ᠴᠠᠬᠠᠷ ᠤᠨ ᠭᠠᠵᠠᠷ ᠵᠦᠢ ᠶᠢᠨ ᠪᠠᠶᠢᠷᠢᠰᠢᠯ
ᠨᠡᠶᠢᠲᠡᠯᠡᠭᠰᠡᠨ ᠴᠠᠭ᠄
2020/12/8
         ᠲᠤᠯᠤᠢ ᠡᠵᠡᠨ ᠤ ᠡᠵᠡᠮᠰᠢᠨ ᠰᠠᠬᠢᠭᠰᠠᠨ ᠴᠠᠬᠠᠷ ᠨᠢ ᠠᠩᠬ᠎ᠠ ᠡᠬᠢᠯᠡᠭᠡᠳ ᠮᠤᠩᠭᠤᠯ ᠤᠨ ᠶᠡᠭᠡ ᠬᠠᠭᠠᠨ ᠤᠷᠳᠤᠨ᠂ ᠠᠷᠦ ᠠᠭᠤᠷᠠᠭ ᠢ ᠪᠠᠭᠳᠠᠭᠠᠭᠰᠠᠨ ᠲᠦᠪ ᠤᠷᠤᠨ ᠢᠶᠠᠷ ᠨᠤᠳᠤᠭᠯᠠᠵᠦ ᠪᠠᠶᠢᠵᠠᠢ᠃ ᠦᠬᠡᠳᠡᠢ ᠬᠠᠭᠠᠨ ᠤ ᠦᠶᠡᠰ ᠰᠤᠷᠬᠠᠭᠳᠠᠨᠢ ᠬᠠᠳᠤᠨ ᠤ ᠬᠤᠪᠢ ᠨᠤᠳᠤᠭ ᠴᠠᠬᠠᠷ ᠨᠢ  ᠠᠯᠳᠠᠢ  ᠠᠭᠤᠯᠠ ᠨᠢᠷᠤᠭᠤᠳ᠂ ᠬᠢᠷᠬᠢᠰ ᠤᠨ ᠨᠤᠳᠤᠭ᠂ ᠲᠦᠷᠪᠡᠨ ᠮᠢᠩᠭᠠᠨ ᠤᠶᠢᠷᠠᠳ ᠲᠠᠢ ᠬᠦᠷᠰᠢᠯᠡᠨ ᠤᠷᠤᠰᠢᠵᠦ ᠪᠠᠶᠢᠪᠠ᠃ ᠡᠬᠦᠨ ᠢ ᠪᠠᠰᠠ ᠭᠤᠤᠯ ᠮᠢᠩᠭᠠᠨ ᠴᠠᠬᠠᠷ ᠭᠡᠳᠡᠭ᠃ ᠰᠤᠷᠬᠠᠭᠳᠠᠨᠢ ᠶᠢᠨ ᠲᠠᠷᠠᠭ᠎ᠠ ᠲᠡᠬᠦᠨ ᠤ ᠬᠤᠪᠢ ᠨᠤᠳᠤᠭ᠂ ᠴᠡᠷᠢᠭ ᠢᠷᠭᠡᠳ ᠢ ᠲᠡᠬᠦᠨ ᠤ ᠬᠦᠪᠡᠬᠦᠨ ᠠᠷᠢᠭᠪᠤᠬ᠎ᠠ ᠵᠠᠯᠭᠠᠮᠵᠢᠯᠠᠪᠠ᠃ ᠠᠷᠢᠭᠪᠤᠬ᠎ᠠ᠂ ᠬᠤᠪᠢᠯᠠᠢ ᠳᠤ ᠢᠯᠠᠭᠳᠠᠭᠰᠠᠨ ᠤ ᠲᠠᠷᠠᠭ᠎ᠠ ᠭᠤᠤᠯ ᠮᠢᠩᠭᠠᠨ ᠴᠠᠬᠠᠷ᠂ ᠤᠶᠢᠷᠠᠳ ᠲᠤ ᠬᠤᠴᠤᠷᠤᠭᠰᠠᠨ ᠪᠢᠯᠡ᠃ ᠬᠤᠵᠢᠮ ᠨᠢ ᠲᠡᠳᠡᠨ ᠢ ᠨᠠᠢᠮᠠᠨ ᠮᠢᠩᠭᠠᠨ ᠬᠤᠶᠢᠳ ᠤᠨ ᠶᠡᠭᠡ ᠮᠢᠩᠭᠠᠨ᠂ ᠵᠠᠬ᠎ᠠ ᠮᠢᠩᠭᠠᠨ ᠭᠡᠵᠦ ᠨᠡᠷᠡᠶᠢᠳᠬᠦ ᠪᠤᠯᠵᠠᠢ᠃          ᠮᠠᠨᠳᠤᠭᠤᠯᠢ ᠬᠠᠭᠠᠨ ᠤ ᠦᠶᠡᠰ ᠲᠤ᠂ ᠭᠤᠪᠢ ᠶᠢᠨ ᠡᠮᠦᠨ᠎ᠡ ᠭᠡᠰᠡᠭ ᠤᠨ ᠤᠷᠢᠶᠠᠩᠬᠠᠢ ᠭᠤᠷᠪᠠᠨ ᠬᠠᠯᠬ᠎ᠠ ᠪᠤᠯᠤᠨ ᠤᠶᠢᠷᠠᠳ ᠤᠨ ᠵᠠᠷᠢᠮ ᠤᠪᠤᠭ ᠠᠶᠢᠮᠠᠭ ᠵᠢᠴᠢ ᠭᠤᠤᠯ ᠮᠢᠩᠭᠠᠨ ᠤ ᠴᠡᠷᠢᠭ ᠠᠷᠠᠳ ᠢ ᠬᠠᠮᠳᠤ ᠳᠤᠨᠢ ᠮᠤᠩᠭᠤᠯ ᠤᠨ ᠶᠡᠭᠡ ᠬᠠᠭᠠᠨ ᠤ ᠵᠠᠬᠢᠷᠭᠠᠨ ᠲᠤᠤᠷ᠎ᠠ ᠲᠦᠪᠯᠡᠷᠡᠬᠦᠯᠵᠦ ᠴᠠᠬᠠᠷ ᠬᠡᠮᠡᠬᠦ ᠨᠡᠷᠡᠶᠢᠳᠦᠯ ᠢᠶᠠᠷ ᠶᠡᠷᠦᠩᠬᠡᠶᠢᠯᠡᠨ ᠵᠠᠬᠢᠷᠪᠠ᠃ ᠶᠡᠭᠡ ᠰᠠᠭᠤᠷᠢᠨ ᠨᠢ ᠪᠤᠷᠤᠳᠤᠬᠤᠢ ᠳᠤ ᠪᠠᠶᠢᠵᠠᠢ᠃ ᠤᠯᠠᠭᠠᠨᠨᠠᠭᠤᠷ ᠤᠨ ᠲᠠᠶᠢᠨ ᠠᠴᠠ ᠬᠤᠶᠢᠰᠢ ᠪᠤᠷᠤᠳᠤᠬᠤᠢ ᠠᠴᠠ ᠤᠬᠤᠷᠢᠨ ᠭᠠᠷᠴᠦ᠂ ᠭᠤᠪᠢ ᠶᠢᠨ ᠡᠮᠦᠨᠡᠬᠢ ᠵᠡᠬᠦᠨ ᠡᠳᠡᠭᠡᠳ ᠬᠡᠷᠦᠯᠦᠨ ᠭᠤᠤᠯ ᠤᠨ ᠤᠷᠤᠰᠬᠠᠯ ᠲᠠᠭᠠᠤ ᠤᠷᠤᠨ ᠢᠶᠠᠷ ᠨᠡᠬᠦᠳᠡᠯᠯᠡᠨ ᠠᠮᠢᠳᠤᠷᠠᠵᠠᠢ᠃          1521 ᠤᠨ ᠳᠤ ᠪᠤᠳᠢ ᠠᠯᠠᠭ ᠬᠠᠭᠠᠨ ᠮᠤᠩᠭᠤᠯ ᠤᠨ ᠶᠡᠭᠡ ᠬᠠᠭᠠᠨ ᠰᠠᠭᠤᠷᠢᠨ ᠢ ᠵᠠᠯᠭᠠᠮᠵᠢᠯᠠᠭᠠᠳ ᠴᠠᠬᠠᠷ ᠲᠦᠮᠡᠨ ᠢ ᠭᠤᠪᠢ ᠶᠢᠨ ᠠᠷᠦ ᠠᠴᠠ ᠶᠡᠭᠡ ᠭᠤᠪᠢ ᠶᠢᠨ ᠡᠮᠦᠨᠡᠬᠢ ᠶᠡᠭᠡ ᠡᠯᠡᠰᠦᠳᠡᠢ ᠳᠤ ᠨᠡᠬᠦᠯᠬᠡᠨ ᠠᠪᠴᠢᠷᠠᠪᠠ᠃1547 ᠤᠨ ᠳᠤ ᠲᠠᠷᠡᠶᠢᠰᠦᠨ ᠬᠦᠳᠡᠨ ᠬᠠᠭᠠᠨ᠂ ᠴᠠᠬᠠᠷ ᠲᠦᠮᠡᠨ ᠢᠶᠠᠨ ᠶᠡᠭᠡ ᠡᠯᠡᠰᠦᠳᠡᠢ ᠠᠴᠠ ᠵᠡᠬᠦᠨᠰᠢ ᠬᠢᠩᠭᠠᠨ ᠲᠠᠪᠠᠭᠠᠨ ᠤ ᠵᠡᠬᠦᠨᠳᠡᠢ ᠨᠡᠬᠦᠯᠬᠡᠵᠦ ᠠᠯᠳᠠᠨ ᠬᠢᠩᠭᠠᠨ ᠢ ᠰᠤᠨᠳᠠᠯᠠᠨ ᠨᠤᠳᠤᠭᠯᠠᠵᠠᠢ᠃ ᠲᠦᠮᠡᠨ ᠵᠠᠰᠠᠭᠳᠤ ᠬᠠᠭᠠᠨ ᠤ ᠦᠶ᠎ᠡ ᠳᠤ ᠨᠤᠨ ᠬᠤᠷᠴᠢᠨ᠂ ᠦᠪᠦᠷ ᠲᠠᠪᠤᠨ ᠤᠳᠤᠭ ᠬᠠᠯᠬ᠎ᠠ᠂ ᠲᠠᠭᠤᠷ ᠪᠤᠯᠤᠨ ᠵᠦᠷᠴᠢᠳ ᠎ ᠤᠨ ᠵᠠᠷᠢᠮ ᠤᠪᠤᠭ ᠠᠶᠢᠮᠠᠭ ᠪᠠᠰᠠ ᠴᠠᠬᠠᠷ ᠲᠤ ᠬᠠᠷᠢᠶᠠᠯᠠᠭᠳᠠᠵᠠᠢ᠃ 16 ᠳ᠋ᠤᠭᠠᠷ ᠵᠠᠭᠤᠨ ᠤ ᠰᠡᠬᠦᠯᠴᠢ ᠪᠠᠷ ᠮᠠᠨᠵᠦ ᠎ ᠶᠢᠨ ᠰᠦᠷ ᠬᠦᠴᠦᠨ ᠶᠡᠭᠡᠳᠬᠦ ᠶᠢ ᠲᠠᠭᠠᠯᠳᠤᠨ ᠴᠠᠬᠠᠷ ᠤᠨ ᠭᠤᠤᠯ ᠬᠦᠴᠦᠨ ᠵᠡᠬᠦᠨ ᠯᠤᠤᠬ᠎ᠠ ᠶᠢᠨ ᠭᠤᠤᠯ ᠠᠴᠠ ᠪᠠᠷᠠᠭᠤᠨᠰᠢ ᠤᠬᠤᠷᠢᠨ ᠭᠠᠷᠴᠠᠢ᠃         1627 ᠤᠨ ᠳᠤ ᠵᠡᠬᠦᠨ ᠯᠤᠤᠬ᠎ᠠ ᠶᠢᠨ ᠭᠤᠤᠯ ᠤᠨ ᠵᠡᠬᠦᠨ ᠡᠷᠬᠢ ᠪᠠᠷ ᠨᠡᠬᠦᠳᠡᠯᠯᠡᠨ ᠮᠠᠯᠵᠢᠵᠦ ᠪᠠᠶᠢᠭᠰᠠᠨ ᠠᠤᠬᠠᠨ᠂ ᠨᠠᠢᠮᠠᠨ ᠤ ᠡᠵᠡᠳ ᠨᠤᠶᠠᠳ ᠤᠨ ᠤᠯᠠᠩᠬᠢ ᠨᠢ ᠴᠠᠬᠠᠷ ᠠᠴᠠ ᠤᠷᠪᠠᠵᠦ ᠮᠠᠨᠵᠦ ᠳᠤ ᠪᠠᠭᠤᠵᠦ ᠦᠭᠴᠡᠢ᠃ ᠬᠠᠷᠢᠨ ᠴᠠᠬᠠᠷ ᠤᠨ ᠠᠯᠠᠭᠴᠤᠳ᠂ ᠲᠤᠯᠤᠳ ᠤᠪᠤᠭ ᠠᠶᠢᠮᠠᠭ ᠨᠢ ᠰᠢᠷᠠᠮᠦ᠋ᠷᠡᠨ ᠤ ᠤᠷᠤᠰᠬᠠᠯ ᠲᠠᠭᠠᠤ ᠤᠷᠤᠨ ᠵᠠᠢ ᠨᠤᠳᠤᠭᠯᠠᠵᠦ ᠪᠠᠶᠢᠭᠰᠠᠨ ᠢᠶᠠᠷ ᠰᠢᠷᠠᠮᠦ᠋ᠷᠡᠨ ᠠᠴᠠ ᠡᠮᠦᠨᠡᠰᠢᠬᠢ ᠭᠠᠵᠠᠷ ᠨᠤᠳᠤᠭ ᠤᠤᠯ ᠬᠡᠪ ᠢᠶᠠᠷ ᠴᠠᠬᠠᠷ ᠎ ᠤᠨ ᠬᠠᠷᠢᠶᠠᠨ ᠳᠤ ᠵᠠᠬᠢᠷᠤᠭᠳᠠᠵᠦ ᠪᠠᠶᠢᠭᠰᠠᠨ ᠶᠤᠮ᠃ ᠲᠡᠭᠡᠬᠦ ᠪᠠᠷ ᠢᠶᠠᠨ1632 ᠤᠨ ᠬᠦᠷᠳᠡᠯ᠎ᠡ ᠴᠠᠬᠠᠷ ᠯᠢᠭᠳᠡᠨ ᠬᠠᠭᠠᠨ ᠤ ᠲᠦᠪ ᠰᠠᠭᠤᠷᠢᠨ ᠨᠢ ᠭᠤᠪᠢ ᠶᠢᠨ ᠡᠮᠦᠨ᠎ᠡ ᠰᠢᠷᠠᠮᠦ᠋ᠷᠡᠨ ᠤ ᠠᠷᠦ᠂ ᠬᠢᠩᠭᠠᠨ ᠲᠠᠪᠠᠭᠠᠨ ᠤ ᠵᠡᠬᠦᠨ ᠬᠠᠭᠤᠯ ︵ᠬᠤᠤᠯᠢᠨ︶  ᠭᠤᠤᠯ ᠤᠨ ᠪᠠᠷᠠᠭᠤᠨ ᠭᠡᠰᠡᠭ ᠪᠦᠬᠦᠨ ᠢᠶᠠᠷ ᠶᠢᠨ ᠪᠠᠭᠳᠠᠵᠦ ᠪᠠᠶᠢᠪᠠ᠃ ᠡᠨᠡ ᠦᠶ᠎ᠡ ᠳᠤ ᠲᠡᠬᠦᠨ ᠤ ᠰᠢᠭᠤᠳ ᠨᠤᠶᠠᠷᠬᠠᠯ ᠳᠤ ︽ᠨᠠᠢᠮᠠᠨ ᠶᠡᠭᠡ ᠪᠠᠭ ︵八大营︶ ᠬᠤᠷᠢᠨ ᠲᠦᠷᠪᠡᠨ ᠠᠶᠢᠮᠠᠭ︾ ︵︽ᠡᠷᠳᠡᠨᠢ ᠶᠢᠨ ᠲᠤᠪᠴᠢ︾᠎ ᠳᠤ ᠦᠵᠡ︶ ᠹᠸᠤᠳᠠᠯ ᠬᠠᠷᠢᠶᠠᠳᠤ ᠭᠠᠵᠠᠷ ᠪᠠᠶᠢᠭᠰᠠᠨ ᠪᠦᠭᠡᠳ ᠭᠠᠵᠠᠷ ᠨᠤᠳᠤᠭ ᠨᠢ ᠵᠡᠬᠦᠨᠰᠢ ᠯᠢᠶᠤᠤᠰᠢ᠂ ᠪᠠᠷᠠᠭᠤᠨᠰᠢ ᠲᠤᠤ ᠡᠾᠧ ︵洮河 — ᠭᠠᠨᠰᠦ ᠮᠤᠵᠢ ᠳᠤ ᠪᠤᠢ︶ ᠬᠦᠷᠳᠡᠯ᠎ᠡ ᠴᠠᠬᠠᠷ ᠎ ᠤᠨ ᠵᠠᠬᠢᠷᠭᠠᠨ ᠳᠤ ᠤᠷᠤᠵᠦ᠂ ᠪᠦᠬᠦ ᠮᠤᠩᠭᠤᠯ ᠢ ᠨᠢᠬᠡᠳᠭᠡᠬᠦ ᠶᠢᠨ ᠰᠠᠭᠤᠷᠢ ᠨᠢ ᠪᠤᠯᠵᠦ ᠪᠠᠶᠢᠪᠠ᠃ ᠬᠡᠪᠡᠴᠦ ᠪᠦᠬᠦ ᠮᠤᠩᠭᠤᠯ ᠤᠯᠤᠰ ᠢ ᠦᠪᠡᠷ ᠤᠨ ᠡᠷᠬᠡᠰᠢᠶᠡᠯ ᠳᠡᠭᠡᠨ ᠤᠷᠤᠭᠤᠯᠤᠨ᠎ᠠ ᠭᠡᠰᠡᠨ ᠯᠢᠭᠳᠡᠨ ᠬᠠᠭᠠᠨ ᠤ ᠤᠷᠤᠯᠳᠤᠯᠭ᠎ᠠ ᠨᠢ ᠭᠤᠪᠢ ᠶᠢᠨ ᠡᠮᠦᠨᠡᠬᠢ ᠹᠸᠤᠳᠠᠯ ᠤᠨ ᠨᠤᠶᠠᠳ ᠲᠤ ᠬᠦᠷᠢᠶᠡᠯᠡᠭᠳᠡᠬᠦ ᠦᠬᠡᠢ ᠪᠠᠶᠢᠪᠠ᠃ ᠤᠴᠢᠷ ᠨᠢ ᠲᠡᠷᠡ ᠮᠢᠩ ᠤᠯᠤᠰ ᠤᠨ ᠵᠠᠰᠠᠭ ᠤᠨ ᠭᠠᠵᠠᠷ ᠠᠴᠠ ᠡᠯ᠎ᠡ ᠤᠪᠤᠭ ᠠᠶᠢᠮᠠᠭ ᠲᠤ ᠤᠯᠭᠤᠵᠦ ᠪᠠᠶᠢᠭᠰᠠᠨ ᠨᠦᠬᠦᠪᠦᠷᠢ ᠮᠦᠩᠬᠦ ᠶᠢ ᠭᠠᠭᠴᠠ ᠪᠠᠷ ᠡᠵᠡᠮᠰᠢᠬᠦ᠂ ᠡᠯ᠎ᠡ ᠠᠶᠢᠮᠠᠭ ᠠᠴᠠ ᠲᠤᠳᠤᠷ᠎ᠠ ᠭᠠᠵᠠᠷ ᠯᠤᠭ᠎ᠠ ᠬᠢᠬᠦ ᠠᠷᠠᠯᠵᠢᠶ᠎ᠡ ᠬᠤᠳᠠᠯᠳᠤᠭ᠎ᠠ ᠶᠢ ᠡᠷᠬᠡᠰᠢᠶᠡᠬᠦ ᠵᠡᠷᠭᠡ ᠪᠠᠷ ᠤᠷᠤᠯᠳᠤᠭᠰᠠᠨ ᠳᠤ ᠤᠷᠤᠰᠢᠨ᠎ᠠ᠃ ᠲᠡᠶᠢᠮᠦ ᠠᠴᠠ ᠲᠡᠷᠡ ᠦᠶᠡᠰ ᠡᠷᠬᠡᠰᠢᠶᠡᠨ ᠠᠪᠤᠭᠰᠠᠨ ᠬᠠᠷᠠᠴᠢᠨ᠂ ᠲᠦᠮᠡᠳ ᠤᠨ ᠨᠤᠶᠠᠳ ᠪᠠ ᠯᠢᠭᠳᠡᠨ ᠬᠠᠭᠠᠨ ᠤ ᠦᠪᠡᠷ ᠤᠨ ᠬᠢᠨᠢ ᠬᠠᠷᠢᠶᠠᠳᠤ ᠦᠵᠦᠮᠦᠴᠢᠨ᠂ ᠬᠠᠭᠤᠴᠢᠳ᠂ ᠰᠦᠨᠢᠳ ᠵᠡᠷᠭᠡ ᠠᠶᠢᠮᠠᠭ ᠤᠨ ᠹᠸᠤᠳᠠᠯ ᠨᠤᠶᠠᠳ ᠦᠪᠡᠷ ᠤᠨ ᠡᠷᠭᠡ ᠠᠰᠢᠭ ᠢᠶᠠᠨ ᠬᠠᠮᠠᠭᠠᠯᠠᠬᠤ ᠶᠢᠨ ᠲᠤᠰᠠᠳᠠ ᠬᠠᠷᠢᠶᠠᠳᠤ ᠠᠷᠠᠳ ᠢᠶᠠᠨ ᠠᠪᠴᠤ ᠠᠷᠦ ᠬᠠᠯᠬ᠎ᠠ ᠶᠢᠨ ᠬᠢᠯᠢ ᠬᠢᠵᠠᠭᠠᠷ ᠦᠬᠡᠳᠡ ᠨᠡᠬᠦᠨ ᠶᠠᠪᠤᠭᠰᠠᠨ ᠪᠤᠶᠤ ᠬᠤᠶᠢᠳᠤ ᠠᠯᠳᠠᠨ ᠤᠯᠤᠰ ᠲᠤ ᠪᠠᠭᠤᠵᠦ ᠦᠭᠴᠡᠢ᠃          ᠲᠠᠶᠢᠴᠢᠩ ᠤᠯᠤᠰ ᠤᠨ ᠡᠩᠭᠡ ᠠᠮᠤᠭᠤᠯᠠᠩ ᠤᠨ ᠠᠷᠪᠠᠨ ᠲᠦᠷᠪᠡᠳᠤᠭᠡᠷ ᠤᠨ ︵1675︶᠎ ᠳᠤ ᠴᠠᠬᠠᠷ ᠠᠶᠢᠮᠠᠭ ᠢ ᠯᠢᠶᠤᠤᠳᠦ᠋ᠩ ᠤᠨ ᠢᠵᠸᠤ ᠠᠴᠠ ᠴᠢᠭᠤᠯᠤᠯᠳᠤ ᠬᠠᠭᠠᠯᠭ᠎ᠠ᠂ ᠰᠢᠤᠸᠠᠨ ᠬᠤᠸᠠ᠂ ᠲᠠᠶᠢᠲ᠋ᠦ᠋ᠩ ᠤᠨ ᠠᠷᠦ ᠵᠠᠬ᠎ᠠ ᠳᠤ ᠠᠯᠪᠠᠳᠠᠯᠭ᠎ᠠ ᠪᠠᠷ ᠰᠢᠯᠵᠢᠬᠦᠯᠵᠡᠢ᠃ ᠡᠨᠡ ᠨᠢ ᠬᠤᠵᠢᠮ ᠤᠨ ︽ᠴᠠᠬᠠᠷ ᠨᠠᠢᠮᠠᠨ ᠬᠤᠰᠢᠭᠤ︾᠎ ᠶᠢᠨ ᠦᠨᠢ ᠮᠦᠩᠭᠡ ᠶᠢᠨ ᠲᠦᠬᠡᠷᠭᠡ ᠨᠤᠳᠤᠭ ᠤᠨ ᠨᠢᠬᠡ ᠬᠡᠰᠡᠭ ᠨᠢ ᠪᠤᠯᠵᠦ ᠲᠤᠭᠳᠠᠨᠢᠵᠠᠢ᠃         ᠡᠨᠡ ᠬᠦ ᠨᠤᠳᠤᠭ ᠨᠢ ᠨᠠᠶᠢᠰᠯᠠᠯ ᠬᠤᠳᠠ ᠠᠴᠠ ᠵᠡᠬᠦᠨ ᠬᠤᠶᠢᠰᠢ ᠲᠠᠪᠤᠨ ᠵᠠᠭᠤᠨ ᠲᠦᠴᠢᠨ ᠭᠠᠵᠠᠷ ᠵᠠᠢ ᠎ ᠲᠠᠢ᠂ ᠵᠡᠬᠦᠨᠰᠢ ᠪᠠᠨ ᠬᠡᠰᠢᠭᠳᠡᠨ ᠤ ᠲᠦᠰᠢ ᠬᠠᠶᠢᠷᠬᠠᠨ ᠤ ᠪᠠᠷᠠᠭᠤᠨ ᠵᠠᠬ᠎ᠠ ᠲᠠᠢ ᠬᠦᠷᠰᠢᠯᠡᠵᠦ ᠡᠮᠦᠨᠡᠰᠢ  ᡁᠢ ᠯᠢ ᠎ ᠶᠢᠨ ᠦᠷᠦᠬᠡᠰᠦᠨ ᠴᠢᠯᠠᠭᠤᠨ ᠠᠮᠠ ᠴᠢᠭᠤᠯᠤᠯᠳᠤ ᠬᠠᠭᠠᠯᠭ᠎ᠠ᠂ ᠱᠠᠨ ᠰᠢ ᠶᠢᠨ ᠲᠠᠶᠢᠲ᠋ᠦ᠋ᠩ᠂ ᠰᠦᠸᠧᠫᠢᠩ ᠲᠠᠢ ᠵᠠᠬ᠎ᠠ ᠨᠠᠶᠢᠯᠠᠵᠦ᠂ ᠬᠤᠶᠢᠰᠢ ᠪᠠᠨ ᠰᠦᠨᠢᠳ ᠸᠠᠩ ᠤᠨ ᠨᠤᠳᠤᠭ ᠪᠠ ᠲᠦᠷᠪᠡᠨ ᠭᠡᠤᠭᠡᠳ ᠤᠨ ᠬᠤᠰᠢᠭᠤ᠂ ᠲᠠᠷᠬᠠᠨ ᠪᠡᠶᠢᠯᠡ ᠬᠤᠰᠢᠭᠤ ᠲᠠᠢ ᠵᠠᠬ᠎ᠠ ᠨᠡᠶᠢᠯᠡᠵᠦ ᠮᠢᠩᠭᠠᠨ ᠭᠠᠵᠠᠷ ᠦᠷᠬᠦᠯᠵᠢᠯᠡᠨ᠎ᠡ᠃         ᠬᠦᠪᠡᠬᠡᠳᠦ ᠰᠢᠷ᠎ᠠ ᠬᠤᠰᠢᠭᠤ᠄ ᠰᠤᠮᠤᠨ ᠬᠠᠳᠠᠨ ᠳᠤ ᠲᠦᠪᠯᠡᠨ᠎ᠡ᠃ ᠴᠢᠭᠤᠯᠤᠯᠳᠤ ᠬᠠᠭᠠᠯᠭ᠎ᠠ ᠠᠴᠠ ᠬᠤᠶᠢᠰᠢ ᠭᠤᠷᠪᠠᠨ ᠵᠠᠭᠤ ᠲᠦᠴᠢᠨ ᠭᠠᠵᠠᠷ ᠲᠤ ᠪᠤᠢ᠃ ᠵᠡᠬᠦᠨ ᠤᠷᠤᠭᠰᠢ ᠨᠡᠶᠢᠰᠯᠠᠯ ᠠᠴᠠ ᠲᠤᠯᠤᠭᠠᠨ ᠵᠠᠭᠤᠨ ᠲᠠᠪᠢᠨ ᠭᠠᠵᠠᠷ ᠵᠠᠶᠢᠳᠠᠢ᠃ ᠮᠠᠯ ᠤᠨ ᠪᠡᠯᠴᠢᠬᠡᠷ ᠨᠢ ᠴᠢᠭᠤᠯᠤᠯᠳᠤ ᠬᠠᠭᠠᠯᠭ᠎ᠠ ᠠᠴᠠ ᠬᠤᠶᠢᠰᠢ ᠪᠤᠢ᠃ ᠵᠡᠬᠦᠨᠰᠢ ᠬᠦᠯᠦ ᠴᠠᠭᠠᠨ ᠬᠤᠰᠢᠭᠤ ᠲᠠᠢ ᠬᠦᠷᠰᠢᠯᠡᠵᠦ᠂ ᠬᠤᠶᠢᠰᠢ ᠰᠦᠨᠢᠳ ᠸᠠᠩ ᠤᠨ ᠨᠤᠳᠤᠭ ᠲᠠᠢ ᠵᠠᠯᠭᠠᠨ᠎ᠠ᠃ ᠦᠷᠭᠡᠨ ᠎ ᠢᠶᠠᠷ ᠢᠶᠠᠨ ᠵᠠᠭᠤ ᠵᠢᠷᠠᠨ ᠭᠠᠵᠠᠷ᠂ ᠤᠷᠳᠤ ᠪᠠᠷ ᠢᠶᠠᠨ ᠵᠠᠭᠤ ᠶᠡᠷᠡᠨ ᠭᠠᠵᠠᠷ᠃          ᠬᠦᠯᠦ ᠰᠢᠷ᠎ᠠ ᠬᠤᠰᠢᠭᠤ᠄ ᠮᠦᠰᠦᠨ ᠲᠡᠭᠡ ᠠᠭᠤᠯᠠᠨ ᠳᠤ ᠲᠦᠪᠯᠡᠨ᠎ᠡ᠃ ᠴᠢᠭᠤᠯᠤᠯᠳᠤ ᠬᠠᠭᠠᠯᠭ᠎ᠠ ᠎ ᠠᠴᠠ ᠪᠠᠷᠠᠭᠤᠨ ᠬᠤᠶᠢᠰᠢ ᠭᠤᠷᠪᠠᠨ ᠵᠠᠭᠤ ᠬᠤᠷᠢᠨ ᠭᠠᠵᠠᠷ ᠲᠤ ᠪᠤᠢ᠃ ᠵᠡᠬᠦᠨ ᠡᠮᠦᠨᠡᠰᠢ ᠨᠡᠶᠢᠰᠯᠡᠯ ᠠᠴᠠ ᠲᠤᠯᠤᠭᠠᠨ ᠵᠠᠭᠤ ᠵᠢᠷᠠᠨ ᠭᠠᠵᠠᠷ ᠵᠠᠶᠢᠳᠠᠢ᠃ ᠮᠠᠯ ᠤᠨ ᠪᠡᠯᠴᠢᠬᠡᠷ ᠨᠢ ᠴᠢᠭᠤᠯᠤᠯᠳᠤ ᠬᠠᠭᠠᠯᠭ᠎ᠠ ᠠᠴᠠ ᠪᠠᠷᠠᠭᠤᠨ ᠬᠤᠶᠢᠰᠢ ᠬᠠᠷ᠎ᠠ ᠤᠨᠠᠭᠠᠨ ᠠᠭᠤᠯᠠ ᠶᠢᠨ ᠡᠮᠦᠨ᠎ᠡ ᠪᠤᠢ᠃ ᠵᠡᠬᠦᠨᠰᠢ ᠬᠦᠪᠡᠬᠡᠳᠦ ᠰᠢᠷ᠎ᠠ ᠬᠤᠰᠢᠭᠤ᠂ ᠪᠠᠷᠠᠭᠤᠨᠰᠢ ᠬᠦᠯᠦ ᠤᠯᠠᠭᠠᠨ ᠬᠤᠰᠢᠭᠤ ᠲᠠᠢ ᠲᠤᠰ ᠲᠤᠰ ᠬᠦᠷᠰᠢᠯᠡᠵᠦ᠂ ᠡᠮᠦᠨᠡᠰᠢ ᠬᠠᠭᠤᠷᠠᠢ ᠵᠠᠮ ᠤᠨ ᠴᠡᠷᠢᠭ ᠤᠨ ᠶᠠᠮᠤᠨ ᠤ ᠪᠠᠷᠠᠭᠤᠨ ᠭᠠᠷ ᠮᠠᠯᠵᠢᠯ ᠤᠨ ᠲᠠᠯᠠᠪᠠᠢ᠂ ᠬᠤᠶᠢᠰᠢ ᠪᠠᠨ ᠲᠦᠷᠪᠡᠨ ᠭᠡᠤᠭᠡᠳ ᠤᠨ ᠬᠤᠰᠢᠭᠤ ᠲᠠᠢ ᠵᠠᠬ᠎ᠠ ᠨᠡᠶᠢᠯᠡᠨ᠎ᠡ᠃ ᠦᠷᠭᠡᠨ ᠢᠶᠠᠷ ᠵᠠᠭᠤ ᠠᠷᠪᠠᠨ ᠭᠠᠵᠠᠷ᠂ ᠤᠷᠳᠤ ᠪᠠᠷ ᠵᠠᠭᠤ ᠨᠠᠶᠠᠨ ᠭᠠᠵᠠᠷ᠃         ᠬᠦᠪᠡᠭᠡᠳᠦ ᠤᠯᠠᠭᠠᠨ ᠬᠤᠰᠢᠭᠤ᠄ ᠪᠦᠷᠢᠨᠪᠤᠯᠠᠭ ᠲᠤ ᠲᠦᠪᠯᠡᠨ᠎ᠡ᠃ ᠴᠢᠭᠤᠯᠤᠯᠳᠤ ᠬᠠᠭᠠᠯᠭ᠎ᠠ ᠠᠴᠠ ᠪᠠᠷᠠᠭᠤᠨ ᠬᠤᠶᠢᠰᠢ ᠲᠦᠷᠪᠡᠨ ᠵᠠᠭᠤ ᠬᠤᠷᠢᠨ ᠭᠠᠵᠠᠷ ᠲᠤ ᠪᠤᠢ᠃ ᠵᠡᠬᠦᠨ ᠡᠮᠦᠨᠡᠰᠢ ᠨᠡᠶᠢᠰᠯᠡᠯ ᠠᠴᠠ ᠨᠠᠢᠮᠠᠨ ᠵᠠᠭᠤ ᠭᠤᠴᠢᠨ ᠭᠠᠵᠠᠷ ᠵᠠᠶᠢᠳᠠᠢ᠃ ᠮᠠᠯ ᠤᠨ ᠪᠡᠯᠴᠢᠬᠡᠷ ᠨᠢ ᠱᠠᠨ ᠰᠢ ᠶᠢᠨ ᠲᠤᠤ ᠯᠢᠨ ᠤ ᠵᠡᠬᠦᠨ ᠬᠤᠶᠢᠨ᠎ᠡ ᠲᠠᠭ᠎ᠠ ᠶᠢᠨ ᠨᠠᠭᠤᠷ ᠤᠷᠴᠢᠮ ᠳᠤ ᠪᠤᠢ᠃ ᠵᠡᠬᠦᠨᠰᠢ ᠬᠦᠯᠦ ᠤᠯᠠᠭᠠᠨ ᠬᠤᠰᠢᠭᠤ᠂ ᠪᠠᠷᠠᠭᠤᠨᠰᠢ ᠬᠦᠪᠡᠬᠡᠳᠦ ᠬᠦᠬᠡ ᠬᠤᠰᠢᠭᠤ ᠲᠠᠢ ᠬᠦᠷᠰᠢᠯᠡᠵᠦ᠂ ᠡᠮᠦᠨᠡᠰᠢ ᠤᠳᠤ ᠶᠢᠨ ᠹᠧᠩ ᠵᠧᠨ᠂ ᠬᠤᠶᠢᠰᠢ ᠲᠦᠷᠪᠡᠨ ᠬᠡᠤᠭᠡᠳ ᠤᠨ ᠬᠤᠰᠢᠭᠤ ᠲᠠᠢ ᠵᠠᠬ᠎ᠠ ᠨᠡᠶᠢᠯᠡᠨ᠎ᠡ᠃ ᠦᠷᠭᠡᠨ ᠢᠶᠠᠷ ᠢᠶᠠᠨ ᠲᠠᠪᠢᠨ ᠭᠠᠵᠠᠷ  ᠂ ᠤᠷᠳᠤ ᠪᠠᠷ ᠬᠤᠶᠠᠷ ᠵᠠᠭᠤᠨ ᠭᠠᠵᠠᠷ᠃          ᠬᠦᠯᠦ ᠤᠯᠠᠭᠠᠨ ᠬᠤᠰᠢᠭᠤ᠄ ᠭᠤᠷᠪᠠᠨ ᠲᠤᠯᠤᠭᠠᠢ ᠠᠭᠤᠯᠠᠨ ᠳᠤ ᠲᠦᠪᠯᠡᠨ᠎ᠡ᠃ ᠴᠢᠭᠤᠯᠤᠯᠳᠤ ᠬᠠᠭᠠᠯᠭ᠎ᠠ ᠠᠴᠠ ᠪᠠᠷᠠᠭᠤᠨ ᠬᠤᠶᠢᠰᠢ ᠭᠤᠷᠪᠠᠨ ᠵᠠᠭᠤ ᠲᠠᠯᠠᠨ ᠭᠠᠵᠠᠷ ᠲᠤ ᠪᠤᠢ᠃ ᠵᠡᠬᠦᠨ ᠡᠮᠦᠨᠡᠰᠢ ᠨᠡᠶᠢᠰᠯᠡᠯ ᠠᠴᠠ ᠨᠠᠢᠮᠠᠨ ᠵᠠᠭᠤᠨ ᠭᠠᠵᠠᠷ ᠵᠠᠶᠢᠳᠠᠢ᠃ ᠮᠠᠯ ᠤᠨ ᠪᠡᠯᠴᠢᠬᠡᠷ ᠨᠢ ᠱᠠᠨ ᠰᠢ ᠶᠢᠨ ᠲᠤᠤ ᠯᠢᠨ ᠲᠢᠩᠬᠢᠮ ᠠᠴᠠ ᠵᠡᠬᠦᠨ ᠬᠤᠶᠢᠨ᠎ᠠ ᠬᠢᠬᠡᠷᠢ ᠨᠠᠭᠤᠷ ᠢᠶᠠᠷ ᠪᠤᠢ᠃ ᠵᠡᠬᠦᠨᠰᠢ ᠬᠦᠯᠦ ᠰᠢᠷ᠎ᠡ᠂ ᠪᠠᠷᠠᠭᠤᠨᠰᠢ ᠬᠦᠪᠡᠬᠡᠳᠦ ᠤᠯᠠᠭᠠᠨ ᠬᠤᠰᠢᠭᠤ ᠲᠠᠢ ᠬᠦᠷᠰᠢᠯᠡᠵᠦ᠂ ᠡᠮᠦᠨᠡᠰᠢ ᠬᠠᠭᠤᠷᠠᠢ ᠵᠠᠮ ᠤᠨ ᠴᠡᠷᠢᠭ ᠤᠨ ᠶᠠᠮᠤᠨ ᠤ ᠪᠠᠷᠠᠭᠤᠨ ᠭᠠᠷ ᠮᠠᠯᠵᠢᠯ ᠤᠨ ᠲᠠᠯᠠᠪᠠᠢ᠂ ᠬᠤᠶᠢᠰᠢ ᠲᠦᠷᠪᠡᠨ ᠭᠡᠤᠭᠡᠳ ᠤᠨ ᠬᠤᠰᠢᠭᠤ ᠲᠠᠢ ᠵᠠᠬ᠎ᠠ ᠨᠡᠶᠢᠯᠡᠨ᠎ᠡ᠃ ᠦᠷᠭᠡᠨ ᠢᠶᠠᠷ ᠲᠠᠪᠢᠨ ᠲᠠᠪᠤᠨ ᠭᠠᠵᠠᠷ᠂ ᠤᠷᠳᠤ ᠪᠠᠷ ᠬᠤᠶᠠᠷ ᠵᠠᠭᠤ ᠨᠠᠶᠠᠨ ᠭᠠᠵᠠᠷ ᠪᠠᠶᠢᠳᠠᠭ᠃        ᠬᠦᠪᠡᠬᠡᠳᠦ ᠴᠠᠭᠠᠨ ᠬᠤᠰᠢᠭᠤ᠄ ᠪᠤᠶᠠᠨ ᠠᠬᠠᠢ ᠶᠢᠨ ᠰᠦᠮ᠎ᠡ ᠳᠤ ᠲᠦᠪᠯᠡᠨ᠎ᠡ᠃ ᠦᠷᠦᠭᠡᠰᠦᠨ ᠴᠢᠯᠠᠭᠤᠨ ᠠᠮᠠ ᠠᠴᠠ ᠪᠠᠷᠠᠭᠤᠨ ᠬᠤᠶᠢᠰᠢ ᠬᠤᠶᠠᠷ ᠵᠠᠭᠤ ᠲᠦᠴᠢᠨ ᠲᠠᠪᠤᠨ ᠭᠠᠵᠠᠷ᠂ ᠵᠡᠬᠦᠨ ᠡᠮᠦᠨᠡᠰᠢ ᠨᠡᠶᠢᠰᠯᠡᠯ ᠠᠴᠠ ᠲᠤᠯᠤᠭᠠᠨ ᠵᠠᠭᠤ ᠲᠠᠯᠠᠨ ᠭᠠᠵᠠᠷ ᠵᠠᠶᠢᠳᠠᠢ᠃ ᠮᠠᠯ ᠤᠨ ᠪᠡᠯᠴᠢᠬᠡᠷ ᠨᠢ ᠦᠷᠦᠭᠡᠰᠦᠨ ᠴᠢᠯᠠᠭᠤᠨ ᠬᠠᠭᠠᠯᠭ᠎ᠠ ᠲᠢᠩᠬᠢᠮ ᠎ ᠠᠴᠠ ᠪᠠᠷᠠᠭᠤᠨ ᠬᠤᠶᠢᠰᠢ ᠪᠤᠢ᠂ ᠵᠡᠬᠦᠨ ᠪᠠ ᠡᠮᠦᠨ᠎ᠡ ᠪᠠᠨ ᠬᠠᠭᠤᠷᠠᠢ ᠵᠠᠮ ᠤᠨ ᠴᠡᠷᠢᠭ ᠤᠨ ᠶᠠᠮᠤᠨ ᠤ ᠮᠠᠯᠵᠢᠯ ᠤᠨ ᠲᠠᠯᠠᠪᠠᠢ ᠲᠠᠢ ᠵᠠᠬ᠎ᠠ ᠨᠡᠶᠢᠯᠡᠵᠦ᠂ ᠪᠠᠷᠠᠭᠤᠨᠰᠢ ᠪᠠᠨ ᠬᠦᠯᠦ ᠴᠠᠭᠠᠨ ᠬᠤᠰᠢᠭᠤ᠂ ᠬᠤᠶᠢᠰᠢ ᠪᠠᠨ ᠬᠦᠯᠦ ᠬᠦᠬᠡ ᠬᠤᠰᠢᠭᠤ ᠲᠠᠢ ᠵᠠᠬ᠎ᠠ ᠨᠡᠶᠢᠯᠡᠨ᠎ᠡ᠂ ᠦᠷᠭᠡᠨ ᠢᠶᠠᠷ ᠲᠠᠪᠢᠨ ᠵᠢᠷᠭᠤᠭᠠᠨ ᠭᠠᠵᠠᠷ᠂ ᠤᠷᠳᠤ ᠪᠠᠷ ᠵᠠᠭᠤ ᠶᠡᠷᠡᠨ ᠲᠤᠯᠤᠭᠠᠨ ᠭᠠᠵᠠᠷ᠃         ᠬᠦᠯᠦ ᠴᠠᠭᠠᠨ ᠬᠤᠰᠢᠭᠤ᠄ ᠪᠤᠯᠬᠠᠳᠠᠢ ᠳᠤ ᠲᠦᠪᠯᠡᠨ᠎ᠡ᠃ ᠦᠷᠦᠭᠡᠰᠦᠨ ᠴᠢᠯᠠᠭᠤᠨ ᠬᠠᠭᠠᠯᠭ᠎ᠠ ᠠᠴᠠ ᠪᠠᠷᠠᠭᠤᠨ ᠬᠤᠶᠢᠰᠢ ᠬᠤᠶᠠᠷ ᠵᠠᠭᠤ ᠶᠡᠷᠡᠨ ᠭᠠᠵᠠᠷ᠂ ᠨᠡᠶᠢᠰᠯᠡᠯ ᠬᠤᠳᠠ ᠠᠴᠠ ᠨᠠᠢᠮᠠᠨ ᠵᠠᠭᠤ ᠬᠤᠷᠢᠨ ᠭᠠᠵᠠᠷ ᠵᠠᠶᠢᠳᠠᠢ ᠃ ᠮᠠᠯ ᠤᠨ ᠪᠡᠯᠴᠢᠬᠡᠷ ᠨᠢ ᠦᠷᠦᠭᠡᠰᠦᠨ ᠴᠢᠯᠠᠭᠤᠨ ᠬᠠᠭᠠᠯᠭ᠎ᠠ ᠲᠢᠩᠬᠢᠮ ᠤᠨ ᠵᠠᠬᠢᠷᠭ᠎ᠠ ᠠᠴᠠ ᠪᠠᠷᠠᠭᠤᠨ ᠬᠤᠶᠢᠰᠢ ᠪᠤᠢ᠃ ᠵᠡᠬᠦᠨ ᠪᠠ ᠬᠤᠶᠢᠳᠤ ᠪᠡᠶ᠎ᠡ ᠪᠠᠷ ᠬᠦᠪᠡᠬᠡᠳᠦ ᠴᠠᠭᠠᠨ ᠲᠠᠢ ᠵᠠᠬ᠎ᠠ ᠨᠡᠶᠢᠯᠡᠵᠦ᠂ ᠪᠠᠷᠠᠭᠤᠨ ᠪᠠ ᠡᠮᠦᠨᠡᠬᠦᠷ ᠢᠶᠠᠨ ᠬᠦᠪᠡᠬᠡᠳᠦ ᠰᠢᠷ᠎ᠠ ᠲᠠᠢ ᠵᠠᠬ᠎ᠠ ᠨᠡᠶᠢᠯᠡᠨ᠎ᠡ᠃ ᠦᠷᠭᠡᠨ ᠢᠶᠠᠷ ᠲᠠᠯᠠᠨ ᠨᠠᠢᠮᠠᠨ ᠭᠠᠵᠠᠷ᠂ ᠤᠷᠳᠤ ᠪᠠᠷ ᠬᠤᠶᠠᠷ ᠵᠠᠭᠤ ᠶᠡᠷᠡᠨ ᠲᠠᠪᠤᠨ ᠭᠠᠵᠠᠷ ᠪᠠᠶᠢᠳᠠᠭ᠃        ᠬᠦᠪᠡᠬᠡᠳᠦ ᠬᠦᠬᠡ ᠬᠤᠰᠢᠭᠤ᠄ ᠠᠪᠬᠠᠨ ᠬᠠᠷ᠎ᠠ ︵ᠬᠢᠳᠡᠳ ᠢᠶᠠᠷ ᠮᠠᠩ ᠬᠠᠨ ᠱᠠᠨ︶᠎ ᠳᠤ ᠲᠦᠪᠯᠡᠨ᠎ᠡ᠃ ᠱᠦᠷᠭᠡᠢ ᠴᠢᠯᠠᠭᠤᠨ ᠬᠠᠭᠠᠯᠭ᠎ᠠ ᠠᠴᠠ ᠵᠡᠬᠦᠨ ᠬᠤᠶᠢᠰᠢ ᠶᠡᠷᠡᠨ ᠭᠠᠵᠠᠷ᠂ ᠵᠡᠬᠦᠨ ᠡᠮᠦᠨᠡᠰᠢ ᠨᠡᠶᠢᠰᠯᠡᠯ ᠠᠴᠠ ᠮᠢᠩᠭᠠᠨ ᠭᠠᠵᠠᠷ ᠵᠠᠶᠢᠳᠠᠢ᠃ ᠮᠠᠯ ᠤᠨ ᠪᠡᠯᠴᠢᠬᠡᠷ ᠨᠢ ᠱᠠᠨ ᠰᠢ ᠶᠢᠨ ᠨᠢᠩ ᠶᠤᠸᠠᠨ ᠲᠢᠩᠬᠢᠮ ᠠᠴᠠ ᠬᠤᠶᠢᠳᠤ ᠵᠦᠭ ᠲᠤ ᠪᠤᠢ ᠃ ᠵᠡᠬᠦᠨᠰᠢ ᠬᠦᠪᠡᠬᠡᠳᠦ ᠤᠯᠠᠭᠠᠨ ᠬᠤᠰᠢᠭᠤ᠂ ᠪᠠᠷᠠᠭᠤᠨᠰᠢ ᠱᠠᠨ ᠰᠢ᠂ ᠬᠦᠬᠡᠬᠤᠳᠠ᠂ ᠡᠮᠦᠨᠡᠰᠢ ᠲᠠᠶᠢᠲ᠋ᠦ᠋ᠩ᠂ ᠬᠤᠶᠢᠰᠢ ᠲᠦᠷᠪᠡᠨ ᠬᠡᠤᠭᠡᠳ ᠤᠨ ᠬᠤᠰᠢᠭᠤ ᠲᠠᠢ ᠵᠠᠭᠠᠭᠯᠠᠨ᠎ᠠ᠃ ᠦᠷᠭᠡᠨ ᠢᠶᠠᠷ ᠵᠠᠭᠤ ᠠᠷᠪᠠᠨ ᠲᠠᠪᠤᠨ ᠭᠠᠵᠠᠷ᠂ ᠤᠷᠳᠤ ᠪᠠᠷ ᠵᠠᠭᠤ ᠵᠢᠷᠡᠨ ᠭᠠᠵᠠᠷ ᠪᠠᠶᠢᠳᠠᠭ᠃        ᠬᠦᠯᠦ ᠬᠦᠬᠡ ᠬᠤᠰᠢᠭᠤ᠄ ᠵᠢᠭᠠᠰᠤᠳᠠᠢ ᠨᠠᠭᠤᠷ ᠲᠤ ᠲᠦᠪᠯᠡᠨ᠎ᠡ᠃ ᠦᠷᠦᠭᠡᠰᠦᠨ ᠴᠢᠯᠠᠭᠤᠨ ᠬᠠᠭᠠᠯᠭ᠎ᠠ ᠎ ᠠᠴᠠ ᠵᠡᠬᠦᠨ ᠬᠤᠶᠢᠰᠢ ᠭᠤᠷᠪᠠᠨ ᠵᠠᠭᠤ ᠵᠢᠷᠠᠨ ᠭᠠᠵᠠᠷ ᠲᠤ ᠪᠤᠢ᠃ ᠡᠮᠦᠨᠡᠰᠢ ᠨᠡᠶᠢᠰᠯᠡᠯ ᠬᠤᠳᠠᠨ ᠠᠴᠠ ᠵᠠᠭᠤ ᠶᠡᠷᠡᠨ ᠭᠠᠵᠠᠷ ᠵᠠᠶᠢᠳᠠᠢ᠃ ᠮᠠᠯ ᠤᠨ ᠪᠡᠯᠴᠢᠬᠡᠷ ᠨᠢ ᡁᠢ ᠯᠢ ᠶᠢᠨ ᠦᠷᠦᠭᠡᠰᠦᠨ ᠴᠢᠯᠠᠭᠤᠨ ᠬᠠᠭᠠᠯᠭ᠎ᠠ ᠲᠢᠩᠬᠢᠮ ᠠᠴᠠ ᠬᠤᠶᠢᠰᠢ ᠪᠤᠢ᠃ ᠵᠡᠬᠦᠨᠰᠢ ᠬᠡᠰᠢᠭᠳᠡᠨ᠂ ᠪᠠᠷᠠᠭᠤᠨᠰᠢ ᠬᠦᠪᠡᠬᠡᠳᠦ ᠴᠠᠭᠠᠨ᠂ ᠡᠮᠦᠨᠡᠰᠢ ᠲᠤᠳᠤᠭᠠᠳᠤ ᠭᠡᠷᠡᠭ ᠢ ᠪᠦᠬᠦᠳᠡ ᠵᠠᠬᠢᠷᠬᠤ ᠶᠠᠮᠤᠨ ᠤ ᠬᠦᠯᠦ ᠴᠠᠭᠠᠨ ᠬᠤᠨᠢᠨ ᠰᠦᠷᠦᠭ ᠮᠠᠯᠵᠢᠯ ᠤᠨ ᠲᠠᠯᠠᠪᠠᠢ᠂ ᠬᠤᠶᠢᠰᠢ ᠠᠪᠠᠭ᠎ᠠ ᠵᠡᠬᠦᠨ ᠭᠠᠷ ᠬᠤᠰᠢᠭᠤ ᠲᠠᠢ ᠵᠠᠬ᠎ᠠ ᠨᠡᠶᠢᠯᠡᠨ᠎ᠡ᠃ ᠦᠷᠭᠡᠨ ᠢᠶᠠᠷ ᠢᠶᠠᠨ ᠬᠤᠶᠠᠷ ᠵᠠᠭᠤ ᠵᠢᠷᠠᠨ ᠲᠠᠪᠤᠨ ᠭᠠᠵᠠᠷ᠂ ᠤᠷᠳᠤ ᠪᠠᠷ ᠢᠶᠠᠨ ᠶᠡᠷᠡᠨ ᠲᠠᠪᠤᠨ ᠭᠠᠵᠠᠷ ᠪᠠᠶᠢᠳᠠᠭ᠃                                             ᠢᠷᠡᠯᠲᠡ᠄ ᠤᠯᠠᠭᠠᠨᠴᠠᠪ ᠤᠨ ᠰᠤᠨᠢᠨ                                             ᠨᠠᠶᠢᠷᠠᠭᠤᠯᠤᠭᠴᠢ᠄ ᠲᠤᠶᠠᠭ᠎ᠠ
 
ᠢᠷᠡᠯᠲᠡ᠄ ᠤᠯᠠᠭᠠᠨᠴᠠᠪ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2