| ᠴᠢᠩ ᠤᠯᠤᠰ ᠤᠨ ᠨᠤᠶᠠᠷᠬᠠᠭᠴᠢᠳ ᠵᠠᠰᠠᠭ ᠵᠠᠬᠢᠷᠭᠠᠨ ᠤ ᠪᠠᠶᠢᠭᠤᠯᠤᠮᠵᠢ ᠶᠢᠨ ᠲᠠᠯ᠎ᠠ ᠪᠠᠷ ᠮᠤᠩᠭᠤᠯ ᠤᠨ | ᠡᠯ᠎ᠡ ᠠᠶᠢᠮᠠᠭ ᠢ ᠭᠠᠳᠠᠭᠠᠳᠦ ᠮᠤᠩᠭᠤᠯ ᠬᠢᠭᠡᠳ ᠳᠤᠲᠤᠭᠠᠳᠦ ᠮᠤᠩᠭᠤᠯ ᠭᠡᠵᠦ ᠬᠤᠪᠢᠶᠠᠪᠠ᠃ ᠭᠠᠳᠠᠭᠠᠳᠦ | ᠮᠤᠩᠭᠤᠯ ᠨᠢ ᠬᠤᠰᠢᠭᠤ ᠴᠢᠭᠤᠯᠭᠠᠨ ᠤ ᠪᠠᠶᠢᠭᠤᠯᠤᠯ ᠬᠡᠷᠡᠭᠵᠢᠭᠦᠯᠵᠦ᠂ ᠳᠤᠲᠤᠭᠠᠳᠦ ᠮᠤᠩᠭᠤᠯ ᠨᠢ ᠬᠠᠷᠢᠨ | ᠮᠠᠨᠵᠤ ᠶᠢᠨ ᠨᠠᠶᠢᠮᠠᠨ ᠬᠤᠰᠢᠭᠤᠨ ᠤ ᠪᠠᠶᠢᠭᠤᠯᠤᠯ ᠢ ᠬᠡᠷᠡᠭᠵᠢᠭᠦᠯᠪᠡ᠃ ᠦᠪᠦᠷ ᠮᠤᠩᠭᠤᠯ᠂ ᠠᠷᠤ ᠮᠤᠩᠭᠤᠯ᠂ | ᠣᠶᠢᠷᠠᠳ ᠮᠤᠩᠭᠤᠯ ᠢ ᠭᠠᠳᠠᠭᠠᠳᠦ ᠮᠤᠩᠭᠤᠯ ᠭᠡᠳᠡᠭ᠃ ᠴᠠᠬᠠᠷ ᠤᠨ ᠨᠠᠶᠢᠮᠠᠨ ᠬᠤᠰᠢᠭᠤ᠂ ᠴᠠᠬᠠᠷ ᠤᠨ ᠳᠦᠷᠪᠡᠨ | ᠰᠦᠷᠦᠭ᠂ ᠪᠠᠷᠭᠤ᠂ ᠬᠦᠬᠡᠬᠤᠲᠠ ᠶᠢᠨ ᠲᠦᠮᠡᠳ ᠵᠡᠷᠭᠡ ᠶᠢ ᠳᠤᠲᠤᠭᠠᠳᠦ ᠮᠤᠩᠭᠤᠯ ᠭᠡᠳᠡᠭ᠃ | ᠭᠠᠳᠠᠭᠠᠳᠦ ᠵᠠᠰᠠᠭ ᠮᠤᠩᠭᠤᠯ ᠢᠶᠠᠨ ᠪᠠᠰᠠ ᠲᠤᠳᠤᠭᠠᠳᠦ ᠵᠠᠰᠠᠭ ᠮᠤᠩᠭᠤᠯ ᠬᠢᠭᠡᠳ ᠭᠠᠳᠠᠭᠠᠳᠦ ᠵᠠᠰᠠᠭ | ᠮᠤᠩᠭᠤᠯ ᠭᠡᠵᠦ ᠬᠤᠶᠠᠷ ᠬᠤᠪᠢᠶᠠᠪᠠ᠃ | ᠦᠪᠦᠷ ᠮᠤᠩᠭᠤᠯ ᠤᠨ 24 ᠠᠶᠢᠮᠠᠭ 49 ᠬᠤᠰᠢᠭᠤ ᠶᠢ ᠳᠤᠲᠤᠭᠠᠳᠦ ᠵᠠᠰᠠᠭ ᠮᠤᠩᠭᠤᠯ ᠳᠤ ᠬᠤᠪᠢᠶᠠᠨ | ᠤᠷᠤᠭᠤᠯᠪᠠ᠃ | ᠠᠷᠤ ᠮᠤᠩᠭᠤᠯ ᠬᠢᠭᠡᠳ ᠤᠶᠢᠷᠠᠳ ᠮᠤᠩᠭᠤᠯ ᠵᠢᠴᠢ ᠦᠪᠦᠷ ᠮᠤᠩᠭᠤᠯ ᠤᠨ ᠠᠯᠠᠱᠠ ᠡᠵᠡᠨ᠎ᠡ ᠬᠤᠶᠠᠷ | ᠬᠤᠰᠢᠭᠤ ᠶᠢ ᠭᠠᠳᠠᠭᠠᠳᠦ ᠵᠠᠰᠠᠭ ᠮᠤᠩᠭᠤᠯ ᠭᠡᠳᠡᠭ᠃ ᠡᠭᠦᠨ ᠳᠤ᠂ ᠠᠷᠤ ᠮᠤᠩᠭᠤᠯ ᠢ ᠳᠦᠷᠪᠡᠨ ᠠᠶᠢᠮᠠᠭ 86 | ᠬᠤᠰᠢᠭᠤ᠂ ᠪᠠᠷᠠᠭᠤᠨ ᠬᠤᠶᠢᠲᠦ ᠶᠢᠨ ᠮᠤᠩᠭᠤᠯ ᠤᠨ ᠡᠯ᠎ᠡ ᠠᠶᠢᠮᠠᠭ 34 ᠬᠤᠰᠢᠭᠤ᠂ ᠬᠦᠬᠡᠨᠠᠭᠤᠷ ᠢ 29 ᠬᠤᠰᠢᠭᠤ | ᠬᠤᠪᠢᠶᠠᠨ᠂ ᠦᠪᠦᠷ ᠮᠤᠩᠭᠤᠯ ᠤᠨ 49 ᠬᠤᠰᠢᠭᠤ ᠲᠠᠢ ᠨᠡᠶᠢᠯᠡᠭᠡᠳ ᠪᠦᠬᠦ ᠮᠤᠩᠭᠤᠯ ᠨᠡᠶᠢᠲᠡ 200 | ᠬᠤᠰᠢᠭᠤ ᠲᠠᠢ ᠪᠠᠶᠢᠪᠠ᠃ | ᠵᠢᠷᠢᠮ ᠤᠨ ᠴᠢᠭᠤᠯᠭᠠᠨ᠄ ᠬᠤᠷᠴᠢᠨ ᠵᠢᠷᠭᠤᠭᠠᠨ ᠬᠤᠰᠢᠭᠤ᠂ ᠳᠦᠷᠪᠡᠳ ᠬᠤᠰᠢᠭᠤ᠂ ᠵᠠᠯᠠᠶᠢᠳ ᠬᠤᠰᠢᠭᠤ | ᠂ ᠭᠤᠷᠯᠤᠰ ᠬᠤᠶᠠᠷ ᠬᠤᠰᠢᠭᠤ᠃ | ᠵᠤᠰᠤᠲᠤ ᠶᠢᠨ ᠴᠢᠭᠤᠯᠭᠠᠨ᠄ ᠬᠠᠷᠠᠴᠢᠨ ᠭᠤᠷᠪᠠᠨ ᠬᠤᠰᠢᠭᠤ᠂ ᠲᠦᠮᠡᠳ ᠬᠤᠶᠠᠷ ᠬᠤᠰᠢᠭᠤ᠃ | ᠵᠣᠤ ᠤᠳᠠ ᠶᠢᠨ ᠴᠢᠭᠤᠯᠭᠠᠨ᠄ ᠠᠤᠬᠠᠨ ᠬᠤᠰᠢᠭᠤ᠂ ᠪᠠᠭᠠᠷᠢᠨ ᠬᠤᠶᠠᠷ ᠬᠤᠰᠢᠭᠤ᠂ ᠠᠷᠤ ᠬᠤᠷᠴᠢᠨ | ᠬᠤᠰᠢᠭᠤ᠂ ᠤᠩᠨᠢᠭᠤᠳ ᠬᠤᠶᠠᠷ ᠬᠤᠰᠢᠭᠤ᠂ ᠨᠠᠶᠢᠮᠠᠨ ᠬᠤᠰᠢᠭᠤ᠂ ᠵᠠᠷᠤᠳ ᠬᠤᠶᠠᠷ ᠬᠤᠰᠢᠭᠤ᠂ ᠬᠠᠯᠬ᠎ᠠ ᠵᠡᠭᠦᠨ | ᠭᠠᠷᠤᠨ ᠬᠤᠰᠢᠭᠤ᠃ | ᠰᠢᠯᠢ ᠶᠢᠨ ᠭᠤᠤᠯ ᠤᠨ ᠴᠢᠭᠤᠯᠭᠠᠨ᠄ ᠦᠵᠦᠮᠦᠴᠢᠨ ᠬᠤᠶᠠᠷ ᠬᠤᠰᠢᠭᠤ᠂ ᠬᠠᠭᠤᠴᠢᠳ ᠬᠤᠶᠠᠷ ᠬᠤᠰᠢᠭᠤ | ᠂ ᠰᠦᠨᠢᠳ ᠬᠤᠶᠠᠷ ᠬᠤᠰᠢᠭᠤ᠂ ᠠᠪᠠᠭ᠎ᠠ ᠬᠤᠶᠠᠷ ᠬᠤᠰᠢᠭᠤ᠂ ᠠᠪᠠᠭᠠᠨᠠᠷ ᠬᠤᠶᠠᠷ ᠬᠤᠰᠢᠭᠤ᠃ | ᠤᠯᠠᠭᠠᠨᠴᠠᠪ ᠤᠨ ᠴᠢᠭᠤᠯᠭᠠᠨ᠄ ᠳᠦᠷᠪᠡᠨ ᠬᠡᠤᠬᠡᠳ ᠤᠨ ᠬᠤᠰᠢᠭᠤ᠂ ᠤᠷᠠᠳ ᠭᠤᠷᠪᠠᠨ ᠬᠤᠰᠢᠭᠤ᠂ | ᠮᠣᠤᠮᠢᠩᠭᠠᠨ ᠬᠤᠰᠢᠭᠤ᠂ ᠬᠠᠯᠬ᠎ᠠ ᠪᠠᠷᠠᠭᠤᠨ ᠭᠠᠷᠤᠨ ᠬᠤᠰᠢᠭᠤ᠃ | ᠤᠯᠢᠶᠠᠰᠤᠲᠠᠢ ᠶᠢᠨ ᠴᠢᠭᠤᠯᠭᠠᠨ᠄ ᠵᠠᠰᠠᠭᠲᠦ ᠬᠠᠨ ᠬᠤᠰᠢᠭᠤ᠂ ᠰᠠᠶᠢᠨ ᠨᠤᠶᠠᠨ ᠬᠠᠨ ᠬᠤᠰᠢᠭᠤ᠃ | ᠬᠦᠷᠢᠶ᠎ᠡ ᠶᠢᠨ ᠴᠢᠭᠤᠯᠭᠠᠨ᠄ ᠲᠦᠰᠢᠶᠡᠲᠦ ᠬᠠᠨ ᠠᠶᠢᠮᠠᠭ᠂ ᠰᠡᠴᠡᠨ ᠬᠠᠨ ᠠᠶᠢᠮᠠᠭ᠃ | ᠰᠢᠨᠢᠩ ᠤᠨ ᠬᠡᠷᠡᠭ ᠡᠷᠬᠢᠯᠡᠬᠦ ᠰᠠᠶᠢᠳ ᠤᠨ ᠰᠢᠭᠤᠳ ᠬᠠᠮᠢᠶᠠᠷᠤᠯ ᠳᠠᠬᠢ ᠴᠠᠭᠠᠨ ᠲᠤᠯᠤᠭᠠᠢ ᠶᠢᠨ | ᠴᠢᠭᠤᠯᠭᠠᠨ᠄ ᠬᠦᠬᠡᠨᠠᠭᠤᠷ ᠤᠨ ᠬᠤᠱᠤᠳ ᠠᠶᠢᠮᠠᠭ ᠤᠨ ᠬᠤᠷᠢᠨ ᠨᠢᠭᠡᠨ ᠬᠤᠰᠢᠭᠤ᠂ ᠴᠤᠷᠤᠰ ᠠᠶᠢᠮᠠᠭ ᠤᠨ ᠬᠤᠶᠠᠷ | ᠬᠤᠰᠢᠭᠤ᠂ ᠬᠠᠯᠬ᠎ᠠ ᠨᠢᠭᠡ ᠬᠤᠰᠢᠭᠤ᠂ ᠬᠤᠶᠢᠳ ᠨᠢᠭᠡ ᠬᠤᠰᠢᠭᠤ᠂ ᠲᠤᠷᠭᠤᠳ ᠳᠦᠷᠪᠡᠨ ᠬᠤᠰᠢᠭᠤ᠃ | ᠰᠠᠶᠢᠨᠵᠠᠶᠠᠭᠠᠲᠦ ᠵᠡᠭᠦᠨ ᠭᠠᠷᠤᠨ ᠴᠢᠭᠤᠯᠭᠠᠨ᠄ ᠬᠤᠶᠢᠳ ᠠᠶᠢᠮᠠᠭ ᠤᠨ ᠨᠢᠭᠡ ᠬᠤᠰᠢᠭᠤ᠂ ᠳᠦᠷᠪᠡᠳ | ᠠᠶᠢᠮᠠᠭ ᠤᠨ ᠵᠡᠭᠦᠨ ᠭᠠᠷᠤᠨ ᠠᠷᠪᠠᠨ ᠨᠢᠭᠡᠨ ᠬᠤᠰᠢᠭᠤ᠃ | ᠰᠠᠶᠢᠨᠵᠠᠶᠠᠭᠠᠲᠦ ᠪᠠᠷᠠᠭᠤᠨ ᠭᠠᠷᠤᠨ ᠴᠢᠭᠤᠯᠭᠠᠨ᠄ ᠬᠤᠶᠢᠳ ᠠᠶᠢᠮᠠᠭ ᠤᠨ ᠨᠢᠭᠡ ᠬᠤᠰᠢᠭᠤ᠂ ᠳᠦᠷᠪᠡᠳ | ᠠᠶᠢᠮᠠᠭ ᠤᠨ ᠪᠠᠷᠠᠭᠤᠨ ᠭᠠᠷᠤᠨ ᠭᠤᠷᠪᠠᠨ ᠬᠤᠰᠢᠭᠤ᠃ | ᠬᠠᠭᠤᠴᠢᠨ ᠲᠤᠷᠭᠤᠳ ᠠᠶᠢᠮᠠᠭ ᠳᠦᠷᠪᠡᠨ ᠴᠢᠭᠤᠯᠭᠠᠨ᠄ ᠡᠮᠦᠨᠡᠲᠦ ᠦᠨᠡᠨᠰᠦ᠋ᠵᠦᠭᠲᠦ ᠴᠢᠭᠤᠯᠭᠠᠨ᠂ | ᠬᠤᠶᠢᠲᠦ ᠦᠨᠡᠨᠰᠦ᠋ᠵᠦᠭᠲᠦ ᠴᠢᠭᠤᠯᠭᠠᠨ᠂ ᠵᠡᠭᠦᠨ ᠦᠨᠡᠨᠰᠦ᠋ᠵᠦᠭᠲᠦ ᠴᠢᠭᠤᠯᠭᠠᠨ᠂ ᠪᠠᠷᠠᠭᠤᠨ ᠦᠨᠡᠨᠰᠦ᠋ᠵᠦᠭᠲᠦ | ᠴᠢᠭᠤᠯᠭᠠᠨ᠃ | ᠰᠢᠨ᠎ᠡ ᠲᠤᠷᠭᠤᠳ ᠠᠶᠢᠮᠠᠭ ᠨᠢᠭᠡ ᠴᠢᠭᠤᠯᠭᠠᠨ᠄ ᠴᠢᠩᠰᠡᠳᠬᠢᠯᠲᠦ ᠶᠢᠨ ᠴᠢᠭᠤᠯᠭᠠᠨ᠃ | ᠬᠤᠱᠤᠳ ᠠᠶᠢᠮᠠᠭ ᠨᠢᠭᠡ ᠴᠢᠭᠤᠯᠭᠠᠨ᠄ ᠪᠠᠲᠤᠰᠡᠳᠬᠢᠯᠲᠦ ᠶᠢᠨ ᠴᠢᠭᠤᠯᠭᠠᠨ᠃ | ᠭᠠᠳᠠᠭᠠᠳᠦ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ᠄ ᠠᠯᠠᠱᠠ ᠦᠭᠡᠯᠡᠳ ᠵᠠᠰᠠᠭ | ᠬᠤᠰᠢᠭᠤ᠂ ᠡᠵᠡᠨ᠎ᠡ ᠶᠢᠨ ᠬᠠᠭᠤᠴᠢᠨ ᠲᠤᠷᠭᠤᠳ ᠵᠠᠰᠠᠭ ᠬᠤᠰᠢᠭᠤ᠃ | ᠬᠦᠯᠦᠨ ᠪᠤᠶᠢᠷ᠄ ᠬᠠᠭᠤᠴᠢᠨ ᠪᠠᠷᠭᠤ᠂ ᠴᠠᠬᠠᠷ᠂ ᠰᠢᠨ᠎ᠡ ᠪᠠᠷᠭᠤ᠃ | ᠦᠭᠡᠯᠡᠳ ᠠᠶᠢᠮᠠᠭ᠄ ᠿᠧᠾᠧ ᠦᠭᠡᠯᠡᠳ ᠨᠢᠭᠡ ᠬᠤᠰᠢᠭᠤ᠂ ᠢᠯᠢ ᠶᠢᠨ ᠦᠭᠡᠯᠡᠳ ᠳᠡᠭᠡᠳᠦ ᠭᠤᠷᠪᠠᠨ | ᠬᠤᠰᠢᠭᠤ ᠳᠣᠤᠷᠠᠳᠦ ᠲᠠᠪᠤᠨ ᠬᠤᠰᠢᠭᠤ᠂ ᠲᠠᠷᠪᠠᠭᠠᠲᠠᠢ ᠶᠢᠨ ᠦᠭᠡᠯᠡᠳ ᠨᠢᠭᠡ ᠬᠤᠰᠢᠭᠤ᠂ ᠬᠤᠪᠢᠲᠦ ᠶᠢᠨ | ᠦᠭᠡᠯᠡᠳ ᠨᠢᠭᠡ ᠬᠤᠰᠢᠭᠤ᠃ | ᠲᠤᠲᠤᠭᠠᠳᠦ ᠮᠤᠩᠭᠤᠯ᠄ ᠵᠠᠭᠴᠢᠨ ᠠᠶᠢᠮᠠᠭ᠂ ᠮᠢᠩᠭᠠᠨ ᠠᠶᠢᠮᠠᠭ᠂ ᠲᠠᠩᠨᠤ ᠤᠷᠢᠶᠠᠩᠬᠠᠢ ᠠᠶᠢᠮᠠᠭ᠂ | ᠠᠶᠢᠲᠠᠢ ᠶᠢᠨ ᠤᠷᠢᠶᠠᠩᠬᠠᠢ ᠠᠶᠢᠮᠠᠭ᠂ ᠠᠯᠲᠠᠢ ᠨᠠᠭᠤᠷ ᠤᠨ ᠤᠷᠢᠶᠠᠩᠬᠠᠢ ᠠᠶᠢᠮᠠᠭ᠂ ᠲᠦᠪᠡᠳ ᠤᠨ ᠲᠠᠮᠤ ᠮᠤᠩᠭᠤᠯ | ᠠᠶᠢᠮᠠᠭ᠃ | | | | | ᠢᠷᠡᠯᠲᠡ᠄ ᠪᠠᠶᠠᠨ ᠴᠡᠯᠡᠭᠡᠷ ᠠᠷᠤ ᠬᠤᠷᠴᠢᠨ ᠰᠦᠯᠵᠢᠶ᠎ᠡ | ᠪᠡᠯᠡᠳᠬᠡᠭᠰᠡᠨ ᠨᠢ᠄ ᠲᠤᠶᠠᠭ᠎ᠠ | |