ᠠᠯᠠᠭᠠᠨ ᠳᠡᠭᠡᠷᠡᠬᠢ ᠠᠷᠠᠳ ᠤᠨ ᠰᠤᠶᠤᠯ ᠤᠨ ᠤᠯᠠᠮᠵᠢᠯᠠᠯ
ᠨᠡᠶᠢᠲᠡᠯᠡᠭᠰᠡᠨ ᠴᠠᠭ᠄
2024/6/25
         ᠦᠪᠦᠷ  ᠮᠤᠩᠭᠤᠯ ᠤᠨ  ᠦᠪᠡᠷᠲᠡᠭᠡᠨ  ᠵᠠᠰᠠᠬᠤ  ᠣᠷᠤᠨ ᠤ  ᠠᠷᠪᠠᠳᠤᠭᠠᠷ  ᠬᠤᠭᠤᠴᠠᠭᠠᠨ ᠤ  ᠴᠦᠬᠡᠨ  ᠲᠤᠭᠠᠳᠤ‌ᠦᠨᠳᠤᠰᠤᠳᠡᠨ ᠤ ᠣᠯᠠᠮᠵᠢᠯᠠᠯᠲᠤ ᠪᠡᠶ᠎ᠡ ᠶᠢᠨ ᠲᠠᠮᠢᠷ ᠤᠨ ᠴᠤᠭᠯᠠᠭᠠᠨ ᠤ ᠦᠵᠡᠬᠦᠯᠦᠯᠭᠡ ᠶᠢᠨ ᠲᠤᠭᠯᠠᠯᠳᠠ ᠶᠢᠨ ᠨᠢᠭᠡ ᠪᠤᠯᠤᠭᠰᠠᠨ‌‍ᠱᠠᠭ᠎ᠠ ᠎ ᠶᠢᠨ ᠣᠷᠤᠯᠳᠤᠭᠠᠨ ᠤ ᠠᠬᠤᠢ ᠲᠠᠯᠠᠪᠠᠢ ᠎ ᠳᠤ᠂ ᠪᠦᠬᠦ ᠣᠷᠤᠨ ᠤ ᠡᠯ᠎ᠡ  ᠭᠠᠵᠠᠷ ᠠᠴᠠ  ᠬᠦᠷᠦᠯᠴᠡᠨ  ᠢᠷᠡᠭᠰᠡᠨ  ᠱᠠᠭ᠎ᠠ‌ᠨᠠᠭᠠᠳᠤᠮ ᠤᠨ ᠪᠠᠭ᠋ᠠᠳᠠᠳ ᠭᠠᠷ ᠤᠨ ᠤᠷᠠᠨ ᠢᠶᠠᠨ ᠭᠠᠶᠢᠬᠠᠭᠤᠯᠤᠨ ᠣᠢ ᠪᠢᠯᠢᠭ ᠢᠶᠠᠨ ᠰᠤᠷᠢᠵᠦ᠂ ᠶᠡᠭᠡ ᠬᠥᠭᠵᠢᠶᠡᠡᠳᠡᠢ ᠪᠠᠶᠢᠯ᠎ᠠ᠃           ᠡᠨᠡ ᠵᠢᠯ ᠳᠠᠯᠠ ᠶᠢᠨ ᠳᠠᠪᠠᠭ᠎ᠠ ᠶᠢ ᠲᠥᠬᠦᠵᠦ ᠶᠠᠪᠤᠭ᠎ᠠ᠂ ᠣᠷᠳᠤᠰ ᠬᠤᠳᠠ ᠶᠢᠨ ᠣᠲᠤᠭ ᠬᠤᠰᠢᠭᠤᠨ ᠎ ᠤ ᠨᠤᠲᠤᠭ ‍ᠤᠨ‌‍ᠰᠤᠶᠤᠯ ᠤᠨ ᠵᠢᠳᠬᠦᠯᠳᠡᠨ ᠠᠷᠪᠢᠨᠪᠠᠶᠠᠷ ᠪᠠᠭᠰᠢ ᠣᠷᠳᠤᠰ ᠬᠤᠳᠠ ᠶᠢᠨ ᠱᠠᠭ᠎ᠠ ᠨᠠᠭᠠᠳᠤᠮ ᠤᠨ ᠲᠠᠮᠢᠷᠴᠢᠳ ᠤᠨ ᠰᠤᠷᠭᠠᠭᠴᠢ ᠪᠠᠷ‌ᠠᠵᠢᠯᠯᠠᠵᠦ ᠢᠷᠡᠭᠰᠡᠨ ᠪᠦᠭᠡᠳ ᠡᠨᠡ ᠣᠳᠠᠭ᠎ᠠ ᠠᠷᠠᠳ ᠤᠨ ᠤᠯᠠᠮᠵᠢᠯᠠᠯᠲᠤ ᠱᠠᠭ᠎ᠠ ᠨᠠᠭᠠᠳᠤᠮ ᠢ ᠦᠬᠡᠷᠡᠴᠢᠯᠡᠨ  ᠰᠢᠨᠡᠴᠢᠯᠡᠭᠰᠡᠨ︿ ᠱᠠᠭ᠎ᠠ  ᠬᠠᠷᠪᠤᠭ᠎ᠠ  ﹀᠂  ︿  ᠱᠠᠭ᠎ᠠ  ᠨᠢᠰᠤᠯᠠᠬᠤ  ﹀᠎   ᠵᠡᠷᠭᠡ  ᠬᠤᠶᠠᠷ  ᠲᠦᠷᠦᠯ ᠤᠨ  ᠱᠠᠭ᠎ᠠ  ᠨᠠᠭᠠᠳᠤᠮ ᠤᠨ  ᠪᠠᠭᠠᠵᠢ‌‍ᠲ᠋ᠥ᠋ᠬᠦᠬᠡᠷᠤᠮᠵᠢ ᠪᠠᠨ ᠠᠪᠴᠢᠷᠠᠵᠦ᠂ ᠨᠠᠭᠠᠳᠤᠬᠤ ᠠᠷᠭ᠎ᠠ ᠲᠥᠷᠢᠮ ᠤᠨ ᠲᠤᠬᠠᠢ ᠣᠯᠠᠨ ᠳᠠᠶᠠᠭᠠᠷ  ᠎ ᠲᠤ  ᠳᠡᠯᠭᠡᠭᠡᠨ  ᠬᠠᠷᠠᠭᠤᠯᠵᠦ᠂ᠪᠡᠶᠡᠴᠢᠯᠡᠨ ᠣᠶᠢᠯᠠᠭᠠᠭᠤᠯᠤᠭᠠᠳ᠂ ᠬᠦᠮᠤᠰ ᠤᠨ ᠮᠠᠭᠲᠠᠭᠠᠯ ᠰᠠᠶᠢᠰᠢᠶᠠᠯ ᠢ ᠣᠯᠣᠯ᠎ᠠ᠃            ᠱᠠᠭ᠎ᠠ ᠰᠤᠶᠤᠯ  ᠎ ᠶᠢ ᠣᠯᠠᠮᠵᠢᠯᠠᠨ ᠬᠦᠭᠵᠢᠬᠦᠯᠬᠦ ᠎ ᠶᠢᠨ ᠲᠥᠯᠦᠭᠡ  ᠠᠷᠪᠢᠨᠪᠠᠶᠠᠷ  ᠪᠠᠭᠰᠢ  ᠣᠯᠠᠨ  ᠵᠢᠯ ᠤᠨ  ᠲᠤᠷᠰᠢ‌‍ᠬᠦ᠋ᠴᠦ ᠰᠡᠳᠬᠢᠯ ᠢᠶᠠᠨ ᠵᠣᠷᠢᠭᠤᠯᠵᠦ᠂ ᠣᠷᠴᠢᠮ ᠤᠨ ᠵᠢᠯ ᠢᠶᠠᠷ ᠣᠷᠳᠤᠰ ᠬᠤᠳᠠ ᠶᠢᠨ ᠡᠯ᠎ᠡ  ᠬᠤᠰᠢᠭᠤ  ᠲᠤᠭᠤᠷᠢᠭ ᠤᠨ  20ᠭᠠᠷᠤᠢ ᠲᠤᠮᠳᠠᠳᠤ ᠪᠠᠭ᠎ᠠ ᠰᠤᠷᠭᠠᠭᠤᠯᠢ ᠎ ᠳᠤ ᠱᠠᠭ᠎ᠠ  ᠨᠠᠭᠠᠳᠤᠮ ᠤᠨ  ᠳᠤᠷ᠎ᠠ  ᠰᠣᠨᠢᠷᠬᠠᠯ ᠤᠨ  ᠬᠢᠴᠢᠶᠡᠯᠡᠯᠭᠡ  ᠬᠢᠵᠦ᠂  ᠤᠷᠢᠳ‌ᠬᠤᠵᠢᠳ ᠲᠥᠮᠡ ᠭᠠᠷᠤᠢ ᠰᠤᠷᠤᠭᠴᠢᠳ ᠎ ᠲᠤ ᠱᠠᠭ᠎ᠠ ᠨᠠᠭᠠᠳᠤᠮ ᠤᠨ ᠰᠤᠶᠤᠯ ᠢᠷᠬᠡᠨᠰᠢᠯ ᠢ ᠳᠡᠯᠬᠡᠷᠡᠬᠦᠯᠦᠨ ᠤᠯᠠᠮᠵᠢᠯᠠᠵᠦ᠂ ᠱᠠᠭ᠎ᠠ‌‍ᠰᠤᠶᠤᠯ ᠤᠨ ᠬᠤᠳᠠ ᠶᠢᠨ ᠳᠡᠰ ᠤᠨ ᠪᠤᠳᠠᠰ ᠤᠨ ᠪᠤᠰᠤ ᠰᠤᠶᠤᠯ ᠤᠨ ᠥᠪ ᠤᠨ ᠤᠯᠠᠮᠵᠢᠯᠠᠭᠴᠢ ᠶᠢᠨ ᠡᠬᠦᠷᠭᠡ  ᠲᠤᠰᠢᠶᠠᠯ ᠵᠶ᠋ᠠᠨ‌‍ᠰᠠᠶᠢᠳᠤᠷ ᠬᠦᠢᠴᠡᠳᠬᠡᠭᠰᠡᠭᠡᠷ ᠢᠷᠡᠵᠡᠢ᠃
 
ᠢᠷᠡᠯᠲᠡ᠄ ᠵᠢᠨᠢᠩ ᠲᠣᠭᠤᠷᠢᠭ ᠤᠨ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2