᠮᠵᠢᠶ ᠎ᠠ ᠶᠢ ᠲᠠᠰᠤᠳᠠᠨ︾ ᠢᠳᠡᠭᠡᠯ ᠠᠯᠳᠠᠵᠦ ᠵᠢᠷᠦᠮ ᠠᠴᠠ ᠲᠡᠷᠰᠯᠡᠭᠴᠢᠳ ᠢ ᠲᠠᠷᠤᠩᠭᠤᠢᠢᠯᠠᠨ ᠲᠠᠶᠢᠯᠠᠬᠤ ᠦᠶᠡᠰ᠂ ᠠᠷᠦ ᠠᠭᠤᠷᠠᠭ ᠬᠠᠭᠠᠨ ᠤᠷᠳᠤᠨ — ᠭᠤᠯᠤᠮᠳᠠ ᠨᠤᠳᠤᠭ ᠢᠶᠠᠨ ᠰᠠᠬᠢᠨ ᠬᠠᠮᠠᠭᠠᠯᠠᠵᠦ ᠤᠯᠤᠰ ᠤᠷᠤᠨ ᠤ ᠪᠠᠨ ᠠᠮᠤᠷ ᠲᠠᠶᠢᠪᠤᠩ ᠡᠩᠭᠡ ᠮᠡᠨᠳᠦ ᠶᠢ ᠪᠠᠳᠤᠳᠠᠢ ᠪᠠᠶᠢᠯᠭᠠᠬᠤ ᠴᠢᠬᠤᠯᠠᠴᠢᠯᠠᠭ᠎ᠠ ᠪᠠᠷ ᠲᠤᠯᠤᠢ ᠡᠵᠡᠨ᠂ ᠪᠦᠬᠦ ᠮᠤᠩᠭᠤᠯ ᠤᠨ ᠡᠯ ᠎ᠡ ᠤᠪᠤᠭ ᠠᠶᠢᠮᠠᠭ ᠤᠳ ᠠᠴᠠ ᠪᠡᠶ ᠎ᠡ ᠴᠢᠬᠢᠷᠠᠭ ᠪᠢᠯᠢᠭ ᠬᠤᠷᠴᠠ᠂ ᠤᠷ ᠎ᠠ ᠮᠡᠷᠭᠡᠵᠢᠯ ᠰᠠᠶᠢᠳᠠᠢ ᠴᠡᠷᠢᠭ ᠡᠷᠡᠰ ᠢ ᠨᠠᠷᠢᠨ ᠨᠢᠮᠪᠠᠢ ᠰᠢᠯᠢᠨ ᠰᠤᠩᠭᠤᠵᠦ᠂ ᠬᠠᠭᠠᠨ ᠤᠷᠳᠤᠨ ᠤ ᠰᠢᠳᠡᠷ ᠬᠠᠮᠠᠭᠠᠯᠠᠭᠴᠢ — ︽ᠴᠠᠬᠠᠷ ᠴᠡᠷᠢᠭ︾᠎ ᠢ ᠡᠬᠦᠰᠭᠡᠨ ᠪᠠᠶᠢᠭᠤᠯᠵᠠᠢ᠃ ᠲᠡᠭᠡᠬᠦᠯᠡᠷ ᠶᠠᠭᠠᠬᠢᠭᠠᠳ ︽ᠴᠠᠬᠠᠷ︾ ᠭᠡᠬᠦ ᠨᠡᠷ ᠎ᠡ ᠪᠠᠷ ᠨᠡᠷᠡᠯᠡᠭᠰᠡᠨ ᠲᠤᠬᠠᠢ ᠤᠢᠢᠷ ᠎ᠠ ᠦᠶ ᠎ᠡ ᠶᠢᠨ ᠭᠡᠰᠡᠭ ᠲᠡᠤᠭᠡ ᠶᠢᠨ ᠡᠷᠳᠡᠮᠳᠡᠳ ᠤᠨ ᠲᠠᠶᠢᠯᠪᠤᠷᠢᠯᠠᠬᠤ ᠶᠢ ᠦᠵᠡᠪᠡᠯ᠂ ︽ᠴᠠᠬᠠᠷ ᠬᠡᠳᠡᠭ ᠨᠡᠷ ᠎ᠡ ᠨᠢ ᠫᠧᠷᠰ ᠬᠡᠯᠡᠨ ᠤ ᠭᠠᠷᠤᠯᠳᠠᠢ ᠦᠬᠡ ᠪᠦᠬᠡᠳ ᠰᠤᠭᠳᠠ ᠬᠡᠯᠡ ᠪᠠᠷ ᠲᠠᠮᠵᠢᠨ ᠲᠦᠷᠺ ᠮᠤᠩᠭᠤᠯ ᠬᠡᠯᠡ ᠳᠤ ᠤᠷᠤᠭᠰᠠᠨ ᠪᠤᠯᠤᠯᠳᠠᠢ᠂ ᠡᠬᠢᠯᠡᠭᠡᠳ ᠬᠠᠭᠠᠳ ᠨᠤᠶᠠᠳ ᠤᠨ ᠤᠷᠳᠤᠨ ᠬᠠᠷᠰᠢ ᠶᠢ ᠨᠡᠷᠡᠯᠡᠵᠦ ᠪᠠᠶᠢᠭᠰᠠᠨ ᠠᠴᠠ ᠰᠡᠬᠦᠯᠡᠷ ᠨᠢ ᠪᠡᠶ ᠎ᠡ ᠬᠠᠮᠠᠭᠠᠯᠠᠭᠴᠢ᠂ ᠰᠢᠳᠡᠷ ᠬᠦᠮᠦᠰ ᠢ ᠨᠡᠷᠡᠯᠡᠳᠡᠭ ᠪᠤᠯᠵᠦ᠂ ᠬᠠᠭᠠᠨ ᠤ ᠤᠢᠢᠷ ᠎ᠠ ᠵᠠᠭᠤᠷ ᠎ᠠ ᠲᠤᠷᠭᠠᠨ ᠴᠡᠷᠢᠭ ᠤᠨ ᠡᠬᠦᠷᠭᠡ ᠶᠢ ᠬᠦᠢᠴᠡᠳᠭᠡᠬᠦ ᠠᠶᠢᠮᠠᠭ ᠤᠯᠤᠰ ᠢ ᠨᠡᠷᠡᠯᠡᠬᠦ ᠪᠤᠯᠵᠠᠢ︾᠃ ᠪᠠᠰᠠ ᠲᠦᠷᠪᠡᠳᠤᠭᠡᠷ ᠭᠡᠬᠦ ᠤᠳᠬ ᠎ᠠ ᠪᠦᠬᠦᠢ ᠫᠧᠷᠰ ᠦᠬᠡ ᠬᠡᠳᠡᠭ᠃ ᠬᠡᠷᠪᠡ ᠲᠦᠷᠪᠡᠳᠤᠭᠡᠷ ᠬᠡᠮᠡᠬᠦ ᠦᠬᠡ ᠨᠢ ᠤᠳᠬ ᠎ᠠ ᠶᠢᠨ ᠲᠠᠯ ᠎ᠠ ᠪᠠᠷ ᠲᠡᠤᠭᠡᠨ ᠦᠨᠡᠨ ᠮᠦᠨ ᠪᠤᠯ ᠴᠢᠩᠬᠢᠰ ᠡᠵᠡᠨ ᠤ ᠲᠦᠷᠪᠡᠳᠤᠭᠡᠷ ᠬᠦᠪᠡᠬᠦᠨ ᠲᠤᠯᠢ ᠨᠤᠶᠠᠨ ᠦᠪᠡᠷ ᠤᠨ ᠪᠠᠶᠢᠭᠤᠯᠵᠦ ᠡᠵᠡᠮᠰᠢᠭᠰᠡᠨ ᠤᠷᠳᠤᠨ ᠬᠠᠮᠠᠭᠠᠯᠠᠬᠤ ᠰᠢᠳᠡᠷ ᠴᠡᠷᠢᠭ ᠢᠶᠠᠨ ᠲᠦᠷᠪᠡᠳᠤᠭᠡᠷ ᠬᠡᠮᠡᠬᠦ ᠲᠠᠯᠳᠠ ᠤᠳᠬ ᠎ᠠ ᠪᠦᠬᠦᠢ ︽ᠴᠠᠬᠠᠷ︾ ᠬᠡᠬᠦ ᠨᠡᠷ ᠎ᠡ ᠪᠠᠷ ᠨᠡᠷᠡᠯᠡᠭᠰᠡᠨ ᠨᠢ ᠤᠭᠳᠤ ᠡᠰᠢ ᠪᠠᠷᠢᠮᠳᠠ ᠦᠬᠡᠢ ᠨᠡᠷᠡᠶᠢᠳᠤᠯ ᠤᠨ ᠲᠦᠬᠡᠷᠢᠭᠳᠡᠯ ᠪᠢᠰᠢ ᠪᠤᠯᠵᠤᠰᠢ ᠦᠬᠡᠢ᠃            ᠯᠤᠪᠰᠠᠩᠳᠠᠨᠵᠢᠨ ︽ᠠᠯᠳᠠᠨ ᠲᠤᠪᠴᠢ︾᠎ ᠳᠠᠭᠠᠨ ︽ᠪᠤᠭᠳᠠ ᠡᠵᠡᠨ ︵ᠦᠬᠡᠳᠡᠢ︶᠎ ᠤ ᠪᠡᠶ ᠎ᠡ ᠶᠡᠬᠡᠳᠡ ᠴᠢᠯᠡᠭᠡᠷᠭᠡᠵᠦ ᠪᠠᠰᠠ ᠲᠤᠯᠤᠢ ᠡᠵᠡᠨ ᠴᠢᠯᠡᠭᠡ ᠪᠤᠯᠤᠭᠰᠠᠨ ᠳᠤᠷ ᠪᠡᠯᠭᠡᠴᠢᠨ ᠢᠷᠦᠴᠢᠨ ︵ᠲᠦᠯᠬᠡᠴᠢᠨ ᠢᠷᠦᠬᠡᠯᠴᠢᠨ ᠢ ᠵᠢᠭᠠᠵᠠᠢ︶ ᠡᠨᠡ ᠬᠤᠶᠠᠭᠤᠯᠠ ᠶᠢᠨ ᠨᠢᠭᠡᠨ ᠢᠨᠦ ᠰᠠᠶᠢᠨ ᠪᠤᠯᠪᠠᠰᠤ ᠨᠢᠬᠡ ᠨᠢ ᠢᠨᠦ ᠮᠠᠭᠤ ᠪᠤᠢ ᠬᠡᠮᠡᠭᠰᠡᠨ ᠳᠤᠷ ᠲᠤᠯᠤᠢ ᠡᠵᠡᠨ ᠤ ᠬᠠᠳᠤᠨ ᠲᠡᠭᠷᠢ ᠳᠤᠷ ᠦᠴᠢᠭ ᠦᠴᠢᠷᠦᠨ᠄ ᠬᠠᠨ ᠡᠵᠡᠨ ᠦᠬᠡᠢ ᠪᠦᠬᠡᠰᠦ ᠬᠠᠮᠤᠭ ᠤᠯᠤᠰ ᠪᠡᠯᠪᠡᠰᠦᠨ ᠪᠤᠯᠤᠨᠠᠮ᠂ ᠲᠤᠯᠤᠢ ᠡᠵᠡᠨ ᠦᠬᠡᠢ ᠪᠦᠬᠡᠰᠦ ᠪᠢ ᠭᠠᠭᠴᠠᠭᠠᠷ ᠪᠡᠯᠪᠡᠰᠦᠨ ᠪᠤᠯᠬᠤ ᠪᠤᠢ ‍ᠶ᠎ᠠ ᠬᠡᠮᠡᠨ ᠵᠠᠯᠪᠠᠷᠢᠪᠠᠢ᠃ ᠲᠡᠷᠡ ᠵᠠᠯᠪᠠᠷᠢᠭᠰᠠᠨ ᠢᠶᠠᠷ ᠲᠤᠯᠤᠢ ᠡᠵᠡᠨ ᠪᠤᠷᠬᠠᠨ ᠪᠤᠯᠪᠠ᠃ ᠪᠤᠭᠳᠠ ᠡᠵᠡᠨ ᠤ ᠴᠢᠯᠡᠬᠡᠨ ᠲᠡᠭᠡᠭᠰᠢ ᠪᠤᠯᠤᠭᠰᠠᠨ ᠳᠤᠷ᠂ ᠲᠡᠬᠦᠨ ᠤ ᠰᠡᠳᠬᠢᠯ ᠢᠨᠦ ᠬᠦᠳᠡᠯᠵᠦ᠂ ᠦᠪᠡᠷ ᠤᠨ ᠨᠦᠬᠦᠷ ᠢ ᠦᠯᠦ ᠰᠡᠳᠬᠢᠨ ᠤᠯᠤᠰ ᠤᠨ ᠡᠴᠢᠬᠡ ᠶᠢ ᠬᠦᠨᠳᠦᠯᠡᠵᠦ ᠶᠡᠭᠡ ᠲᠦᠷᠦ ᠶᠢ ᠰᠡᠳᠬᠢᠭᠰᠡᠨ ᠤ ᠤᠴᠢᠷ ᠲᠤᠷ ᠪᠤᠭᠳᠠ ᠡᠵᠡᠨ᠄ ᠪᠢ ᠴᠢᠮᠠᠢᠢ ᠪᠡᠷᠢ ᠬᠡᠮᠡᠨ ᠦᠯᠦ ᠬᠡᠯᠡᠶᠤ ᠪᠠᠬᠢ ᠲᠠᠶᠢᠬᠤ ᠬᠡᠰᠦ᠂ ᠰᠢᠤ ᠭᠡᠵᠦ ᠦᠯᠦ ᠬᠡᠯᠡᠶᠤ ᠰᠤᠳᠠᠢ ᠲᠠᠶᠢᠬᠤ ᠭᠡᠰᠦ ᠬᠡᠮᠡᠨ ᠴᠤᠯᠠ ᠬᠠᠶᠢᠷᠠᠯᠠᠭᠠᠳ ᠨᠠᠢᠮᠠᠨ ᠤᠳᠤᠭ ᠤᠨ ᠴᠠᠬᠠᠷ ᠲᠦᠮᠡᠨ ᠢ ᠰᠤᠩᠭᠤᠨ ᠦᠭᠴᠦ ᠰᠤᠶᠤᠷᠬᠠᠪᠠ︾ ᠬᠡᠮᠡᠨ ᠲᠡᠮᠳᠡᠭᠯᠡᠵᠦ ᠪᠤᠢ ᠃ ᠡᠨᠡ ᠬᠦ ᠲᠡᠤᠭᠡᠨ ᠰᠤᠷᠪᠤᠯᠵᠢ ᠲᠡᠮᠳᠡᠭᠯᠡᠯ ᠨᠢ ᠴᠠᠬᠠᠷ ᠤᠨ ᠪᠤᠢ ᠪᠤᠯᠤᠭᠰᠠᠨ ᠴᠠᠭ ᠬᠤᠭᠤᠴᠠᠭ᠎ᠠ ᠶᠢ ᠲᠤᠳᠤᠷᠬᠠᠢ ᠭᠡᠷᠡᠴᠢᠯᠡᠭᠰᠡᠨ ᠪᠦᠭᠡᠳ ᠲᠤᠬᠠᠢ ᠶᠢᠨ ᠦᠶᠡᠰ ᠴᠠᠬᠠᠷ ᠨᠢ ᠮᠤᠩᠭᠤᠯ ᠤᠨ ᠭᠤᠤᠯᠯᠠᠭᠴᠢ ᠪᠦᠷᠢᠯᠳᠦᠬᠦᠨ ᠬᠦᠴᠦᠨ ᠢᠶᠠᠷ ᠲᠤᠭᠠᠴᠠᠭᠳᠠᠵᠦ ᠪᠠᠶᠢᠭᠰᠠᠨ ᠢ ᠲᠤᠳᠤᠷᠬᠠᠢᠢᠯᠠᠵᠠᠢ᠃ ᠰᠠᠭᠠᠩ ᠰᠡᠴᠡᠨ ︽ᠬᠠᠳ ᠤᠨ ᠦᠨᠳᠦᠰᠦᠨ ᠡᠷᠳᠡᠨᠢ ᠶᠢᠨ ᠲᠤᠪᠴᠢ︾᠎ ᠳᠠᠭᠠᠨ ︽ᠬᠤᠶᠠᠷ ᠭᠤᠤᠯ ᠤᠯᠤᠰ ᠲᠠᠷᠤᠢ ᠴᠠᠬᠠᠷ ᠪᠠᠵᠠᠷ ᠬᠤᠶᠠᠷ ᠢ ᠨᠢᠬᠡᠳᠭᠡᠨ ᠨᠡᠶᠢᠯᠡᠬᠦᠯᠪᠡᠰᠦ ᠠᠰᠢᠳᠠ ᠠᠮᠤᠷ ᠪᠦᠯᠦᠬᠡ ᠭᠡᠵᠦ ᠤᠷᠢᠳᠠ ᠬᠤᠷᠴᠢᠨ ᠤ ᠤᠷᠳᠠᠳᠬᠠᠢ ᠤᠩ᠂ ᠲᠠᠶᠠᠨ ᠬᠠᠭᠠᠨ ᠳᠤ ᠠᠶᠢᠯᠠᠳᠬᠠᠵᠦ ᠪᠠᠶᠢᠭᠰᠠᠨ︾᠎ ᠢ ᠲᠡᠮᠳᠡᠭᠯᠡᠭᠰᠡᠨ ᠨᠢ ᠴᠠᠬᠠᠷ ᠨᠢ ᠲᠤᠬᠠᠢ ᠶᠢᠨ ᠦᠶ ᠎ᠡ ᠳᠤ᠂ ᠮᠤᠩᠭᠤᠯ ᠤᠨ ᠤᠯᠤᠰ ᠲᠦᠷᠦ᠂ ᠠᠵᠦ ᠠᠬᠤᠢ᠂ ᠴᠡᠷᠢᠭ ᠲᠠᠶᠢᠨ᠂ ᠰᠤᠶᠤᠯ ᠤᠷᠠᠯᠢᠭ ᠤᠨ ᠭᠤᠤᠯ ᠲᠦᠪ ᠪᠤᠯᠵᠦ ᠪᠠᠶᠢᠭᠰᠠᠨ ᠢ ᠲᠡᠬᠢᠨᠳᠠ ᠲᠤᠳᠤᠷᠬᠠᠢᠢᠯᠠᠵᠠᠢ ᠃ ᠮᠤᠩᠭᠤᠯ ᠤᠯᠤᠰ ᠤᠨ ᠲᠡᠤᠭᠡᠴᠢᠨ ᠳ᠋᠊ · ᠭᠤᠨᠭ᠍ᠭᠤᠷ᠂ ᠭᠤᠤᠯ ᠤᠯᠤᠰ ᠤᠨ ᠲᠤᠬᠠᠢ ᠲᠤᠳᠤᠷᠬᠠᠢᠢᠯᠠᠬᠤ ᠳᠠᠭᠠᠨ ︽ᠬᠠᠮᠤᠭ ᠮᠤᠩᠭᠤᠯᠴᠤᠳ ᠪᠦᠬᠦ ᠮᠤᠩᠭᠤᠯ ᠤᠭᠰᠠᠭᠠᠳᠠᠨ ᠤ ᠨᠢᠬᠡᠳᠦᠭᠰᠡᠨ ᠲᠤᠯᠭᠤᠷ ᠤᠯᠤᠰ ᠤᠨ ᠭᠤᠤᠯ ᠲᠦᠰᠢᠭ ᠲᠤᠯᠭᠠᠭᠤᠷᠢ ᠶᠢᠨ ᠬᠤᠪᠢ ᠪᠠᠷ ᠶᠡᠭᠡ ᠬᠠᠭᠠᠨ ᠳᠤ ᠰᠢᠭᠤᠳ ᠵᠠᠬᠢᠷᠤᠭᠳᠠᠵᠦ ᠶᠠᠪᠤᠭᠠᠳ ᠲᠠᠷᠠᠭ᠎ᠠ ᠨᠢ ᠲᠦᠷᠦ ᠪᠠᠷᠢᠭᠴᠢ ᠶᠢᠨ ᠢᠵᠠᠭᠤᠷ ᠤᠯᠤᠰ ᠪᠤᠯᠬᠤ ᠤᠳᠬᠤᠨ ᠬᠦᠦ ᠶᠢᠨ ᠬᠢᠨᠢ ᠬᠤᠪᠢ ᠬᠦᠷᠳᠡᠭᠡᠯ ᠪᠤᠯᠳᠠᠭ ᠨᠢᠭᠡᠨᠳᠡ ᠲᠤᠭᠳᠠᠭᠰᠠᠨ ᠤᠯᠠᠮᠵᠢᠯᠠᠯᠳᠤ ᠵᠠᠩᠰᠢᠯ ᠶᠤᠰᠤᠭᠠᠷ᠂ ᠴᠢᠩᠬᠢᠰ ᠡᠵᠡᠨ ᠤ ᠲᠦᠳᠦᠬᠡᠷ ᠬᠦᠪᠡᠬᠦᠨ ᠲᠤᠯᠤᠢ ᠶᠢᠨ ᠮᠡᠳᠡᠯ ᠳᠤ ᠰᠢᠯᠵᠢᠵᠦ᠂ ᠭᠤᠤᠯ ᠤᠨ ᠤᠯᠤᠰ ᠭᠡᠵᠦ ᠨᠡᠷᠡᠯᠡᠭᠳᠡᠨ ᠶᠠᠪᠤᠵᠤᠬᠤᠢ︾ ᠭᠡᠵᠦ ᠲᠡᠮᠳᠡᠭᠯᠡᠭᠰᠡᠨ ᠨᠢ ᠶᠡᠭᠡ ᠤᠴᠢᠷ ᠲᠠᠢ ᠵᠦᠢᠯᠡᠰ ᠪᠢᠯᠡ᠃ ᠲᠤᠯᠤᠢ ᠡᠵᠡᠨ ᠠᠴᠠ ᠬᠤᠶᠢᠰᠢ ᠰᠤᠷᠬᠠᠭᠳᠠᠨᠢ ᠬᠠᠳᠤᠨ ᠤ ᠵᠠᠬᠢᠷᠤᠯ ᠲᠤᠤᠷ ᠎ᠠ᠂ ᠤᠷᠳᠤᠨ ᠤ ᠰᠢᠳᠠᠷ ᠴᠡᠷᠢᠭ ᠴᠠᠬᠠᠷᠴᠤᠤᠯ ᠨᠢ ᠲᠡᠬᠦᠨ ᠤ ᠤᠯᠤᠰ ᠲᠦᠷᠦ ᠶᠢᠨ ᠲᠦᠰᠢᠭ᠂ ᠵᠠᠬᠢᠷᠤᠯ ᠤᠨ ᠬᠢᠨᠢ ᠭᠤᠤᠯ ᠲᠤᠯᠭᠠᠭᠤᠷᠢ ᠪᠤᠯᠤᠨ ᠬᠦᠭᠵᠢᠭᠰᠡᠨ ᠶᠤᠮ᠃ ᠲᠡᠭᠡᠬᠦ ᠪᠠᠷ ᠲᠤᠬᠠᠢ ᠶᠢᠨ ᠦᠶᠡᠰ ︽ᠶᠡᠭᠡ ᠪᠡᠷᠢ ᠳᠡᠭᠡᠨ ᠡᠵᠡᠯᠡᠬᠦᠯᠦᠨ ᠦᠭᠬᠦᠭᠰᠡᠨ ᠦᠨᠳᠡᠭᠡᠨ ᠴᠠᠭᠠᠨ ᠢ ᠪᠡᠯᠡᠳᠭᠡᠨ ᠬᠠᠳᠠᠭᠠᠯᠠᠭᠰᠠᠠ ᠦᠯᠵᠡᠶᠢᠳᠦ ᠨᠠᠢᠮᠠᠨ ᠤᠳᠤᠭ — ᠬᠠᠭᠤᠴᠢᠨ ᠴᠠᠬᠠᠷ ᠲᠦᠮᠡᠨ︾᠎ ᠨᠢ ︽ᠴᠠᠪᠴᠢᠬᠤ ᠢᠯᠳᠤᠨ ᠤ ᠢᠷ ᠪᠤᠯᠵᠦ᠂ ᠴᠡᠷᠬᠢ ᠲᠤᠭᠤᠯᠠᠭᠠᠨ ᠤ ᠲᠠᠯᠤ ᠪᠤᠯᠵᠦ᠂ ᠪᠡᠭᠳᠡᠷ ᠬᠤᠶᠠᠭ ᠤᠨ ᠦᠡᠭᠭᠡ ᠪᠤᠯᠵᠦ᠂ ᠪᠡᠷᠭᠡ ᠴᠡᠷᠢᠭ ᠤᠨ ᠢᠷᠡᠬᠦᠯ︾ ᠪᠤᠯᠵᠦ ᠪᠠᠶᠢᠭᠰᠠᠨ ᠶᠤᠮ᠃ ᠲᠡᠤᠭᠡᠨ ᠲᠡᠭᠡᠷ ᠎ᠡ᠂ ᠬᠡᠰᠢᠭᠳᠡᠨ ᠴᠡᠷᠢᠭ ᠨᠢ ᠡᠵᠡᠨ ᠴᠢᠩᠬᠢᠰ ᠬᠠᠭᠠᠨ ᠪᠠ ᠲᠡᠬᠦᠨ ᠤ ᠵᠠᠯᠭᠠᠮᠵᠢᠯᠠᠭᠴᠢᠳ ᠢ ᠲᠠᠭᠠᠵᠦ᠂ ᠪᠠᠷᠠᠭᠤᠨᠰᠢ ᠲᠠᠶᠢᠯᠠᠨ ᠵᠡᠬᠦᠨᠰᠢ ᠪᠠᠶᠢᠯᠳᠤᠬᠤ ᠳᠤ ᠡᠵᠡᠨ ᠬᠠᠭᠠᠨ ᠢ ᠬᠠᠮᠠᠭᠠᠯᠠᠬᠤ᠂ ᠬᠤᠰᠢᠭᠤᠴᠢᠯᠠᠨ ᠲᠠᠭᠠᠷᠢᠬᠤ ᠬᠤᠤᠰ ᠡᠬᠦᠷᠭᠡ ᠶᠢ ᠬᠦᠢᠴᠡᠳᠭᠡᠨ ᠭᠤᠤᠯ ᠬᠦᠴᠦᠨ ᠪᠤᠯᠵᠦ ᠪᠠᠶᠢᠭᠰᠠᠨ ᠪᠤᠯ ᠴᠠᠬᠠᠷ ᠴᠡᠷᠢᠭ ᠨᠢ ᠬᠠᠷᠢᠨ ᠠᠷᠤ ᠠᠭᠤᠷᠠᠭ᠂ ᠭᠤᠯᠤᠮᠳᠠ ᠨᠤᠳᠤᠭ᠂ ᠬᠠᠭᠠᠨ ᠤᠷᠳᠤᠨ ᠢ ᠰᠠᠬᠢᠨ ᠬᠠᠮᠠᠭᠠᠯᠠᠬᠤ ᠡᠬᠦᠷᠭᠡ ᠶᠢ ᠬᠦᠢᠴᠡᠳᠭᠡᠵᠦ ᠪᠠᠶᠢᠪᠠ᠃ ᠰᠤᠷᠪᠤᠯᠵᠢ ᠪᠢᠴᠢᠭ ᠪᠠ ᠡᠷᠳᠡᠮᠳᠡᠳ ᠤᠨ ᠰᠤᠳᠤᠯᠭᠠᠨ ᠢ ᠦᠨᠳᠦᠰᠦᠯᠡᠪᠡᠯ ᠴᠠᠬᠠᠷ ᠤᠨ ᠠᠩᠬᠠᠨ ᠤ ᠦᠶ ᠎ᠡ ᠶᠢᠨ ᠨᠠᠢᠮᠠᠨ ᠤᠳᠤᠭ ᠨᠢ ᠬᠤᠯᠠᠪᠠᠳ᠂ ᠬᠡᠮᠵᠢᠬᠦᠳ᠂ ᠠᠤᠬᠠᠨ᠂ ᠨᠠᠢᠮᠠᠨ᠂ ᠬᠡᠰᠢᠭᠳᠡᠨ᠂ ᠴᠠᠭᠠᠨ ᠲᠠᠲ᠋ᠠᠷ᠂ ᠬᠠᠭᠤᠴᠢᠳ᠂ ᠵᠠᠭᠤᠳ ᠭᠡᠵᠦ ᠪᠠᠶᠢᠭᠰᠠᠨ ᠪᠤᠯᠤᠯᠳᠠᠢ᠃          ᠰᠤᠷᠪᠤᠯᠵᠢ ᠪᠢᠴᠢᠭ ᠲᠤ ᠲᠡᠮᠳᠡᠭᠯᠡᠭᠰᠡᠨ ᠢᠶᠠᠷ᠂ ᠬᠤᠪᠢᠯᠠᠢ ᠬᠠᠭᠠᠨ ᠪᠦᠬᠦ᠋ᠢᠯᠡ ᠮᠤᠩᠭᠤᠯ ᠤᠨ ᠦᠨᠳᠦᠷᠯᠢᠭ᠂ ᠨᠠᠩᠬᠢᠶᠠᠳ ᠤᠷᠤᠨ᠂ ᠦᠷᠦᠨ᠎ᠠ ᠲᠤᠷᠤᠨ᠎ᠠ ᠶᠢ ᠪᠠᠭᠳᠠᠭᠠᠭᠰᠠᠨ ᠶᠡᠭᠡ ᠶᠤᠸᠠᠨ ᠬᠦᠷᠦᠨ ᠢ ᠴᠤᠭᠴᠠᠯᠠᠨ ᠪᠠᠶᠢᠭᠤᠯᠵᠦ᠂ ᠬᠤᠶᠠᠷ ᠨᠡᠶᠢᠰᠯᠡᠯ ᠤᠨ ᠲᠦᠷᠢᠮ ᠢ ᠭᠡᠷᠡᠭᠵᠢᠬᠦᠯᠦᠨ᠂ ᠲᠦᠷᠦ ᠲᠦᠮᠡᠨ ᠢ ᠠᠮᠤᠷᠵᠢᠭᠤᠯᠤᠨ ᠲᠠᠶᠢᠪᠤᠩ ᠴᠠᠭ ᠦᠶ ᠎ᠡ ᠳᠤ ᠤᠷᠤᠭᠰᠠᠨ ᠤ ᠲᠠᠷᠠᠭ᠎ᠠ᠂ ᠭᠠᠳᠠᠭᠰᠢ ᠲᠦᠷᠢᠨ ᠲᠠᠶᠢᠯᠠᠬᠤ ᠴᠡᠷᠢᠭ ᠲᠠᠶᠢᠨ ᠤ ᠦᠢᠯᠡᠰ ᠴᠦᠬᠡᠷᠡᠵᠡᠢ ᠃ ᠲᠡᠭᠡᠬᠦ ᠪᠠᠷ ᠤᠤᠯ ᠤᠨ ᠬᠠᠭᠠᠨ ᠡᠵᠡᠨ ᠢ ᠲᠠᠭᠠᠵᠦ᠂ ᠠᠶᠠᠨ ᠲᠠᠶᠢᠨ ᠳᠤ ᠭᠠᠪᠰᠢᠭᠠᠢᠢᠯᠠᠵᠦ ᠪᠠᠶᠢᠭᠰᠠᠨ ᠬᠡᠰᠢᠭᠳᠡᠨ ᠴᠡᠷᠢᠭ ᠤᠨ ᠠᠯᠪᠠ ᠡᠬᠦᠷᠭᠡ ᠬᠦᠡᠭᠭᠡᠷᠡᠵᠦ᠂ ᠬᠠᠷᠢᠨ ᠡᠵᠡᠨ ᠤ ᠤᠷᠳᠤᠨ ᠠᠭᠤᠷᠠᠭ ᠢ ᠰᠠᠬᠢᠨ ᠬᠠᠮᠠᠭᠠᠯᠠᠵᠦ ᠪᠠᠶᠢᠭᠰᠠᠨ ᠰᠢᠳᠠᠷ ᠴᠡᠷᠢᠭ — ᠴᠠᠬᠠᠷᠴᠤᠤᠯ ᠤᠨ ᠠᠯᠪᠠ ᠡᠬᠦᠷᠭᠡ ᠬᠠᠷᠢᠴᠠᠩᠭᠤᠢ ᠪᠠᠷ ᠬᠦᠨᠳᠦᠷᠡᠵᠦ ᠨᠡᠶᠢᠬᠡᠮ ᠨᠡᠶᠢᠳᠡ ᠳᠤ ᠦᠵᠡᠬᠦᠯᠬᠦ ᠦᠢᠯᠡᠳᠦᠯ ᠨᠢ ᠲᠤᠪᠤᠶᠢᠮ ᠎ᠠ ᠪᠤᠯᠵᠦ ᠢᠷᠡᠪᠡ᠃ ᠴᠠᠬᠠᠷ ᠨᠢ ᠤᠷᠳᠤ ᠤᠳᠠᠭᠠᠨ ᠬᠤᠭᠤᠴᠠᠭᠠᠨ ᠤ ᠲᠡᠤᠭᠡᠨ ᠤᠯᠠᠷᠢᠯ ᠬᠤᠪᠢᠰᠤᠯ ᠢᠶᠠᠷ᠂ ᠤᠤᠯ ᠤᠨ ᠬᠡᠰᠢᠭᠳᠡᠨ ᠴᠡᠷᠢᠭ ᠢ ᠪᠠᠭᠳᠠᠭᠠᠭᠰᠠᠨ ᠤᠯᠤᠰ ᠲᠦᠷᠦ᠂ ᠵᠠᠰᠠᠭ ᠵᠠᠬᠢᠷᠭᠠᠨ ᠤ ᠠᠶᠢᠮᠠᠭ ᠪᠦᠯᠦᠭ ᠪᠤᠯᠤᠨ ᠠᠭᠠᠵᠢᠮ ᠢᠶᠠᠷ ᠪᠦᠷᠢᠯᠳᠦᠵᠡᠢ᠃           ᠮᠤᠩᠭᠤᠯᠴᠤᠳ ᠪᠤᠭᠤᠮᠳᠠ ᠠᠴᠠ ᠤᠬᠤᠷᠢᠵᠦ ᠮᠤᠩᠭᠤᠯ ᠤᠨ ᠦᠨᠳᠦᠷᠯᠢᠭ ᠲᠡᠭᠡᠨ ᠪᠤᠴᠠᠭᠰᠠᠨ ᠤ ᠲᠠᠷᠠᠭ᠎ᠠ᠂ ᠴᠠᠬᠠᠷ ᠨᠢ ᠤᠤᠯ ᠤᠨ ᠰᠢᠳᠡᠷ ᠴᠡᠷᠢᠭ ᠤᠨ ᠲᠠᠪᠠᠭᠤᠯᠢᠭ ᠬᠦᠴᠦᠨ ᠢᠶᠠᠷ ᠤᠤᠯ ᠤᠨ ᠤᠷᠳᠤᠨ ᠤ ᠤᠯᠤᠰ ᠲᠦᠷᠦ ᠶᠢᠨ ᠠᠬᠤᠢ ᠪᠠᠶᠢᠳᠠᠯ ᠤᠨ ᠲᠠᠪᠠᠭᠤᠯᠢᠭ ᠢᠶᠠᠷ ᠲᠠᠪᠠᠮᠠᠭᠠᠢ ᠪᠠᠶᠢᠷᠢᠨ ᠳᠤ ᠤᠷᠤᠵᠦ᠂ ᠬᠦᠴᠦᠷᠭᠡᠭ ᠶᠡᠭᠡ ᠲᠦᠮᠡᠨ ᠪᠤᠯᠤᠨ ᠪᠤᠵᠠᠭᠠᠶᠢᠷᠠᠵᠦ ᠲᠡᠤᠭᠡ ᠶᠢᠨ ᠲᠠᠪᠴᠠᠩ ᠳᠤ ᠭᠠᠷᠤᠭᠰᠠᠨ ᠶᠤᠮ᠃           ᠮᠠᠨᠳᠤᠬᠠᠢ ᠰᠠᠴᠡᠨ ᠬᠠᠳᠤᠨ ︽ᠴᠠᠭ᠎ᠠ ᠬᠦᠪᠡᠬᠦᠨ ᠳᠤᠷ ᠡᠴᠢᠬᠦᠯᠡ᠂ ᠴᠠᠭᠠᠨ ᠮᠦᠷ ᠲᠠᠳᠠᠵᠦ᠂ ᠴᠠᠬᠠᠷ ᠲᠦᠮᠡᠨ ᠢᠶᠠᠨ ᠡᠵᠡᠯᠡᠵᠦ᠂ ᠴᠠᠭᠯᠠᠰᠢ ᠦᠬᠡᠢ ᠨᠡᠷ᠎ᠡ ᠠᠯᠳᠠᠷᠰᠢᠶᠤ︾ ᠬᠡᠮᠡᠨ ᠲᠠᠶᠠᠨ ᠬᠠᠭᠠᠨ ᠪᠠᠳᠤᠮᠦ᠋ᠩᠭᠡ ᠳᠤ ᠭᠤᠷᠪᠠᠨ ᠲᠠᠪᠬᠤᠷ ᠤᠯᠠᠳᠤ ᠭᠤᠳᠤᠯ ᠡᠮᠦᠰᠭᠡᠵᠦ᠂ ᠠᠯᠠᠭᠴᠢᠭᠤᠳ ᠤᠨ ᠦᠨᠡᠭᠡ ᠶᠢᠨ ᠠᠯᠠᠭ ᠯᠤᠩᠬᠤᠳᠤ ᠠᠷᠢᠬᠢ ᠠᠪᠴᠤ᠂ ᠨᠠᠢᠮᠠᠨ ᠴᠠᠭᠠᠨ ᠤᠷᠳᠤᠨ ᠤ ᠡᠮᠦᠨ᠎ᠡ ᠰᠤᠳᠤ ᠬᠠᠭᠠᠨ ᠬᠠᠳᠤᠨ ᠤ ᠰᠦᠯᠳᠡ ᠳᠤ ᠰᠠᠴᠤᠯᠢ ᠡᠷᠬᠦᠵᠦ᠂ ᠪᠠᠳᠦ᠋ᠮᠦᠩᠭᠡ ᠬᠠᠭᠠᠨ ᠤ ᠡᠰᠢ ᠬᠠᠳᠤᠨ ᠪᠤᠯᠵᠦ ᠲᠠᠩᠭᠠᠷᠢᠭ ᠲᠠᠯᠪᠢᠭᠰᠠᠨ ᠶᠤᠮ᠃ ᠪᠠᠳᠦ᠋ᠮᠦᠩᠭᠡ ᠲᠠᠶᠠᠨ ᠬᠠᠭᠠᠨ᠂ ᠬᠠᠭᠠᠨ ᠰᠢᠷᠡᠭᠡᠨ ᠳᠤ ᠰᠠᠭᠤᠭᠰᠠᠨ ᠤ ᠲᠠᠷᠠᠭ᠎ᠠ᠂ ᠴᠠᠭᠠᠨ ᠭᠡᠷᠡᠮ ᠤᠨ ᠭᠠᠳᠠᠨᠠᠬᠢ ᠴᠡᠷᠢᠭ ᠠᠷᠠᠳ ᠢᠶᠠᠨ ᠮᠤᠩᠭᠤᠯ ᠤᠨ ᠤᠳᠤᠮ ᠴᠠᠳᠢᠭ ᠤᠨ ᠶᠤᠰᠤᠭᠠᠷ ᠵᠢᠷᠭᠤᠭᠠᠨ ᠲᠦᠮᠡᠨ ᠪᠤᠯᠭᠠᠨ ᠬᠤᠪᠢᠶᠠᠬᠤ ᠳᠠᠭᠠᠨ ᠴᠠᠬᠠᠷ ᠤᠭᠰᠠᠭ᠎ᠠ ᠶᠢ ᠨᠢᠬᠡᠳᠤᠭᠡᠷ ᠰᠢᠳᠠᠷ ᠴᠡᠷᠢᠭ ᠨᠡᠷᠡᠶᠢᠳᠦᠭᠰᠡᠨ ᠶᠤᠮ᠃ ᠰᠤᠷᠪᠤᠯᠵᠢ ᠲᠡᠤᠭᠡ ︽ᠡᠷᠳᠡᠨ ᠤ ᠮᠤᠩᠭᠤᠯ ᠤᠨ ᠬᠠᠳ ᠤᠨ ᠦᠨᠳᠦᠰᠦᠨ ᠤ ᠶᠡᠭᠡ ᠰᠢᠷ᠎ᠠ ᠲᠤᠭᠤᠵᠢ︾᠎ ᠳᠤ ᠴᠦ ᠲᠠᠶᠠᠨ ᠬᠠᠭᠠᠨ ᠤ ᠵᠢᠷᠭᠤᠭᠠᠨ ᠲᠦᠮᠡᠨ ᠢ ᠲᠡᠮᠳᠡᠭᠯᠡᠬᠦ ᠳᠡᠭᠡᠨ ᠴᠠᠬᠠᠷ ᠢ ᠵᠡᠬᠦᠨ ᠭᠤᠷᠪᠠᠨ ᠲᠦᠮᠡᠨ ᠤ ᠲᠡᠷᠢᠬᠦᠨ ᠳᠤ ᠵᠢᠬᠰᠠᠭᠠᠭᠰᠠᠨ ᠪᠢᠯᠡ᠃          ᠪᠠᠳᠦ᠋ᠮᠦᠩᠭᠡ ᠲᠠᠶᠠᠨ ᠬᠠᠭᠠᠨ ᠵᠠᠰᠠᠭ ᠪᠠᠷᠢᠭᠰᠠᠨ ᠬᠤᠭᠤᠴᠠᠭᠠᠨ ᠳᠠᠭᠠᠨ᠂ ᠴᠠᠬᠠᠷ ᠲᠦᠮᠡᠨ ᠢᠶᠠᠷ ᠲᠦᠪᠯᠡᠨ ᠰᠠᠭᠤᠵᠦ᠂ ᠬᠠᠭᠠᠨ ᠤᠷᠳᠤᠨ ᠢᠶᠠᠨ ᠴᠠᠬᠠᠷ ᠲᠦᠮᠡᠨ ᠤ ᠨᠤᠳᠤᠭ ᠲᠤ ᠪᠠᠶᠢᠷᠢᠰᠢᠭᠤᠯᠵᠦ᠂ ᠪᠦᠬᠦ ᠮᠤᠩᠭᠤᠯ ᠢᠶᠠᠨ ᠠᠳᠡ ᠠᠴᠠ ᠵᠠᠬᠢᠷᠤᠭᠰᠠᠨ ᠶᠤᠮ᠃ ᠲᠡᠷᠡ ᠬᠤᠶᠠᠳᠡᠬᠢ ᠤᠳᠠᠭ᠎ᠠ ᠪᠦᠬᠦ ᠮᠤᠩᠭᠤᠯ ᠤᠨ ᠡᠯ᠎ᠡ ᠤᠪᠤᠭ ᠠᠶᠢᠮᠠᠭ ᠤᠳ ᠢ ᠨᠢᠬᠡᠳᠭᠡᠵᠦ᠂ ᠶᠡᠭᠡ ᠶᠤᠸᠠᠨ ᠤᠯᠤᠰ ᠤᠨ ᠲᠦᠷᠦ ᠶᠢᠨ ᠦᠢᠯᠡᠰ ᠢ ᠵᠠᠯᠭᠠᠮᠵᠢᠯᠠᠨ ᠬᠦᠭᠵᠢᠬᠦᠯᠵᠦ᠂ ᠮᠤᠩᠭᠤᠯ ᠲᠠᠲ᠋ᠠᠷ ᠤᠨ ᠶᠡᠭᠡ ᠤᠯᠤᠰ ᠢ ᠪᠠᠶᠢᠭᠤᠯᠤᠭᠰᠠᠨ ᠤ ᠲᠠᠷᠠᠭ᠎ᠠ᠂ ᠴᠠᠬᠠᠷ ᠤᠨ ᠭᠤᠤᠯ ᠬᠦᠴᠦᠨ ᠢ ᠲᠦᠰᠢᠭᠯᠡᠨ᠂ ᠮᠤᠩᠭᠤᠯ ᠤᠨ ᠵᠠᠳᠠᠷᠠᠯ ᠪᠤᠳᠠᠷᠠᠯ ᠢ ᠬᠤᠷᠢᠭᠯᠠᠵᠦ ᠪᠠᠶᠢᠭᠰᠠᠨ ᠠᠴᠠ ᠴᠠᠬᠠᠷ ᠨᠢ ᠵᠦᠪᠬᠡᠨ ᠰᠠᠬᠢᠨ ᠬᠠᠮᠠᠭᠠᠯᠠᠯᠳᠠ ᠠᠴᠠ ᠪᠠᠨ ᠬᠤᠰᠢᠭᠤᠴᠢᠯᠠᠨ ᠲᠠᠶᠢᠯᠠᠬᠤ ᠴᠢᠳᠠᠪᠬᠢ ᠲᠠᠢ ᠪᠤᠯᠤᠨ ᠬᠦᠮᠦᠵᠢᠵᠦ᠂ ᠡᠬᠦᠨ ᠤ ᠤᠯᠠᠮ ᠠᠴᠠ ᠮᠤᠩᠭᠤᠯ ᠤᠨ ᠶᠡᠭᠡ ᠨᠢᠬᠡᠳᠤᠯ ᠢ ᠬᠠᠮᠠᠭᠠᠯᠠᠵᠦ ᠴᠢᠳᠠᠭᠰᠠᠨ ᠶᠤᠮ᠃         1059 ᠤᠨ ᠳᠤ᠂ ᠪᠠᠳᠦ᠋ᠮᠦᠩᠭᠡ ᠲᠠᠶᠠᠨ ᠬᠠᠭᠠᠨ᠂ ᠬᠤᠶᠠᠳᠤᠭᠠᠷ ᠬᠦᠪᠡᠬᠦᠨ ᠤᠯᠤᠰᠪᠤᠯᠤᠳ ᠢᠶᠠᠨ ᠪᠠᠷᠠᠭᠤᠨ ᠭᠤᠷᠪᠠᠨ ᠲᠦᠮᠡᠨ ᠤ ᠵᠢᠨᠤᠩ ᠢᠶᠠᠷ ᠲᠤᠮᠢᠯᠠᠨ ᠤᠴᠢᠭᠤᠯᠤᠭᠰᠠᠨ ᠳᠤ᠂ ᠶᠦᠩᠰᠢᠶᠡᠪᠤ ᠶᠢᠨ ᠲᠦᠷᠦᠬᠦᠦ ᠢᠪᠠᠷᠡᠢ ᠲᠠᠶᠢᠱᠢ ᠪᠤᠯᠤᠨ ᠤᠷᠳᠤᠰ ᠤᠨ ᠲᠦᠷᠦᠬᠦᠦ ᠮᠠᠨᠳᠤᠯᠠᠢ ᠠᠬᠠᠯᠠᠬᠤ ᠲᠡᠬᠦᠨ ᠢ ᠬᠤᠤᠷᠯᠠᠨ ᠠᠯᠠᠵᠠᠢ᠃ ᠲᠠᠷᠠᠭ᠎ᠠ ᠵᠢᠯ ᠳᠤᠨᠢ ᠲᠠᠶᠠᠨ ᠬᠠᠭᠠᠨ᠂ ᠴᠠᠬᠠᠷ ᠨᠠᠢᠮᠠᠨ ᠤᠳᠤᠭ ᠤᠨ ᠰᠢᠯᠢᠳᠡᠭ ᠴᠡᠷᠢᠭ ᠢᠶᠠᠷ ᠶᠦᠩᠰᠢᠶᠡᠪᠤ ᠶᠢ ᠪᠠᠶᠢᠯᠳᠤᠭᠤᠯᠵᠦ᠂ ᠤᠷᠢᠶᠠᠩᠬᠠᠢ᠂ ᠬᠠᠷᠠᠴᠢᠨ ᠠᠶᠢᠮᠠᠭ ᠢᠶᠠᠷ ᠤᠷᠳᠤᠰ ᠢ ᠬᠤᠷᠢᠭᠯᠠᠭᠤᠯᠤᠨ᠂ ᠬᠠᠯᠬ᠎ᠠ ᠠᠷᠪᠠᠨ ᠬᠤᠶᠠᠷ ᠤᠳᠤᠭ ᠢᠶᠠᠷ ᠲᠦᠮᠡᠳ ᠢ ᠲᠠᠶᠢᠯᠠᠭᠤᠯᠵᠦ᠂ ᠬᠦᠬᠡᠨᠠᠭᠤᠷ ᠤᠨ ᠨᠠᠴᠢᠨ ᠴᠠᠶᠢᠳᠠᠮ ᠬᠡᠮᠡᠬᠦ ᠭᠠᠵᠠᠷ ᠲᠤ ᠤᠷᠳᠤᠰ ᠤᠨ ᠮᠠᠨᠳᠤᠯᠠᠢ ᠠᠬᠠᠯᠠᠬᠤ ᠶᠢ ᠬᠦᠬᠡᠬᠡᠨ ᠬᠦᠢᠴᠡᠵᠦ ᠠᠯᠠᠭᠠᠳ᠂ ᠪᠠᠷᠠᠭᠤᠨ ᠭᠤᠷᠪᠠᠨ ᠲᠦᠮᠡᠨ ᠢ ᠲᠠᠬᠢᠨᠳᠠ ᠤᠷᠤᠭᠤᠯᠤᠨ ᠠᠪᠴᠤ᠂ ᠤᠷᠪᠠᠯᠭᠠᠨ ᠢ ᠪᠦᠷᠢᠮᠦᠰᠦᠨ ᠲᠠᠷᠤᠩᠭᠤᠶᠢᠯᠠᠵᠠᠢ᠃ ᠡᠨᠡᠬᠦ ᠲᠠᠶᠢᠨ ᠳᠤ ᠴᠠᠬᠠᠷ ᠤᠨ ᠰᠢᠯᠢᠳᠡᠭ ᠴᠡᠷᠢᠭ ᠦᠬᠦᠸᠠᠷ ᠪᠠᠶᠢᠯᠳᠤᠵᠦ ᠪᠠᠯᠠᠷᠠᠰᠢ ᠦᠬᠡᠢ ᠭᠠᠪᠢᠶ᠎ᠠ ᠪᠠᠶᠢᠭᠤᠯᠵᠠᠢ᠃         ᠴᠠᠬᠠᠷ ᠤᠳᠤᠭ ᠢ ᠲᠡᠤᠭᠡᠨ ᠠᠬᠤᠢ ᠪᠠᠶᠢᠳᠠᠯ ᠠᠴᠠ ᠠᠪᠴᠤ ᠦᠵᠡᠪᠡᠯ ᠡᠬᠦᠰᠭᠡᠨ ᠪᠠᠶᠢᠭᠤᠯᠤᠭᠰᠠᠨ ᠨᠢ ᠴᠢᠩᠬᠢᠰ ᠤᠨ ᠬᠤᠶᠢᠴᠢᠰ ᠪᠤᠯᠪᠠᠴᠤ ᠲᠡᠬᠦᠨ ᠤ ᠪᠦᠷᠢᠯᠳᠦᠬᠦᠨ ᠨᠢ ᠪᠦᠬᠦᠨ ᠢᠶᠠᠷ ᠢᠶᠠᠨ ᠬᠢᠶᠠᠨ ᠶᠠᠰᠤᠳᠠᠨ ᠤ ᠪᠤᠷᠵᠢᠬᠢᠨ ᠤᠪᠤᠭᠳᠠᠨ ᠪᠢᠰᠢ ᠶᠤᠮ᠃ ᠤᠴᠢᠷ ᠨᠢ ᠠᠯᠳᠠᠨ ᠤᠷᠤᠭᠳᠠᠨ ᠤ ᠴᠢᠰᠦᠨ ᠲᠦᠷᠦᠯ ᠤᠨ ᠬᠤᠯᠪᠤᠭ᠎ᠠ ᠪᠠᠷ ᠬᠡᠯᠬᠢᠶᠡᠰᠦ ᠪᠤᠯᠭᠠᠭᠰᠠᠨ ᠤᠪᠤᠭ ᠲᠦᠷᠦᠯ ᠤᠨ ᠵᠤᠬᠢᠶᠠᠨ ᠪᠠᠶᠢᠭᠤᠯᠤᠯᠳᠠ ᠪᠢᠰᠢ᠂ ᠬᠠᠷᠢᠨ ᠠᠵᠢᠯ ᠲᠦᠷᠦᠯ ᠤᠨ ᠬᠤᠯᠪᠤᠭ᠎ᠠ ᠪᠠᠷ ᠵᠤᠬᠢᠶᠠᠨ ᠪᠠᠶᠢᠭᠤᠯᠤᠭᠳᠠᠭᠰᠠᠨ ᠴᠢᠩᠭ᠎ᠠ ᠪᠠᠳᠤ᠂ ᠡᠮᠬᠢ ᠴᠡᠭᠴᠡ ᠲᠠᠢ ᠵᠠᠰᠠᠭ ᠤᠨ ᠵᠤᠬᠢᠶᠠᠨ ᠪᠠᠶᠢᠭᠤᠯᠤᠯᠳᠠ ᠶᠤᠮ᠃           ᠲᠡᠬᠦᠨ ᠤ ᠬᠠᠷᠢᠶᠠᠯᠠᠭᠳᠠᠵᠦ ᠪᠠᠶᠢᠭᠰᠠᠨ ᠡᠵᠡᠨ ᠲᠦᠷᠦ ᠶᠢᠨ ᠲᠤᠬᠠᠢ ᠤᠶᠢᠯᠠᠭᠠᠪᠠᠯ᠂ ︽ᠴᠠᠬᠠᠷ ᠤᠨ ᠶᠡᠷᠦᠩᠬᠡᠢ ᠤᠶᠢᠯᠠᠯᠭ᠎ᠠ︾᠎ ᠳᠤ ︽ᠶᠤᠸᠠᠨ ᠤᠯᠤᠰ ᠤᠨ ᠲᠠᠶᠢᠽᠦ ᠠᠴᠠ ᠡᠬᠢᠯᠡᠵᠦ ᠲᠡᠳᠡᠨ ᠤ ᠦᠷ᠎ᠡ ᠠᠴᠢᠨᠠᠷ ᠨᠢ ᠡᠯ᠎ᠡ ᠠᠶᠢᠮᠠᠭ ᠤᠨ ᠠᠬᠠᠯᠠᠭᠴᠢ ᠲᠡᠷᠢᠬᠦᠨ ᠢᠶᠠᠷ ᠬᠡᠳᠦᠨ ᠠᠷᠪᠠᠨ ᠦᠶ᠎ᠡ ᠨᠤᠶᠠᠷᠬᠠᠨ ᠠᠭᠰᠠᠨ ᠤᠴᠢᠷ᠎ᠠ ᠲᠡᠬᠦᠨ ᠤ ᠰᠠᠯᠪᠤᠷᠢ ᠤᠭᠰᠠᠭ᠎ᠠ ᠶᠢᠨ ᠭᠠᠷᠤᠯ ᠡᠬᠦᠰᠦᠯ ᠢ ᠬᠠᠷᠠᠬᠠᠨ ᠮᠡᠳᠡᠵᠦ ᠪᠤᠯᠤᠮᠤᠢ︾ ᠁ ︽ᠮᠤᠩᠭᠤᠯ ᠬᠦᠮᠦᠨ ᠶᠡᠭᠡ ᠭᠤᠪᠢ ᠶᠢᠨ ᠠᠷᠤ ᠦᠪᠦᠷ ᠢ ᠬᠤᠪᠢᠶᠠᠨ ᠡᠵᠡᠮᠰᠢᠵᠦ ᠁ ᠠᠶᠢᠮᠠᠭ ᠤᠨ ᠲᠡᠷᠢᠬᠦᠨ ᠢᠨᠦ ᠤᠯᠠᠩᠬᠢ ᠨᠢ ᠪᠦᠷ ᠶᠤᠸᠠᠨ ᠤᠯᠤᠰ ᠤᠨ ᠰᠠᠶᠢᠳ ᠨᠠᠷ ᠤᠨ ᠬᠡᠳᠦᠨ ᠠᠶᠢᠮᠠᠭ ᠪᠠᠶᠢᠵᠦ ᠪᠠᠷᠤᠭ ᠪᠦᠬᠦᠨ ᠢᠶᠠᠷ ᠢᠶᠠᠨ ᠶᠤᠸᠠᠨ ᠤᠯᠤᠰ ᠤᠨ ᠤᠳᠤᠮ ᠤᠭᠰᠠᠭ᠎ᠠ ᠪᠦᠯᠦᠬᠡ︾ ᠭᠡᠵᠦ ᠲᠡᠮᠳᠡᠭᠯᠡᠵᠡᠢ᠃          ᠲᠡᠭᠡᠬᠦ ᠪᠠᠷ ᠴᠠᠬᠠᠷ ᠬᠡᠮᠡᠬᠦ ᠠᠶᠢᠮᠠᠭ ᠨᠢ ᠲᠠᠶᠠᠨ ᠬᠠᠭᠠᠨ ᠪᠤᠶᠤ ᠲᠡᠬᠦᠨ ᠤ ᠦᠷ᠎ᠡ ᠬᠤᠶᠢᠴᠢᠰ ᠤᠨ ᠬᠠᠷᠢᠶᠠᠨ ᠳᠤ ᠤᠷᠳᠤ ᠬᠤᠭᠤᠴᠠᠭ᠎ᠠ ᠪᠠᠷ ᠪᠠᠶᠢᠭᠰᠠᠨ ᠨᠢ ᠪᠠᠳᠤᠳᠠᠢ ᠪᠠᠶᠢᠬᠤ ᠠᠵᠠᠢ᠃                                          ᠢᠷᠡᠯᠲᠡ᠄ ᠤᠯᠠᠭᠠᠨᠴᠠᠪ ᠤᠨ ᠰᠤᠨᠢᠨ                                          ᠨᠠᠶᠢᠷᠠᠭᠤᠯᠤᠭᠴᠢ:ᠲᠤᠶᠠᠭ᠎ᠠ
 
ᠢᠷᠡᠯᠲᠡ᠄ ᠤᠯᠠᠭᠠᠨᠴᠠᠪ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2