ᠴᠠᠬᠠᠷ ᠯᠢᠭᠲᠡᠨ ᠬᠠᠭᠠᠨ
ᠨᠡᠶᠢᠲᠡᠯᠡᠭᠰᠡᠨ ᠴᠠᠭ᠄
2020/10/16
       ᠴᠠᠬᠠᠷ ᠯᠢᠭᠲᠡᠨ ᠬᠠᠭᠠᠨ — ᠯᠢᠭᠲᠡᠨ ᠬᠠᠭᠠᠨ ︵1592 —1634︶᠂ ᠨᠡᠷ᠎ᠡ ᠯᠠᠸᠠᠺᠠᠯᠲᠠᠨ᠂ ᠬᠤᠲᠤᠭᠲᠤ ᠴᠤᠯᠠ ᠲᠠᠢ᠂ ᠪᠤᠶᠠᠨ ᠰᠡᠴᠡᠨ ᠬᠠᠭᠠᠨ ᠤ ᠠᠴᠢ ᠬᠦᠪᠡᠬᠦᠨ᠂ ᠠᠷᠪᠠᠨ ᠭᠤᠷᠪᠠᠨ ᠨᠠᠰᠤᠲᠠᠢ ᠳᠠᠭᠠᠨ ᠠᠯᠲᠠᠨ ᠤᠷᠤᠬᠲᠠᠨ ᠤ ᠦᠶ᠎ᠡ ᠬᠡᠯᠬᠢᠶ᠎ᠠ ᠪᠠᠷ ᠬᠠᠭᠠᠨ ᠤᠷᠤ ᠰᠠᠭᠤᠵᠠᠢ᠃《  ᠭᠠᠩᠭ᠎ᠠ ᠶᠢᠨ ᠤᠷᠤᠰᠬᠠᠯ 》 ᠎ ᠳᠤ《 ᠁ ᠯᠢᠭᠲᠡᠨ ᠬᠤᠲᠤᠬᠲᠤ ᠬᠠᠭᠠᠨ ᠤᠰᠤ ᠯᠤᠤ ᠵᠢᠯ ᠲᠠᠢ᠂ ᠠᠷᠪᠠᠨ ᠭᠤᠷᠪᠠᠨ ᠲᠠᠭᠠᠨ ᠮᠤᠲᠤᠨ ᠯᠤᠤ ᠵᠢᠯ ᠶᠡᠭᠡ ᠤᠷᠤ ᠰᠠᠭᠤᠵᠦ ᠭᠤᠴᠢᠨ ᠨᠢᠬᠡᠨ ᠤᠨ ᠪᠤᠯᠤᠭᠠᠳ ᠲᠦᠴᠢᠨ ᠭᠤᠷᠪᠠᠨ ᠲᠠᠭᠠᠨ ᠮᠤᠲᠤᠨ ᠨᠤᠬᠠᠢ ᠵᠢᠯ ᠁ ᠲᠦᠷᠦ ᠪᠠᠨ ᠲᠡᠪᠴᠢᠵᠦ ᠰᠢᠷ᠎ᠠ ᠲᠠᠯ᠎ᠠ ᠨᠡᠷᠡᠲᠤ ᠭᠠᠵᠠᠷ ᠬᠠᠯᠢᠪᠠᠢ 》 ᠬᠡᠵᠠᠢ᠃ ᠯᠢᠭᠲᠡᠨ ᠬᠠᠭᠠᠨ ᠰᠠᠭᠤᠷᠢᠨ ᠳᠤ ᠭᠠᠷᠤᠬᠰᠠᠨ ᠤ ᠲᠠᠷᠠᠭ᠎ᠠ ᠪᠠᠨ ᠲᠤᠬᠠᠢ ᠶᠢᠨ ᠦᠶ᠎ᠡ ᠶᠢᠨ ᠬᠢᠮᠤᠷᠠᠯ ᠳᠤ ᠤᠴᠠᠷᠠᠬᠰᠠᠨ ᠮᠤᠩᠭᠤᠯ ᠤᠯᠤᠰ ᠢᠶᠠᠨ ᠲᠠᠬᠢᠨᠲᠠ ᠨᠢᠬᠲᠠᠷᠠᠭᠤᠯᠬᠤ ᠪᠠᠷ ᠮᠠᠰᠢ ᠤᠯᠠᠨ ᠠᠷᠭ᠎ᠠ ᠠᠪᠴᠦ ᠠᠮᠢ ᠴᠦᠯᠡᠨ ᠵᠢᠳᠬᠦᠵᠠᠢ᠃  ᠲᠡᠷᠡ ᠮᠠᠨᠵᠦ ᠶᠢᠨ ᠲᠦᠷᠢᠯᠲᠠ ᠪᠤᠯᠤᠨ ᠮᠤᠩᠭᠤᠯ ᠤᠨ ᠤᠷᠪᠠᠭᠴᠢᠳ ᠢ ᠵᠠᠯᠬᠠᠭᠠᠬᠤ ᠲᠤᠮᠳᠠ ᠵᠡᠪᠰᠡᠭᠲᠤ ᠬᠦᠴᠦ ᠶᠢ ᠲᠡᠩᠲᠡᠬᠦᠤ ᠴᠢᠬᠤᠯᠠᠴᠢᠯᠠᠬᠰᠠᠨ ᠠᠴᠠ ᠤᠯᠠᠨ ᠵᠢᠯ ᠲᠠᠶᠢᠨ ᠪᠠᠶᠢᠯᠲᠤᠭᠠᠨ ᠪᠤᠯᠵᠠᠢ  ᠃ ᠲᠡᠷᠡ ᠪᠠᠰᠠ ᠡᠪᠦᠭᠡ ᠲᠡᠬᠡᠲᠤᠰ ᠴᠢᠩᠬᠢᠰ ᠬᠠᠭᠠᠨ ᠰᠢᠭ᠋ ᠢᠶᠠᠨ ᠡᠷᠡᠰ ᠲᠠᠰᠤᠷᠬᠠᠢ ᠪᠦᠬᠡᠳ ᠪᠢᠯᠢᠭ ᠪᠦᠬᠡ ᠠᠷᠭ᠎ᠠ ᠪᠤᠲᠤᠯᠭ᠎ᠠ ᠶᠠᠪᠤᠭᠤᠯᠵᠦ ᠴᠢᠳᠠᠬᠰᠠᠨ ᠦᠬᠡᠢ ᠪᠤᠯᠬᠤᠷ ᠠᠷᠠᠳ ᠢᠷᠬᠡᠳ ᠤᠨ ᠰᠡᠳᠬᠢᠯ ᠢ ᠠᠯᠳᠠᠵᠦ᠂ ᠮᠠᠨᠵᠦ ᠪᠤᠯᠤᠨ ᠲᠤᠲᠤᠭᠠᠲᠤ ᠶᠢᠨ ᠤᠷᠪᠠᠭᠴᠢᠳ ᠲᠤ ᠵᠠᠪᠰᠢᠶᠠᠨ ᠤᠯᠭᠤᠵᠠᠢ᠃《 ᠁ ᠰᠠᠨᠠᠭᠠᠨ ᠲᠤᠷ᠎ᠠ ᠪᠠᠷ ᠤᠬᠰᠠᠭ᠎ᠠ ᠤᠷᠤᠭ ᠢᠶᠠᠨ ᠬᠦᠨᠦᠬᠡᠨ ᠲᠠᠷᠤᠯᠠᠵᠦ᠂ ᠤᠯᠠᠨ ᠬᠦᠮᠦᠰ ᠢ ᠶᠡᠬᠡᠯ᠎ᠡ ᠰᠠᠮᠠᠭᠤᠷᠠᠭᠤᠯᠤᠬᠰᠠᠨ 》 ︵ ᠮᠤᠩᠭᠤᠯ ᠤᠨ ᠪᠤᠷᠵᠢᠬᠢᠨ ᠤᠪᠤᠭ ᠤᠨ ᠲᠡᠤᠬᠡ︶᠃《 ᠁ ᠬᠠᠰ ᠶᠡᠭᠡ ᠲᠦᠷᠦ ᠪᠠᠨ ᠲᠤᠩᠰᠤᠯᠭᠠᠨ᠂ ᠬᠠᠮᠤᠭ ᠤᠯᠤᠰ ᠢᠶᠠᠨ ᠭᠠᠰᠠᠯᠭᠠᠨ ᠁ 》 ︵ᠠᠯᠲᠠᠨ ᠬᠦᠷᠲᠤᠨ ᠮᠢᠩᠭᠠᠨ ᠬᠡᠬᠡᠰᠦᠲᠤ︶ ᠯᠢᠭᠲᠡᠨ ᠬᠠᠭᠠᠨ ᠲᠠᠶᠢᠮᠢᠩ ᠤᠯᠤᠰ ᠲᠠᠢ ᠬᠤᠯᠪᠤᠭᠠᠯᠠᠨ ᠮᠠᠨᠵᠦ ᠶᠢ ᠡᠰᠡᠷᠬᠦᠴᠡᠬᠦ ᠲᠦᠷᠦ ᠶᠢᠨ ᠪᠤᠲᠤᠯᠭ᠎ᠠ ᠶᠠᠪᠤᠭᠤᠯᠬᠤ ᠶᠢᠨ ᠬᠠᠮᠲᠤ ᠪᠠᠰᠠ ᠬᠠᠯᠬ᠎ᠠ ᠶᠢᠨ ᠴᠤᠬᠲᠤ ᠲᠠᠶᠢᠵᠢ᠂ ᠲᠦᠪᠡᠳ ᠤᠨ ᠽᠠᠩᠪᠠ ᠬᠠᠭᠠᠨ ᠁ ᠵᠡᠷᠬᠡ ᠲᠠᠢ ᠬᠠᠷᠢᠴᠠᠭ᠎ᠠ ᠠᠪᠴᠦ ᠵᠦᠪᠬᠡᠨ ᠪᠠᠷᠠᠭᠤᠨ ᠭᠤᠷᠪᠠᠨ ᠲᠦᠮᠡᠨ ︵ ᠤᠷᠲᠤᠰ᠂ ᠲᠦᠮᠡᠳ᠂ ᠶᠦᠩᠰᠢᠶᠡᠪᠤ︶ ᠎ ᠢᠶᠠᠨ ᠭᠤᠤᠯᠳᠠᠵᠦ ᠲᠦᠰᠢᠭᠯᠡᠨ ᠮᠠᠨᠵᠦ ᠪᠤᠯᠤᠨ ᠮᠤᠩᠭᠤᠯ ᠤᠨ ᠤᠷᠪᠠᠭᠴᠢᠳ ᠤᠨ ᠡᠰᠡᠷᠬᠦᠴᠡᠬᠦ ᠬᠡᠮᠵᠢᠶᠠᠨ ᠳᠤ ᠬᠦᠷᠴᠠᠢ᠃ ᠡᠨᠡ ᠦᠶᠡᠰ ᠴᠠᠬᠠᠷ ᠨᠠᠢᠮᠠᠨ ᠤᠲᠤᠭ ᠤᠨ ᠬᠤᠶᠠᠷ ᠲᠦᠰᠢᠭ ᠪᠤᠯᠬᠤ ᠠᠤᠬᠠᠨ᠂ ᠨᠠᠢᠮᠠᠨ ᠨᠢᠬᠡᠨᠲᠠ ᠮᠠᠨᠵᠦ ᠳᠤ ᠪᠠᠭᠤᠵᠦ ᠦᠭᠬᠦᠨ᠂ ᠰᠦᠨᠢᠳ᠂ ᠦᠵᠦᠮᠦᠴᠢᠨ ᠬᠤᠶᠠᠷ ᠤᠲᠤᠭ ᠬᠠᠷᠢᠨ ᠬᠠᠯᠬ᠎ᠠ ᠶᠢᠨ ᠰᠡᠴᠢᠨ ᠬᠠᠨ ᠠᠶᠢᠮᠠᠭ ᠢ ᠲᠦᠰᠢᠬᠦ ᠪᠠᠷ ᠵᠠᠶᠢᠯᠠᠨ ᠤᠳᠴᠠᠢ᠃ ᠡᠨᠡ ᠲᠤᠬᠠᠢ  ᠵᠠᠬᠴᠢᠳᠰᠡᠴᠡᠨ ᠦᠬᠦᠯᠡᠬᠦ ᠳᠡᠭᠡᠨ《 ᠁ ᠯᠢᠭᠲᠡᠨ ᠬᠠᠭᠠᠨ ᠮᠠᠨᠵᠦ ᠶᠢᠨ ᠮᠠᠨᠲᠤᠯ ᠪᠤᠯᠪᠠᠰᠤ ᠮᠤᠩᠭᠤᠯ ᠤᠨ ᠬᠠᠮᠤᠭ ᠤᠨ ᠶᠡᠭᠡ ᠰᠦᠷᠲᠡᠬᠦᠯᠦᠯ ᠪᠤᠯᠬᠤ ᠶᠢ ᠤᠬᠠᠮᠰᠠᠷᠠᠨ ᠮᠡᠳᠡᠭᠡᠳ ᠲᠠᠶᠢᠮᠢᠩ ᠤᠯᠤᠰ ᠯᠤᠭ᠎ᠠ ᠡᠪᠯᠡᠷᠡᠵᠦ ᠮᠠᠨᠵᠦ ᠶᠢ ᠡᠰᠡᠷᠡᠬᠦᠴᠡᠬᠦ ᠳᠤ ᠁ ᠬᠠᠷᠢᠨ ᠲᠡᠬᠦᠨ ᠎ ᠤ ᠡᠨᠡᠬᠦ ᠨᠡᠯᠢᠶᠡᠳ ᠠᠯᠤᠰ ᠤᠨ ᠬᠠᠷᠠᠯᠲᠠ ᠪᠦᠬᠦᠢ ᠪᠤᠲᠤᠯᠭ᠎ᠠ ᠮᠤᠩᠭᠤᠯ ᠤᠨ ᠡᠯ᠎ᠠ ᠠᠶᠢᠮᠠᠭ ᠪᠦᠯᠦᠭ ᠤᠨ ᠲᠡᠮᠵᠢᠯᠬᠡ ᠎ ᠶᠢ ᠤᠯᠵᠦ ᠴᠢᠳᠠᠬᠰᠠᠨ ᠦᠬᠡᠢ᠃ ᠲᠡᠲᠡᠨ ᠤ ᠵᠠᠷᠢᠮ ᠨᠢ ᠦᠪᠡᠷ ᠢᠶᠠᠨ ᠮᠠᠨᠵᠦ ᠳᠤ ᠲᠠᠭᠠᠨ ᠤᠷᠤᠵᠦ᠂ ᠵᠠᠷᠢᠮ ᠨᠢ ᠴᠢᠰᠤᠨ ᠤᠲᠤᠮ ᠤᠶᠢᠷ᠎ᠠ ᠪᠤᠯᠬᠤ ᠤᠴᠢᠷ ᠠᠷᠠᠢ ᠤᠷᠪᠠᠨ ᠲᠡᠷᠰᠯᠡᠵᠦ  ᠡᠰᠡᠷᠭᠦ ᠲᠠᠯ᠎ᠠ ᠳᠤ ᠤᠷᠤᠬᠰᠠᠨ ᠦᠬᠡᠢ ᠪᠤᠯᠪᠠᠴᠦ ᠬᠠᠷᠢᠨ ᠭᠤᠪᠢ ᠶᠢᠨ ᠠᠷᠤ ᠳᠤ ᠨᠡᠬᠦᠨ ᠶᠠᠪᠤᠵᠠᠭᠠᠵᠦ ᠮᠠᠨᠵᠦ ᠳᠤ ᠦᠯᠦ ᠬᠠᠮᠢᠶᠠᠷᠤᠬᠳᠠᠬᠤ ᠬᠠᠯᠬ᠎ᠠ ᠠᠶᠢᠮᠠᠭ ᠲᠤ ᠤᠷᠤᠵᠦ ᠦᠭᠬᠦᠨ ᠪᠠᠶᠢᠳᠠᠯ ᠢ ᠲᠦᠷ ᠠᠵᠢᠬᠯᠠᠨ ᠰᠠᠭᠤᠵᠠᠢ᠃ ᠡᠳᠡᠬᠡᠷ ᠠᠶᠢᠮᠠᠭ ᠲᠤ ᠰᠦᠨᠢᠳ᠂ ᠦᠵᠦᠮᠦᠴᠢᠨ᠂ ᠬᠠᠭᠤᠴᠢᠳ ᠪᠠᠭᠳᠠᠬᠤ ᠶᠤᠮ 》 ᠬᠡᠵᠠᠢ ︵《 ᠮᠢᠨᠦ ᠮᠡᠳᠡᠳᠡᠭ ᠳᠡᠮᠴᠤᠭᠳᠤᠩᠷᠤᠪ ᠨᠤᠶᠠᠨ ᠪᠦᠬᠡᠳ ᠲᠡᠬᠦᠨ ᠤ ᠦᠶ᠎ᠡ ᠶᠢᠨ ᠦᠪᠦᠷ ᠮᠤᠩᠭᠤᠯ》︶᠃ ᠲᠡᠷᠡ ᠦᠶ᠎ᠡ ᠶᠢᠨ ᠮᠤᠩᠭᠤᠯ ᠤᠨ ᠲᠤᠲᠤᠭᠠᠲᠤ ᠳᠤ ᠵᠠᠳᠠᠷᠠᠯ ᠭᠠᠷᠴᠦ ᠮᠠᠨᠵᠦ ᠳᠤ ᠡᠶ᠎ᠡ ᠪᠠᠷ ᠲᠠᠲᠠᠬᠲᠠᠨ ᠲᠠᠭᠠᠯᠴᠠᠵᠦ᠂ ᠲᠡᠬᠦᠨ ᠤ ᠲᠤᠶᠢᠨ ᠳᠤ ᠤᠷᠤᠬᠰᠠᠨ ᠲᠤᠬᠠᠢ  ᠷᠠᠰᠢᠫᠤᠩᠰᠤᠭ ᠲᠡᠮᠳᠡᠭᠯᠡᠬᠦ ᠳᠡᠭᠡᠨ《  ᠁ ᠬᠠᠯᠬ᠎ᠠ ᠪᠠ ᠬᠤᠷᠴᠢᠨ ᠠᠶᠢᠮᠠᠭ ᠬᠠᠭᠠᠨ ᠠᠴᠠ ᠤᠷᠪᠠᠭᠠᠳ ᠦᠪᠡᠷ᠎ᠡ ᠦᠪᠡᠷ᠎ᠡ ᠠᠩᠬᠢᠯᠠᠨ ᠲᠤᠰ ᠲᠤᠰ ᠲᠠᠭᠠᠨ ᠵᠤᠷᠢᠭ ᠲᠤᠷ᠎ᠠ ᠪᠠᠷ ᠬᠠᠭᠠᠨ ᠴᠤᠯᠠ ᠡᠷᠬᠦᠯᠴᠡᠵᠦ ᠬᠠᠭᠠᠨ ᠯᠤᠭ᠎ᠠ ᠡᠰᠡᠷᠬᠦᠴᠡᠭᠰᠡᠨ》 ᠬᠡᠪᠡ ︵《 ᠪᠤᠯᠤᠷ ᠡᠷᠢᠬᠡ 》︶᠃           1632 ᠤᠨ ᠤ ᠯᠢᠭᠲᠡᠨ ᠬᠠᠭᠠᠨ ᠭᠤᠤᠯ ᠤᠯᠤᠰ ᠴᠠᠬᠠᠷ ᠢᠶᠠᠨ ᠲᠠᠭᠠᠭᠤᠯᠵᠦ ᠤᠷᠲᠤᠰ ᠲᠦᠮᠡᠨ ᠤ ᠨᠤᠲᠤᠭ ᠲᠤ  ᠬᠠᠭᠠᠨ‌ᠤᠷᠲᠤ ︵ ᠴᠠᠭᠠᠨ ᠤᠷᠲᠤ︶ ᠰᠠᠭᠠᠲᠠᠵᠦ ᠪᠠᠶᠢᠬᠤ ᠦᠶᠡᠰ ᠮᠠᠨᠵᠦ ᠪᠤᠯᠤᠨ ᠬᠠᠷᠠᠴᠢᠨ᠂ ᠲᠦᠮᠡᠳ᠂ ᠢᠰᠦᠳ᠂ ᠵᠠᠷᠤᠳ᠂ ᠠᠤᠬᠠᠨ᠂ ᠨᠠᠢᠮᠠᠨ᠂ ᠤᠩᠨᠢᠭᠤᠳ᠂ ᠪᠠᠭᠠᠷᠢᠨ᠂ ᠬᠤᠷᠴᠢᠨ ᠤ ᠤᠯᠠᠨ ᠠᠶᠢᠮᠠᠭ ᠬᠠᠮᠲᠤᠷᠠᠬᠰᠠᠨ ᠴᠡᠷᠢᠭ ᠬᠦᠬᠡ ᠬᠤᠲᠠ ᠳᠤ ᠲᠤᠯᠵᠦ ᠢᠷᠡᠬᠦᠶ᠎ᠡ 《 ᠁  ᠯᠢᠭᠲᠡᠨ ᠬᠠᠭᠠᠨ ᠰᠤᠨᠤᠰᠴᠦ ᠶᠡᠬᠡᠲᠠ ᠰᠤᠴᠢᠨ᠂ ᠬᠦᠬᠡ ᠲᠡᠷᠡᠰᠦ ᠳᠤ ᠪᠤᠷᠤᠭᠤᠯᠠᠨ᠂ ᠬᠤᠶᠠᠷ ᠡᠲᠦᠷ ᠤᠨ ᠲᠠᠷᠠᠭ᠎ᠠ ᠬᠠᠷ᠎ᠠ ᠮᠠᠩᠨᠠᠢ ᠶᠢᠨ ᠵᠡᠬᠦᠨ ᠬᠢᠵᠠᠭᠠᠷ ᠎ ᠲᠤ ᠬᠦᠷᠴᠦ ᠰᠠᠬᠦᠯᠡᠷ ᠤᠳᠠᠯ ᠦᠬᠡᠢ ᠭᠤᠤᠯ ᠢ ᠭᠠᠲᠤᠯᠵᠦ ᠬᠦᠬᠡᠨᠡᠭᠤᠷ ᠵᠦᠭ ᠤᠳᠪᠠ 》 ᠬᠡᠵᠦ ᠲᠡᠤᠬᠡ ᠰᠤᠲᠤᠷ ᠲᠤ ᠲᠡᠮᠳᠡᠭᠯᠡᠵᠠᠢ᠃  ᠡᠨᠡ ᠲᠤᠬᠠᠢ《 ᠪᠤᠯᠤᠷ ᠡᠷᠢᠬᠡ 》᠎ ᠳᠤ《 ᠬᠠᠭᠠᠨ ᠭᠠᠴᠢᠬᠳᠠᠵᠦ ᠲᠡᠬᠦᠨᠴᠡ ᠲᠦᠪᠡᠳ ᠤᠯᠤᠰ ᠢ ᠡᠵᠡᠯᠡᠰᠦᠬᠡᠢ ᠬᠡᠮᠡᠨ ᠴᠠᠬᠠᠷ ᠲᠤᠭᠠᠲᠠᠨ ᠤᠯᠤᠰ ᠢᠶᠠᠨ ᠠᠪᠤᠨ ᠨᠡᠬᠦᠵᠦ ᠰᠢᠷ᠎ᠠ ᠲᠠᠯ᠎ᠠ ᠨᠡᠷᠡᠲᠤ ᠭᠠᠵᠠᠷ ᠲᠤ ᠬᠦᠷᠦᠬᠡᠳ ᠬᠠᠭᠠᠨ ᠴᠢᠯᠡᠷᠬᠡᠵᠦ ᠬᠠᠯᠢᠪᠠ᠃ ᠰᠠᠭᠤᠷᠢᠨ ᠲᠤᠷ ᠭᠤᠴᠢᠨ ᠨᠢᠬᠡᠨ ᠵᠢᠯ ᠰᠠᠭᠤᠪᠠ᠂ ᠲᠦᠴᠢᠨ ᠭᠤᠷᠪᠠᠨ ᠨᠠᠰᠣᠲᠠᠢ ᠪᠦᠯᠦᠬᠡ》 ᠬᠡᠪᠡ᠃ ᠡᠨᠡ ᠲᠤᠬᠠᠢ ᠳ᠋ᠠᠷᠮ᠎ᠠ ᠬᠦᠤᠰᠢ《 ᠁ ᠯᠢᠭᠲᠡᠨ ᠬᠠᠭᠠᠨ ᠁ ᠪᠤᠷᠬᠠᠨ ᠨᠤᠮ ᠢᠶᠠᠨ ᠤᠷᠬᠢᠨ ᠬᠡᠬᠡᠵᠦ᠂ ᠵᠢᠷᠭᠤᠭᠠᠨ ᠲᠦᠮᠡᠨ ᠤᠯᠤᠰ ᠪᠠ ᠴᠠᠭᠠᠨ ᠬᠤᠲᠠ ᠠᠴᠠ ᠭᠠᠷᠴᠦ᠂ ᠲᠦᠪᠡᠳ᠂ ᠬᠠᠯᠬ᠎ᠠ ᠴᠤᠬᠲᠤ ᠲᠠᠶᠢᠵᠢ ᠯᠤᠭ᠎ᠠ ᠬᠠᠪᠰᠤᠷᠴᠦ ᠰᠢᠷ᠎ᠠ ᠶᠢᠨ ᠱᠠᠵᠢᠨ ᠢ ᠤᠭ ᠦᠬᠡᠢ ᠪᠤᠯᠭᠠᠬᠤ ᠬᠡᠮᠡᠨ ᠨᠡᠬᠦᠪᠠᠢ᠃ ᠬᠤᠪᠢᠲᠤ ᠴᠠᠬᠠᠷ ᠲᠦᠮᠡᠨ ᠤᠯᠤᠰ ᠲᠤᠷ᠎ᠠ ᠦᠬᠡᠢ ᠪᠤᠯᠪᠠᠴᠦ  ᠴᠠᠭ ᠲᠦᠷᠦ ᠶᠢᠨ ᠡᠷᠬᠡ ᠪᠠᠷ ᠠᠷᠭ᠎ᠠ ᠦᠬᠡᠢ ᠲᠠᠭᠠᠯᠴᠠᠨ ᠶᠠᠪᠤᠵᠦ ᠁》 ᠬᠡᠮᠡᠨ ᠲᠡᠮᠳᠡᠭᠯᠡᠪᠡ᠃ ︵ 《  ᠠᠯᠲᠠᠨ ᠬᠦᠷᠲᠤ ᠮᠢᠩᠭᠠᠨ ᠬᠡᠬᠡᠰᠦᠲᠤ》︶᠃ ᠢᠩᠬᠢᠬᠡᠳ ᠶᠡᠭᠡ ᠮᠤᠩᠭᠤᠯ ᠤᠯᠤᠰ ᠤᠨ ᠲᠡᠮᠦᠵᠢᠨ ᠴᠢᠩᠬᠢᠰ ᠬᠠᠭᠠᠨ ᠤ ᠦᠨᠳᠦᠰᠦᠯᠡᠭᠰᠡᠨ ᠪᠤᠷᠵᠢᠬᠢᠨ ᠤ ᠠᠯᠲᠠᠨ ᠤᠷᠤᠭ ᠤᠨ ᠬᠠᠭᠠᠨᠲᠤ ᠲᠦᠷᠦ 429 ᠤᠨ ᠤᠯᠠᠷᠢᠨ ᠲᠤᠭᠲᠠᠵᠦ᠂ ᠪᠦᠬᠦᠲᠠ ᠭᠤᠴᠢᠨ ᠲᠠᠪᠤᠨ ᠬᠠᠭᠠᠨ ᠶᠡᠭᠡ ᠤᠷᠤ ᠰᠠᠭᠤᠵᠦ᠂ ᠬᠤᠷᠢᠨ ᠬᠤᠶᠠᠷ ᠦᠶ᠎ᠡ ᠵᠠᠯᠭᠠᠮᠵᠢᠯᠠᠵᠦ ᠯᠢᠭᠲᠡᠨ ᠬᠠᠭᠠᠨ ᠰᠠᠭᠤᠷᠢᠨ ᠲᠡᠬᠡᠷ᠎ᠠ ᠬᠦᠷᠦᠬᠡᠳ ᠮᠠᠨᠵᠦ ᠶᠢᠨ ᠭᠠᠷ ᠲᠤᠤᠷ᠎ᠠ ᠡᠴᠦᠰᠯᠡᠵᠠᠢ᠃ ᠡᠬᠦᠨ ᠠᠴᠠ ᠬᠤᠶᠢᠰᠢ ᠮᠤᠩᠭᠤᠯ ᠤᠨ ᠤᠯᠤᠰ ᠲᠦᠷᠦ ᠶᠢᠨ ᠲᠦᠪ ᠴᠠᠬᠠᠷ ᠲᠦᠮᠡᠨ ᠠᠴᠠ ᠲᠦᠷᠪᠡᠨ ᠤᠶᠢᠷᠠᠳ ᠤᠨ ᠵᠦᠩᠭᠠᠷ ᠲᠤ ᠰᠢᠯᠵᠢᠭᠰᠡᠨ ᠠᠵᠤᠭᠤ᠃                                            ᠢᠷᠡᠯᠲᠡ᠄ ᠤᠯᠠᠭᠠᠨᠴᠠᠪ  ᠮᠤᠩᠭᠤᠯ ᠰᠦᠯᠵᠢᠶ᠎ᠡ                                            ᠵᠣᠬᠢᠶᠠᠭᠴᠢ᠄ ᠪᠠᠶᠠᠭᠤᠳ ᠪᠠᠶᠠᠰᠬᠤᠯᠠᠩ                                            ᠨᠠᠶᠢᠷᠠᠭᠤᠯᠤᠭᠴᠢ᠄ ᠲᠤᠶᠠᠭ᠎ᠠ
 
ᠢᠷᠡᠯᠲᠡ᠄ ᠤᠯᠠᠭᠠᠨᠴᠠᠪ ᠮᠤᠡᠭᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2