ᠮᠣᠩᠭᠤᠯ ᠦᠨᠳᠦᠰᠦᠲᠡᠨ ᠤ ᠣᠯᠠᠮᠵᠢᠯᠠᠯᠲᠣ ᠨᠣᠮᠤ ᠰᠣᠮᠣ ᠶᠢᠨ ᠡᠭᠦᠰᠦᠯ ᠬᠦᠭᠵᠢᠯ ᠤᠨ ᠲᠣᠬᠠᠢ ᠲᠦᠭᠦᠮ ᠦᠭᠦᠯᠡᠬᠦ ᠨᠢ
ᠨᠡᠶᠢᠲᠡᠯᠡᠭᠰᠡᠨ ᠴᠠᠭ᠄
2024/5/15
    ᠨᠢᠭᠡ᠂ ᠣᠯᠠᠮᠵᠢᠯᠠᠯᠲᠣ ᠨᠣᠮᠤ ᠰᠣᠮᠣ ᠶᠢᠨ ᠡᠭᠦᠰᠤᠯ     ᠮᠤᠨᠢ ᠠᠭᠤᠯᠠ ᠶᠢᠨ ᠬᠠᠳᠠᠨ ᠵᠢᠷᠤᠭ ᠪᠠ ᠴᠢᠯᠠᠭᠤᠨ ᠵᠡᠪᠰᠡᠭ ᠤᠨ ᠦᠶ᠎ᠡ ᠳᠤ ᠬᠦᠮᠤᠨ ᠲᠦᠷᠦᠯᠬᠢᠲᠡᠨ ᠨᠤᠮᠤ ᠰᠤᠮᠤ ᠶᠢ ᠡᠭᠦᠳᠴᠡᠢ ᠭᠡᠰᠡᠨ ᠢ ᠰᠤᠳᠤᠯᠭᠠᠲᠠᠳ ᠤᠨ ᠰᠤᠳᠤᠯᠤᠯ ᠨᠢᠭᠡᠨᠲᠡ ᠭᠡᠷᠡᠴᠢᠯᠡᠵᠡᠢ᠃ ᠮᠣᠩᠭᠤᠯ ᠣᠪᠣᠭ ᠠᠶᠢᠮᠠᠭ ᠤᠳ ᠨᠤᠮᠤ ᠰᠣᠮᠣ ᠶᠢ ᠰᠢᠨ᠎ᠡ ᠴᠢᠯᠠᠭᠤᠨ ᠵᠡᠪᠰᠡᠭ ᠤᠨ ᠦᠶ᠎ᠡ ᠠᠴᠠ ᠡᠬᠢᠯᠡᠨ ᠠᠪᠢᠶᠠᠰᠯᠢᠭ ᠴᠢᠳᠠᠮᠠᠭᠠᠢ ᠡᠵᠡᠮᠰᠢᠨ ᠬᠡᠷᠡᠭᠯᠡᠵᠦ ᠢᠷᠡᠭᠰᠡᠨ ᠭᠡᠳᠡᠭ᠃     ᠮᠣᠩᠭᠤᠯ ᠬᠡᠦᠬᠡᠳ ᠤᠳ ᠭᠤᠷᠪᠠ ᠳᠦᠷᠪᠡᠨ ᠨᠠᠰᠤᠨ ᠠᠴᠠ ᠪᠠᠨ ᠡᠬᠢᠯᠡᠵᠦ ᠪᠤᠷᠭᠠᠰᠤ ᠮᠣᠳᠣ ᠪᠠᠷ ᠬᠠᠪᠴᠢᠬᠠᠲᠠᠢ ᠨᠣᠮᠤ ᠬᠢᠵᠦ ᠬᠠᠷᠪᠤᠳᠠᠭ ᠨᠢ ᠮᠣᠩᠭᠤᠯ ᠤᠯᠠᠮᠵᠢᠯᠠᠯ ᠵᠠᠩᠰᠢᠯ ᠦᠪᠯᠡᠭᠳᠡᠵᠦ ᠶᠠᠪᠤᠭ᠎ᠠ ᠶᠢᠨ ᠰᠢᠨᠵᠢ ᠮᠦᠨ᠃ ᠨᠣᠮᠤ ᠰᠣᠮᠤ ᠶᠢ ᠦᠨᠳᠤᠰᠤᠳᠠᠨ ᠤ ᠰᠣᠶᠤᠯ ᠤᠨ ᠰᠠᠯᠣᠰᠢ ᠦᠭᠡᠢ ᠬᠡᠰᠡᠭ ᠭᠡᠵᠦ ᠦᠵᠡᠳᠡᠭ ᠤᠨ ᠤᠴᠢᠷ ᠠᠴᠠ ᠲᠦᠷᠦ ᠵᠠᠰᠠᠭ ᠪᠤᠶᠤ ᠡᠭᠡᠯ ᠲᠦᠮᠡᠨ ᠪᠠᠶᠢᠩᠭᠤ ᠠᠩᠬᠠᠷᠴᠤ᠂ ᠦᠪᠡᠷ ᠦᠪᠡᠷ ᠤᠨ ᠠᠷᠭ᠎ᠠ ᠠᠪᠴᠠᠯ ᠢᠶᠠᠷ ᠣᠯᠠᠮᠵᠢᠯᠠᠨ ᠬᠦᠭᠵᠢᠬᠦᠯᠵᠦ ᠪᠠᠶᠢᠳᠠᠭ᠃     ︵ᠨᠢᠭᠡ︶ ᠨᠤᠮᠣ ᠰᠣᠮᠣ ᠨᠢ ᠪᠠᠯᠠᠷ ᠡᠷᠲᠡᠨ ᠤ ᠴᠠᠭ ᠲᠤ ᠠᠮᠢᠲᠠᠨ ᠠᠷᠢᠶᠠᠲᠠᠨ ᠠᠴᠠ ᠪᠡᠶ᠎ᠡ ᠪᠠᠨ ᠬᠠᠮᠠᠭᠠᠯᠠᠬᠤ᠂ ᠭᠦᠷᠦᠭᠡᠰᠦ ᠠᠩᠨᠠᠬᠤ᠂ ᠨᠤᠳᠤᠬ ᠣᠷᠣᠨ ᠢᠶᠠᠨ ᠲᠠᠶᠢᠰᠣᠨ ᠠᠴᠠ ᠬᠠᠮᠠᠭᠠᠯᠠᠬᠤ ᠵᠡᠪᠰᠡᠭ ᠪᠠᠶᠢᠭᠰᠠᠨ ᠪᠣᠯ ᠣᠳᠣ ᠪᠣᠯᠬᠤ ᠳᠤ ᠪᠠᠶ᠎ᠡ ᠲᠠᠮᠢᠷ ᠤᠨ ᠰᠤᠶᠤᠯ ᠤᠨ ᠨᠢᠭᠡ ᠲᠦᠷᠦᠯ ᠪᠣᠯᠣᠨ ᠬᠦᠭᠵᠢᠨ ᠬᠤᠪᠢᠷᠠᠵᠠᠢ᠃ ᠡᠭᠦᠰᠦᠯ ᠭᠠᠷᠣᠯ ᠠᠴᠠ ᠨᠢ ᠠᠪᠴᠦ ᠦᠵᠡᠪᠡᠯ᠂ ᠬᠠᠯᠬ᠎ᠠ ᠬᠠᠷᠪᠣᠭᠠᠨ ᠤ ᠨᠣᠮᠤ ᠨᠢ ᠣᠷᠲᠣ ᠬᠢᠴᠢᠷᠲᠠᠢ᠂ ᠡᠪᠡᠷ ᠡᠯᠢᠭᠡᠲᠡᠢ᠂ ᠰᠢᠷᠮᠦᠰᠦᠨ ᠠᠷᠣ ᠲᠠᠢ︔ ᠪᠣᠷᠢᠶᠠᠳ ᠬᠠᠷᠪᠣᠭᠠᠨ ᠤ ᠨᠣᠮᠤ ᠨᠢ ᠬᠢᠴᠢᠷ ᠪᠣᠭᠤᠨᠢᠲᠠᠢ᠂ ᠬᠠᠶᠢᠭᠤᠯᠭᠦᠢ᠂ ᠡᠪᠡᠷ ᠡᠯᠢᠭᠡᠲᠠᠢ︔ ᠣᠷᠢᠶᠠᠩᠬᠠᠢ ᠨᠣᠮᠤ ᠨᠢ 2m ᠣᠷᠲᠣ ᠬᠤᠰᠤ ᠮᠣᠳᠣᠨ ᠤ ᠬᠤᠶᠠᠷ ᠦᠵᠦᠭᠦᠷ ᠲᠤ ᠬᠡᠷᠴᠢᠭᠡᠰᠦ ᠭᠠᠷᠭᠠᠨ ᠬᠦᠪᠴᠢᠯᠡᠳᠡᠭ ᠮᠣᠳᠣᠨ ᠨᠣᠮᠤ ᠲᠠᠢ᠃ ᠰᠡᠭᠦᠯ ᠤᠨ ᠦᠶ᠎ᠡ ᠳᠤ ᠪᠣᠷᠢᠶᠠᠳ᠂ ᠣᠷᠢᠶᠠᠩᠬᠠᠢ ᠬᠠᠷᠪᠣᠭ᠎ᠠ ᠨᠢ ᠬᠠᠯᠬ᠎ᠠ ᠡᠪᠡᠷ ᠡᠯᠢᠭᠡᠲᠠᠢ᠂ ᠰᠢᠷᠮᠦᠰᠦᠨ ᠠᠷᠣ ᠲᠠᠢ ᠨᠤᠮᠣ ᠪᠠᠷ ᠭᠤᠣᠯᠯᠠᠨ ᠬᠠᠷᠪᠣᠵᠣ ᠪᠠᠶᠢᠨ᠎ᠠ᠃ ᠡᠨᠡ ᠭᠤᠷᠪᠠᠨ ᠬᠠᠷᠪᠣᠭ᠎ᠠ ᠶᠢᠨ ᠬᠠᠷᠪᠣᠬᠤ ᠵᠠᠢ᠂ ᠣᠨᠣᠬᠤ ᠫᠠᠢ᠂ ᠬᠠᠷᠪᠣᠭᠠᠨ ᠤ ᠲᠢᠭ ᠵᠢᠷᠣᠮ ᠨᠢ ᠦᠪᠡᠷ ᠦᠪᠡᠷ ᠤᠨ ᠦᠪᠡᠷᠮᠢᠴᠠ ᠣᠨᠴᠠᠯᠢᠭ ᠢ ᠬᠠᠷᠠᠭᠤᠯᠣᠭᠰᠠᠨ ᠬᠤᠪᠴᠠᠰᠣ ᠵᠠᠰᠠᠯ ᠲᠠᠢ᠂ ᠬᠠᠮᠲᠣ ᠶᠢᠨ ᠪᠠ ᠬᠤᠪᠢ ᠬᠦᠮᠦᠨ ᠤ ᠬᠠᠷᠪᠣᠭ᠎ᠠ ᠨᠢ ᠦᠪᠡᠷᠮᠢᠴᠠ ᠠᠷᠭ᠎ᠠ ᠠᠪᠴᠠᠯ ᠣᠯᠠᠮᠵᠢᠯᠠᠯ ᠲᠠᠢ ᠪᠠᠶᠢᠳᠠᠬ᠃ ᠦᠨᠳᠦᠰᠦᠲᠡᠨ ᠤ ᠰᠤᠷ ᠤᠨ ᠬᠠᠷᠪᠤᠭᠠᠨ ᠤ ᠨᠣᠮᠤ ᠰᠤᠮᠤ ᠨᠢ ᠮᠠᠨ ᠤ ᠡᠷᠲᠡᠨ ᠤ ᠣᠯᠠᠮᠵᠢᠯᠠᠯᠲᠣ ᠰᠣᠶᠤᠯ ᠵᠠᠩᠰᠢᠯ᠂ ᠵᠠᠩ ᠦᠢᠯᠡ ᠶᠢᠨ ᠢᠯᠡᠷᠬᠡᠶᠢᠯᠡᠯ ᠶᠠᠭᠠᠬᠢᠬᠤ ᠠᠷᠭ᠎ᠠ ᠦᠭᠡᠢ ᠮᠦᠨ ᠪᠢᠯᠡ᠃ ᠣᠯᠠᠨ ᠮᠢᠩᠭᠠᠨ ᠵᠢᠯ ᠤᠨ ᠳᠡᠷᠲᠡᠭᠡ ᠠᠴᠠ ᠦᠪᠯᠡᠭᠳᠡᠨ ᠨᠣᠮᠤ ᠰᠤᠮᠤ ᠨᠢ ᠴᠠᠭ ᠦᠶ᠎ᠡ ᠲᠠᠢ ᠪᠠᠨ ᠣᠶᠠᠯᠳᠣᠨ ᠬᠦᠭᠵᠢᠵᠦ ᠢᠷᠡᠭᠰᠡᠨ ᠲᠡᠦᠬᠡᠨ ᠤᠯᠠᠮᠵᠢᠯᠠᠯᠲᠠᠢ ᠠᠷᠠᠳ ᠤᠨ ᠭᠠᠷ ᠤᠷᠠᠯᠠᠯ ᠮᠦᠨ᠃     ︵ᠬᠤᠶᠠᠷ︶ ᠠᠯᠢ ᠡᠷᠳᠠ ᠮᠣᠩᠭᠤᠯ ᠭᠠᠷ ᠤᠷᠠᠴᠤᠳ ᠤᠨ ᠨᠤᠮᠤ ᠰᠤᠮᠤ ᠬᠢᠭᠰᠡᠨ ᠵᠣᠷᠢᠯᠭ᠎ᠠ ᠨᠢ ᠠᠩ ᠠᠪᠠ ᠬᠢᠬᠦ᠂ ᠨᠤᠳᠤᠬ ᠣᠷᠣᠨ ᠢᠶᠠᠨ ᠬᠠᠷᠢ ᠶᠢᠨ ᠳᠠᠶᠢᠰᠤᠨ ᠠᠴᠠ ᠬᠠᠮᠠᠭᠠᠯᠠᠬᠤ ᠶᠢᠨ ᠲᠦᠯᠦᠭᠡ ᠨᠡᠭᠦᠳᠡᠯᠴᠢᠨ ᠮᠣᠩᠭᠤᠯ ᠤᠨ ᠠᠬᠤᠢ ᠨᠦᠬᠦᠴᠡᠯ ᠳᠤ ᠵᠣᠬᠢᠴᠠᠭᠰᠠᠨ ᠮᠣᠷᠢᠨ ᠳᠡᠭᠡᠷ᠎ᠡ ᠠᠴᠠ ᠬᠠᠷᠪᠤᠬᠤ᠂ ᠨᠠᠮᠨᠠᠬᠤ ᠦᠢᠯᠠᠳᠦᠯ ᠬᠢᠬᠦ ᠪᠣᠯᠤᠮᠵᠢᠲᠠᠢ ᠪᠠᠶᠢᠭᠰᠠᠨ ᠢᠶᠠᠷ ᠢᠶᠠᠨ ᠣᠨᠴᠠᠯᠢᠭ ᠲᠠᠢ᠃ ᠡᠷᠲᠡᠨ ᠤ ᠮᠣᠩᠭᠤᠯᠴᠤᠳ ᠦᠪᠡᠷᠰᠡᠳ ᠤᠨ ᠡᠳ᠋ᠯᠡᠵᠦ ᠬᠡᠷᠡᠭᠯᠡᠵᠦ ᠪᠠᠶᠢᠭᠰᠠᠨ ᠭᠠᠷ ᠳᠤ ᠬᠢ ᠮᠠᠲ᠋ᠧᠷᠢᠶᠠᠯ ᠢᠶᠠᠨ ᠠᠰᠢᠭᠯᠠᠨ ᠨᠣᠮᠤ ᠰᠣᠮᠤ ᠶᠢ ᠤᠷᠠᠯᠠᠨ ᠪᠦᠲᠦᠭᠡᠵᠦ ᠪᠠᠶᠢᠵᠠᠢ᠃ ᠲᠤᠬᠠᠶᠢᠯᠠᠪᠠᠯ᠄ ᠶᠡᠭᠡ ᠪᠡᠶ᠎ᠡ ᠶᠢ ᠬᠤᠰᠤ᠂ ᠬᠠᠷ᠎ᠠ ᠮᠣᠳᠣ᠂ ᠦᠬᠡᠷ ᠤᠨ ᠡᠪᠡᠷ᠂ ᠪᠣᠲᠠ ᠶᠢᠨ ᠰᠢᠷᠪᠦᠰᠦ ᠪᠠᠷ᠂ ᠨᠣᠮᠤᠨ ᠤ ᠬᠦᠪᠴᠢ ᠶᠢ ᠪᠣᠳᠠ ᠮᠠᠯ ᠤᠨ ᠦᠯᠦᠨ ᠭᠡᠳᠡᠰᠦ ᠮᠣᠰᠭᠢᠨ ᠬᠠᠲᠠᠭᠠᠭᠠᠳ ᠬᠢᠵᠦ ᠪᠠᠶᠢᠭᠰᠠᠨ᠃ ᠰᠣᠮᠤ ᠶᠢ ᠨᠢ ᠰᠢᠯᠤᠭᠤᠬᠠᠨ ᠮᠣᠳᠤ ᠶᠢᠨ ᠦᠵᠦᠭᠦᠷ ᠲᠤ ᠴᠢᠯᠠᠭᠤᠨ ᠵᠡᠪᠡ ᠪᠣᠶᠤ ᠬᠦᠷᠡᠯ ᠲᠠᠮᠦᠷ ᠵᠡᠪᠡ ᠪᠠᠷ ᠬᠢᠵᠦ ᠪᠦᠲᠦᠭᠡᠵᠡᠢ᠃     ᠨᠣᠮᠤ ᠰᠣᠮᠣ ᠨᠢ ᠠᠰᠤᠷᠦ ᠡᠷᠲᠡᠨ ᠤ ᠲᠡᠦᠬᠡ ᠲᠠᠢ ᠪᠦᠭᠡᠳ ᠨᠠᠶᠢᠭᠡᠮ ᠤᠨ ᠬᠦᠭᠵᠢᠯᠲᠡ ᠶᠢ ᠳᠠᠭᠠᠯᠳᠣᠨ ᠣᠯᠠᠮᠵᠢᠯᠠᠯ ᠢᠶᠠᠨ ᠠᠯᠳᠠᠭ᠎ᠠ ᠦᠭᠡᠢ ᠮᠦᠷᠲᠡᠭᠡᠨ ᠤᠯᠠᠮ ᠪᠣᠯᠪᠠᠰᠣᠷᠠᠩᠭᠤᠢ ᠪᠣᠯᠤᠨ ᠬᠦᠭᠵᠢᠵᠦ ᠢᠷᠡᠭᠰᠡᠨ ᠶᠤᠮ᠃ ᠨᠤᠮᠤ ᠨᠢ ᠴᠢᠨᠠᠷ ᠪᠦᠲᠦᠴᠡ᠂ ᠬᠡᠪ ᠵᠠᠭᠪᠣᠷ ᠤᠨ ᠬᠤᠪᠢ ᠳᠤ ᠮᠤᠩᠭᠤᠯ ᠳᠤ 1990 ᠣᠨ ᠬᠦᠷᠲᠡᠯ᠎ᠡ ᠲᠡᠭᠡᠷ᠎ᠡ ᠦᠶ᠎ᠡ ᠶᠢᠨ ᠡᠪᠡᠷ ᠵᠠᠭᠪᠣᠷ ᠢᠶᠠᠨ ᠵᠠᠯᠭᠠᠮᠵᠢᠯᠠᠵᠣ ᠢᠷᠡᠵᠠᠢ᠃ 1960 ᠣᠨ ᠠᠴᠠ ᠤᠯᠠᠮᠵᠢᠯᠠᠯᠲᠤ ᠨᠣᠮᠤ ᠰᠣᠮᠤ ᠶᠢ ᠣᠷᠤᠨ ᠨᠣᠲᠤᠭ ᠲᠤ ᠤᠷᠠᠯᠠᠨ ᠬᠢᠬᠦ ᠠᠵᠢᠯ ᠰᠡᠷᠭᠦᠵᠦ ᠢᠷᠡᠭᠰᠡᠨ ᠶᠤᠮ᠃ ᠦᠪᠦᠷ ᠮᠤᠩᠭᠤᠯ ᠤᠷᠤᠨ ᠳᠤ 2000 ᠤᠨ ᠠᠴᠠ ᠨᠠᠭᠠᠰᠢ ᠨᠤᠮᠤ ᠰᠤᠮᠤ ᠬᠢᠬᠦ ᠬᠦᠮᠤᠨ ᠤᠯᠠᠨ ᠪᠤᠯᠵᠠᠢ᠃ ᠵᠢᠱᠢᠶᠡᠯᠡᠪᠡᠯ᠂ ᠪᠠᠷᠠᠭᠤᠨ ᠪᠠᠭᠠᠷᠢᠨ ᠤ ᠰᠡᠴᠡᠨᠮᠦ᠋ᠩᠭᠡ ᠵᠡᠷᠭᠡ ᠠᠷᠠᠳ ᠤᠨ ᠳᠤᠮᠳᠠᠬᠢ ᠭᠠᠷ ᠤᠷᠠᠯᠢᠬᠴᠢᠨ ᠤᠯᠠᠮ ᠢᠶᠠᠷ ᠤᠯᠠᠰᠢᠷᠠᠵᠤ ᠪᠠᠶᠢᠨ᠎ᠠ᠃     ᠮᠣᠩᠭᠤᠯ ᠦᠨᠳᠤᠰᠦᠲᠡᠨ ᠤ ᠣᠯᠠᠮᠵᠢᠯᠠᠯᠲᠣ ᠨᠣᠮᠤ ᠰᠣᠮᠣ ᠶᠢ ᠳᠡᠭᠡᠷ᠎ᠡ ᠦᠶ᠎ᠡ ᠠᠴᠠ ᠮᠣᠩᠭᠤᠯᠴᠣᠳ ᠦᠪᠡᠷᠰᠡᠳ ᠢᠶᠠᠨ ᠰᠠᠨᠠᠭᠠᠴᠢᠯᠠᠨ ᠬᠦᠴᠦ ᠴᠢᠳᠠᠯ ᠢ ᠨᠢ ᠰᠠᠶᠢᠵᠢᠷᠠᠭᠤᠯᠬᠤ᠂ ᠰᠣᠮᠣᠨ ᠤ ᠲᠣᠰᠣᠯᠲᠠ ᠶᠢ ᠬᠤᠯᠠ ᠪᠣᠯᠭᠠᠬᠤ ᠭᠡᠵᠦ ᠣᠯᠠᠨ ᠵᠦᠢᠯ ᠢ ᠰᠢᠨᠠᠴᠢᠯᠠᠵᠣ ᠢᠷᠡᠭᠰᠡᠨ ᠶᠤᠮ᠃     ᠬᠤᠶᠠᠷ᠂ ᠣᠯᠠᠮᠵᠢᠯᠠᠯᠲᠣ ᠨᠣᠮᠤ ᠰᠣᠮᠣ ᠶᠢᠨ ᠬᠢᠴᠡ     ︵ᠨᠢᠭᠡ︶ ︽ᠪᠠᠯᠠᠷ ᠡᠷᠲᠡᠨ ᠤ ᠠᠩᠴᠢᠳ ᠠᠷᠢᠶᠠᠲᠠᠨ ᠤ ᠠᠷᠠᠰᠦ ᠪᠠᠷ ᠪᠡᠶ᠎ᠡ ᠪᠠᠨ ᠬᠤᠪᠴᠠᠯᠠᠵᠤ᠂ ᠴᠢᠯᠠᠭᠤᠨ ᠦᠵᠦᠭᠦᠷ ᠲᠠᠢ ᠠᠩ ᠤᠨ ᠵᠢᠳᠠ ᠪᠠᠨ ᠪᠠᠷᠢᠵᠠᠭᠠᠨ᠂ ᠰᠠᠬᠤᠯᠢᠭ ᠭᠦᠨ ᠤᠢ ᠬᠦᠪᠴᠢ ᠪᠠᠷ ᠠᠩᠨᠠᠵᠦ ᠪᠠᠶᠢᠭᠠᠳ ᠨᠢᠭᠡ ᠠᠩᠴᠢᠨ ᠨᠢ ᠨᠠᠷᠢᠬᠠᠨ ᠪᠦᠭᠳᠦᠷ ᠬᠡᠪᠲᠡᠭᠡ ᠤᠷᠭᠤᠭᠰᠠᠨ ᠮᠤᠳᠤᠨ ᠳᠤ ᠤᠷᠢᠶᠠᠩᠭᠤ ᠡᠪᠡᠰᠦ ᠤᠷᠢᠶᠠᠨ ᠵᠠᠯᠠᠯᠠᠵᠤ ᠤᠷᠤᠭᠰᠢ ᠶᠠᠪᠤᠬᠤ ᠳᠤ ᠨᠢ ᠰᠠᠭᠠᠳ ᠪᠤᠯᠤᠭᠰᠠᠨ ᠠᠴᠠ ᠲᠡᠷᠡ ᠮᠤᠳᠤᠨ ᠤ ᠳᠡᠭᠡᠷ᠎ᠡ ᠵᠢᠳᠠ ᠪᠠᠨ ᠬᠦᠨᠳᠡᠯᠡᠨ ᠲᠠᠯᠪᠢᠵᠤ ᠂ ᠵᠢᠳᠠᠨ ᠡᠰᠢᠨ ᠤ ᠤᠭ ᠪᠠ ᠤᠷᠢᠶᠠᠩᠭᠤ ᠡᠪᠡᠰᠤ ᠶᠢ ᠬᠠᠮᠳᠦ ᠳᠤ ᠨᠢ ᠮᠦᠴᠢᠳ ᠠᠳᠬᠤᠨ᠂ ᠠᠭᠠᠵᠢᠮ ᠰᠢᠬ ᠬᠦᠴᠦᠯᠡᠨ ᠴᠢᠩᠭᠠᠵᠦ ᠲᠠᠰᠤᠯᠬᠤ ᠭᠡᠰᠡᠨ ᠳᠤ ᠰᠠᠨᠠᠮᠰᠠᠷ ᠦᠭᠡᠢ ᠭᠠᠷ ᠠᠴᠠ ᠨᠢ ᠮᠤᠯᠳᠤᠷᠠᠵᠦ᠂ ᠵᠢᠳᠠ ᠨᠢ ᠤᠷᠢᠶᠠᠩᠭᠤ ᠡᠪᠡᠰᠦᠨ ᠳᠤ ᠬᠦᠪᠴᠢᠯᠡᠭᠳᠡᠨ ᠲᠡᠷᠡ ᠬᠤᠯᠠ ᠱᠤᠤᠭᠢᠨ ᠶᠠᠪᠤᠯ᠎ᠠ᠃ ᠡᠭᠦᠨ ᠢ ᠠᠩᠴᠢᠳ ᠶᠡᠭᠡ ᠯᠡ ᠭᠠᠶᠢᠬᠠᠵᠠᠭᠠᠪᠠ︕ ᠶᠠᠮᠠᠷ ᠬᠦᠴᠦᠨ ᠵᠢᠳᠠ ᠶᠢ ᠲᠡᠶᠢᠮᠦ ᠬᠤᠯᠠ ᠬᠠᠷᠪᠤᠵᠤ ᠶᠠᠪᠤᠭᠤᠯᠤᠭᠰᠠᠨ ᠢ ᠳᠠᠬᠢᠨ ᠳᠤᠷᠰᠢᠵᠤ ᠮᠡᠳᠡᠭᠡᠳ ᠨᠤᠮᠤ ᠰᠤᠮᠤ ᠶᠢ ᠡᠬᠢᠯᠡᠨ ᠡᠭᠦᠳᠵᠡᠢ︾ ᠬᠡᠮᠡᠨ ᠵᠢᠱᠢᠵᠦ ᠪᠤᠯᠬᠤ ᠶᠤᠮ᠃ [1] ᠬᠦᠮᠦᠨ ᠨᠡᠶᠢᠭᠡᠮ ᠤᠨ ᠬᠦᠭᠵᠢᠯ ᠤᠨ ᠲᠡᠦᠬᠡᠨ ᠠᠴᠠ ᠦᠵᠡᠬᠦ ᠳᠤ ᠳᠡᠯᠡᠬᠡᠢ ᠶᠢᠨ ᠣᠯᠠᠨ ᠣᠯᠣᠰ ᠭᠦᠷᠦᠨ ᠨᠦᠭᠦᠳ ︽ᠬᠠᠪᠴᠢᠬᠠᠢ︾ ᠨᠣᠮᠤ ᠬᠢᠳᠡᠭ ᠪᠠᠶᠢᠭᠰᠠᠨ ᠳᠣᠲᠣᠷ᠎ᠠ ᠠᠴᠠ ᠮᠣᠩᠭᠤᠯᠴᠣᠳ ᠬᠠᠪᠴᠢᠬᠠᠢ ᠨᠣᠮᠤ ᠶᠢ ᠰᠢᠨ᠎ᠡ ᠴᠢᠯᠠᠭᠤᠨ ᠵᠡᠪᠰᠡᠭ ᠤᠨ ᠦᠶ᠎ᠡ ᠠᠴᠠ ᠪᠣᠰᠣᠳ ᠣᠷᠣᠨ ᠨᠤᠭᠤᠳ ᠲᠠᠢ ᠵᠡᠷᠭᠡᠴᠡᠭᠡ ᠪᠠᠷ ᠬᠢᠵᠦ ᠡᠬᠢᠯᠡᠭᠰᠡᠨ ᠶᠤᠮ᠃ ᠨᠤᠮᠤ ᠶᠢ ᠠᠩᠬ᠎ᠠ ᠨᠠᠷᠢᠨ ᠰᠠᠯᠠᠭ᠎ᠠ ᠮᠣᠳᠣᠨ ᠤ ᠬᠤᠶᠠᠷ ᠦᠵᠦᠭᠦᠷ ᠲᠤ ᠤᠨᠢ ᠭᠠᠷᠭᠠᠵᠣ ᠲᠣᠷᠭᠤᠨ ᠦᠢᠯᠡᠳᠦᠵᠦ ᠪᠠᠶᠢᠭᠰᠠᠨ ᠪᠣᠯ ᠶᠠᠪᠣᠭᠠᠨ ᠳᠠᠭᠠᠨ ᠡᠪᠡᠷ᠂ ᠶᠠᠰᠣᠨ ᠨᠠᠭᠠᠯᠲᠠ ᠬᠢᠵᠦ ᠬᠦᠭᠵᠢᠭᠦᠯᠦᠨ ᠬᠡᠷᠡᠭᠯᠡᠬᠦ ᠪᠣᠯᠵᠠᠢ᠃ ᠡᠪᠡᠷ ᠡᠯᠢᠭᠡᠲᠠᠢ᠂ ᠰᠢᠷᠮᠦᠰᠦᠨ ᠠᠷᠣ ᠲᠠᠢ ᠨᠣᠮᠤ ᠬᠢᠬᠦ ᠪᠣᠯᠣᠭᠰᠠᠨ ᠨᠢ ᠨᠣᠮᠤ ᠶᠢᠨ ᠬᠦᠴᠦ ᠴᠢᠳᠠᠯ ᠢ ᠳᠡᠭᠡᠭᠰᠢᠯᠡᠭᠦᠯᠦᠭᠰᠡᠨ ᠪᠠᠶᠢᠨ᠎ᠠ᠃ ᠮᠦᠨ ᠰᠣᠮᠣ ᠶᠢᠨ ᠳᠦᠷᠪᠡᠨ ᠲᠠᠯ᠎ᠠ ᠶᠢ ᠨᠢ ᠣᠳᠣᠲᠠᠢ ᠪᠣᠯᠭᠠᠵᠣ ᠶᠠᠩᠵᠣ ᠪᠦᠷᠢ ᠶᠢᠨ ᠬᠡᠯᠪᠡᠷᠢᠲᠡᠢ ᠬᠢᠭᠰᠡᠨ ᠨᠢ ᠰᠣᠮᠣ ᠲᠣᠰᠬᠤ ᠬᠤᠯᠡ ᠶᠢᠨ ᠵᠠᠢ ᠶᠢ ᠨᠡᠮᠡᠭᠳᠡᠭᠦᠯᠵᠡᠢ᠃     ︵ᠬᠤᠶᠠᠷ︶ ᠾᠦᠩᠨᠦ ᠶᠢᠨ ᠦᠶ᠎ᠡ ᠳᠤ ᠨᠤᠮᠤ ᠨᠢ ᠪᠠᠷᠢᠭᠤᠯ ᠤᠨ ᠬᠡᠰᠡᠭ ᠲᠤ ᠳᠣᠲᠣᠷ ᠲᠠᠯ᠎ᠠ ᠨᠢ ᠡᠪᠡᠷ ᠨᠠᠭᠠᠳᠠᠭ᠂ ᠶᠠᠰᠣᠨ ᠨᠠᠭᠠᠯᠲᠠᠲᠠᠢ ᠨᠤᠮᠣ ᠬᠡᠷᠡᠭᠯᠡᠵᠦ ᠪᠠᠶᠢᠭᠰᠠᠨ ᠪᠦᠭᠡᠳ ᠨᠣᠮᠤ ᠶᠢᠨ ᠤᠷᠲᠤ ᠨᠢ 140~160cm ᠪᠠᠶᠢᠵᠠᠢ ᠭᠡᠳᠡᠭ᠃ ᠮᠣᠩᠭᠤᠯ ᠨᠣᠮᠤ ᠶᠢ ᠳᠡᠭᠡᠷ᠎ᠡ ᠦᠶ᠎ᠡ ᠳᠤ ᠮᠠᠯ ᠤᠨ ᠠᠷᠠᠰᠤ ᠰᠢᠷᠢ ᠶᠢ ᠪᠣᠯᠪᠠᠰᠤᠷᠠᠭᠤᠯᠤᠭᠰᠠᠨ ᠴᠠᠪᠠᠭᠤ ᠪᠠᠷ ᠬᠢᠵᠦ ᠪᠠᠶᠢᠭᠰᠠᠨ᠃ ᠮᠣᠩᠭᠤᠯ ᠳᠠᠷᠬᠠᠴᠤᠳ ︵ᠨᠣᠮᠤ ᠤᠷᠠᠯᠢᠬᠴᠢᠳ︶᠎ ᠤᠨ ᠤᠷᠠᠯᠠᠭᠰᠠᠨ ᠨᠣᠮᠤ ᠨᠢ ᠮᠠᠯ ᠤᠨ ᠭᠠᠷᠤᠯᠲᠠᠢ ᠲᠦᠭᠦᠬᠡᠢ ᠡᠳ᠋ ᠪᠠᠷ ᠬᠢᠭᠰᠡᠨ ᠪᠠᠶᠢᠳᠠᠭ ᠤᠴᠢᠷ ᠠᠴᠠ ᠬᠠᠯᠠᠭᠤᠨ ᠳᠤ ᠵᠦᠭᠡᠯᠡᠷᠠᠵᠤ᠂ ᠰᠡᠷᠢᠭᠦᠨ ᠳᠤ ᠬᠠᠲᠠᠭᠤᠷᠠᠵᠤ ᠬᠤᠪᠢᠷᠠᠳᠠᠭ᠃     ︵ᠭᠤᠷᠪᠠ︶ ᠤᠳᠤ ᠦᠶ᠎ᠡ ᠳᠤ᠂ ᠨᠤᠮᠤ ᠬᠢᠬᠦ ᠳᠤ ᠤᠷᠢᠳᠠᠪᠠᠷ ᠳᠠᠩᠰᠠ ᠪᠤᠶᠤ ᠬᠤᠯᠤᠰᠤᠨ ᠮᠤᠳᠦ ᠶᠢ ᠵᠦᠰᠤᠨ ᠂ ᠬᠡᠮᠵᠢᠶ᠎ᠡ ᠪᠠᠷ ᠠᠳᠠᠯᠢ ᠬᠤᠶᠠᠷ ᠵᠤᠷᠪᠤᠰ ᠤᠭᠲᠤᠯᠤᠨ ᠠᠪᠴᠦ ᠵᠤᠷᠭᠤᠨ ᠵᠠᠰᠠᠭᠠᠳ᠂ ᠨᠢᠭᠡ ᠲᠠᠯ᠎ᠠ ᠳᠤ ᠨᠢ ᠲᠡᠭᠦᠨ ᠲᠠᠢ ᠠᠳᠠᠯᠢ ᠵᠠᠰᠠᠭᠰᠠᠨ ᠡᠪᠡᠷ ᠢᠶᠠᠨ ᠵᠢᠭᠠᠰᠤᠨ ᠭᠡᠳᠡᠰᠤ ᠪᠠᠷ ᠬᠢᠭᠰᠡᠨ ᠴᠠᠪᠠᠤ ᠪᠠᠷ ᠨᠠᠭᠠᠨ᠎ᠠ᠃ ᠡᠨᠡ ᠭᠦ ᠲᠠᠯ᠎ᠠ ᠶᠢ ᠨᠤᠮᠤ ᠶᠢᠨ ᠡᠯᠢᠭᠡ ᠭᠡᠨ᠎ᠡ᠃ ᠨᠦᠭᠦᠭᠡ ᠲᠠᠯ᠎ᠠ ᠳᠤ ᠨᠢ ᠮᠤᠷᠢᠨ ᠤ ᠵᠥ᠋ ᠳᠠᠭᠠᠭᠰᠠᠨ ᠰᠢᠷᠪᠦᠰᠦ ᠶᠢ ᠮᠤᠳᠤᠨ ᠳᠦᠰᠢ ᠳᠡᠭᠡᠷ᠎ᠡ ᠲᠠᠯᠪᠢᠵᠤ ᠮᠤᠳᠦ ᠪᠠᠷ ᠬᠦᠪᠢᠭᠡᠳ᠂ ᠳᠠᠬᠢᠨ ᠲᠡᠮᠦᠷ ᠳᠦᠰᠢ ᠳᠡᠭᠡᠷ᠎ᠡ ᠲᠠᠯᠪᠢᠵᠤ ᠲᠡᠮᠦᠷ ᠰᠦᠬᠡ ᠪᠠᠷ ᠰᠠᠶᠢᠲᠤᠷ ᠭᠦᠪᠢᠵᠤ ᠨᠠᠷᠢᠨ ᠰᠢᠷᠭᠡᠭ ᠪᠣᠯᠭᠠᠨ ᠵᠢᠭᠠᠰᠤᠨ ᠭᠡᠳᠡᠰᠤᠨ ᠴᠠᠪᠠᠤ ᠪᠠᠷ ᠭᠤᠷᠪᠠᠨ ᠮᠦᠷ ᠨᠠᠭᠠᠨ᠎ᠠ᠃ ᠡᠨᠡ ᠭᠦ ᠲᠠᠯ᠎ᠠ ᠶᠢ ᠨᠤᠮᠤ ᠶᠢᠨ ᠠᠷᠤ ᠭᠡᠨ᠎ᠡ᠃ ᠲᠡᠭᠦᠨ ᠤ ᠳᠡᠭᠡᠷ᠎ᠡ ᠨᠢ ᠮᠤᠭᠠᠢ ᠶᠢᠨ ᠠᠷᠠᠰᠤ ᠨᠠᠭᠠᠨ᠎ᠠ︔ ᠡᠨᠡ ᠨᠢ ᠴᠢᠭᠢᠭ ᠠᠴᠠ ᠬᠠᠮᠠᠭᠠᠯᠠᠬᠤ ᠦᠢᠯᠡᠳᠤᠯ ᠲᠠᠢ᠃ ᠢᠩᠬᠢᠭᠡᠳ ᠡᠨᠡ ᠬᠤᠶᠠᠷ ᠤᠨ ᠳᠤᠮᠳᠠᠬᠢ ᠠᠭᠤᠯᠵᠠᠷ ᠲᠤ ᠲᠡᠮᠡᠭᠡᠨ ᠰᠢᠯᠪᠢ ᠪᠤᠶᠤ ᠦᠬᠡᠷ ᠤᠨ ᠰᠢᠯᠪᠢ ᠶᠢᠨ ᠶᠠᠰᠤ ᠪᠠᠷ ᠪᠠᠷᠢᠭᠤᠯ ᠬᠢᠵᠤ᠂ ᠲᠡᠭᠦᠨ ᠤ ᠭᠠᠳᠠᠭᠤᠷ ᠵᠦᠭᠡᠯᠡᠨ ᠮᠤᠳᠤᠨ ᠦᠷᠦᠪᠳᠡᠰᠦ ᠶᠢ ᠴᠠᠪᠠᠤ ᠲᠠᠢ ᠵᠢᠭᠤᠷᠠᠨ ᠰᠢᠪᠠᠵᠤ᠂ ᠬᠤᠶᠠᠷ ᠦᠵᠤᠭᠦᠷ ᠲᠤ ᠨᠢ ᠤᠯᠠᠭᠠᠨ ᠬᠤᠰᠤ ᠪᠠᠷ ᠬᠢᠭᠰᠡᠨ ᠬᠢᠴᠢᠷ ᠵᠠᠯᠭᠠᠨ᠎ᠠ︔ ᠪᠤᠭᠤᠨ ᠡᠪᠡᠷ ᠤᠨ ᠰᠠᠭᠤᠷᠢ ᠪᠠᠷ ᠦᠨᠳᠤᠷ ᠨᠢ 15cm᠂ ᠤᠷᠲᠤ ᠨᠢ 5~6cm᠎ ᠤᠨ ᠶᠤᠸᠠᠮᠪᠤᠤ ᠬᠡᠯᠪᠡᠷᠢᠲᠠᠢ ᠲᠡᠪᠭᠡ ᠦᠢᠯᠡᠳᠴᠦ᠂ ᠬᠤᠶᠠᠷ ᠲᠠᠯ᠎ᠠ ᠳᠤ ᠨᠢ ᠨᠦᠬᠡᠯᠡᠵᠤ᠂ ᠨᠤᠮᠤ ᠶᠢᠨ ᠡᠯᠢᠭᠡᠨ ᠲᠠᠯ᠎ᠠ ᠳᠤ ᠬᠢᠴᠢᠷ ᠤᠨ ᠤᠭ ᠲᠤ ᠨᠢ ᠤᠶᠠᠨ᠎ᠠ᠃ ᠲᠡᠭᠡᠭᠡᠳ ᠨᠤᠮᠤᠨ ᠳᠡᠭᠡᠷ᠎ᠡ ᠪᠠᠨ ᠬᠡ ᠤᠭᠠᠯᠵᠠ ᠰᠠᠶᠢᠯᠳᠡᠭ᠃ [2]     ᠭᠤᠷᠪᠠ᠂ ᠣᠯᠠᠮᠵᠢᠯᠠᠯᠲᠣ ᠨᠣᠮᠤ ᠰᠣᠮᠣ ᠶᠢᠨ ᠬᠠᠷᠪᠤᠵᠤ ᠨᠠᠮᠨᠠᠬᠤ ᠶᠤᠰᠤᠨ     ︵ᠨᠢᠭᠡ︶ ᠬᠠᠷᠪᠤᠵᠤ ᠨᠠᠮᠨᠠᠬᠤ ᠲᠦᠷᠦᠯ ᠵᠦᠢᠯ     1. ᠶᠠᠪᠠᠭᠠᠨ ᠢᠶᠠᠷ ᠬᠠᠷᠪᠤᠬᠤ ︵1︶ ᠰᠠᠷᠠᠨ ᠫᠠᠢ ᠬᠠᠷᠪᠤᠬᠤ ᠮᠦᠷᠦ᠋ᠢᠴᠡᠭᠡᠨ ᠪᠤᠯ ᠡᠷᠲᠡᠨ ᠤ ᠮᠣᠩᠭᠤᠯ ᠦᠨᠳᠦᠰᠦᠲᠡᠨ ᠤ ᠠᠯᠠᠭ ᠦᠬᠡᠷ ᠤᠨ ᠠᠷᠠᠰᠤ ᠬᠠᠷᠪᠤᠬᠤ ᠮᠦᠷᠦ᠋ᠢᠴᠡᠭᠡᠨ ᠠᠴᠠ ᠤᠯᠠᠷᠢᠨ ᠬᠦᠭᠵᠢᠵᠤ ᠢᠷᠡᠵᠡᠢ︔ ᠦᠬᠡᠷ ᠤᠨ ᠠᠷᠠᠰᠤ ᠨᠢ ᠲᠡᠯᠡᠵᠤ ᠪᠤᠰᠬᠠᠬᠤ ᠪᠠ ᠠᠪᠴᠤ ᠶᠠᠪᠤᠬᠤ ᠳᠤ ᠳᠦᠭᠦᠮ ᠦᠭᠡᠢ ᠲᠤᠯᠠ ᠰᠠᠷᠠᠨ ᠫᠠᠢ ᠶᠢ ᠡᠭᠦᠳᠴᠡᠢ᠃ [3] ︵2︶ ᠬᠤᠯᠠ ᠶᠢᠨ ᠬᠠᠷᠪᠤᠯᠲᠠ ᠪᠤᠯ ᠮᠣᠩᠭᠤᠯ ᠦᠨᠳᠦᠰᠦᠲᠡᠨ ᠤ ᠡᠷᠲᠡᠨ ᠤ ᠦᠶ᠎ᠡ ᠳᠤ ᠤᠯᠠᠮᠵᠢᠯᠠᠭᠳᠠᠵᠤ ᠪᠠᠶᠢᠠᠭᠰᠠᠨ ᠨᠢᠭᠡᠨ ᠵᠦᠢᠯ ᠤᠨ ᠡᠷ᠎ᠡ ᠶᠢᠨ ᠴᠢᠳᠠᠯ ᠢ ᠰᠢᠯᠭᠠᠷᠠᠭᠤᠯᠬᠤ ᠮᠦᠷᠦ᠋ᠢᠴᠡᠭᠡᠨ ᠮᠦᠨ᠃ ᠲᠤᠰ ᠮᠦᠷᠦ᠋ᠢᠴᠡᠭᠡᠨ ᠳᠤ ᠭᠤᠤᠯᠳᠠᠭᠤ ᠡᠷᠡᠴᠤᠳ ᠤᠨ ᠨᠤᠮᠤ ᠲᠠᠲᠠᠬᠤ ᠬᠦᠴᠤᠨ ᠴᠢᠳᠠᠯ ᠢ ᠰᠢᠯᠭᠠᠷᠠᠭᠤᠯᠬᠤ ᠲᠤᠯᠠ ᠠᠯᠢ ᠬᠤᠯᠠ ᠬᠠᠷᠪᠤᠵᠤ ᠤᠨᠤᠬᠤ ᠪᠠᠷ ᠮᠦᠷᠦ᠋ᠢᠴᠡᠳᠡᠭ᠃ ᠡᠭᠦᠨ ᠤ ᠲᠤᠬᠠᠢ ᠴᠢᠩᠬᠢᠰ ᠤᠨ ᠴᠢᠯᠠᠭᠤᠨ ᠪᠢᠴᠢᠭ ᠲᠤ ᠬᠢ ᠶᠢᠰᠤᠬᠡᠢ ᠮᠡᠷᠭᠡᠨ 335 ᠠᠯᠳᠠ ᠶᠢᠨ ᠭᠠᠵᠠᠷ ᠤᠨ ᠬᠠᠷᠪᠤᠭᠤᠯ ᠬᠠᠷᠪᠤᠵᠤ ᠣᠨᠣᠭᠰᠡᠨ ᠶᠠᠪᠤᠳᠠᠯ ᠪᠤᠯ ᠨᠢᠭᠡᠨ ᠭᠡᠷᠡᠴᠢ ᠪᠠᠷᠢᠮᠲᠠ ᠮᠦᠨ᠃ [4] 2. ᠬᠦᠯᠦᠭ ᠳᠤᠪᠲᠤᠯᠭᠠᠨ ᠳᠠᠪᠬᠢᠵᠤ ᠬᠠᠷᠪᠤᠬᠤ ︵1︶ ᠤᠳᠠ ᠬᠠᠷᠪᠤᠬᠤ ᠪᠤᠯ ᠡᠷᠲᠡ ᠳᠡᠭᠡᠷ᠎ᠡ ᠦᠶ᠎ᠡ ᠶᠢᠨ ᠶᠠᠪᠠᠭᠠᠨ ᠢᠶᠠᠷ ᠤᠳᠠ ᠬᠠᠷᠪᠤᠬᠤ ᠨᠠᠭᠠᠳᠤᠮ ᠢ ᠭᠦᠯᠦᠭ ᠤᠨ ᠨᠢᠷᠤᠭᠤᠨ ᠳᠡᠭᠡᠷ᠎ᠡ ᠰᠢᠯᠵᠢᠭᠦᠯᠤᠭᠡᠳ ᠭᠦᠯᠦᠭ ᠤᠨ ᠵᠠᠰᠠᠯ᠂ ᠡᠷ᠎ᠡ ᠶᠢᠨ ᠮᠡᠷᠭᠡᠨ ᠢ ᠰᠢᠯᠭᠠᠷᠠᠭᠤᠯᠤᠭᠰᠠᠨ ᠨᠠᠭᠠᠳᠤᠮ ᠶᠤᠮ᠃ ᠲᠤᠰ ᠵᠦᠢᠯ ᠤᠨ ᠨᠠᠭᠠᠳᠤᠮ ᠤᠨ ᠬᠡᠯᠪᠡᠷᠢ ᠨᠢ ᠮᠦᠨ ᠴᠤ ᠮᠣᠩᠭᠤᠯ ᠤᠨ ᠳᠡᠭᠡᠳᠤ ᠰᠢᠶᠠᠨᠪᠢ ᠠᠶᠢᠮᠠᠭ ᠤᠨ ᠦᠶ᠎ᠡ ᠠᠴᠠ ᠤᠯᠠᠮᠵᠢᠯᠠᠵᠤ᠂ ᠬᠢᠳᠠᠨ ᠪᠤᠯᠤᠨ ᠠᠯᠲᠠᠨ ᠤᠯᠤᠰ ᠤᠨ ᠦᠶ᠎ᠡ ᠳᠤ ᠲᠡᠤᠬᠡ ᠪᠢᠴᠢᠭ ᠲᠤ ᠲᠡᠮᠳᠡᠭᠯᠡᠭᠳᠡᠨ ᠦᠯᠡᠳᠡᠭᠰᠡᠨ ᠬᠦᠷᠦᠩᠭᠡ ᠪᠤᠯᠤᠨ᠎ᠠ᠃ [5] ︵2︶ ᠪᠦᠮᠪᠦᠭᠡ ᠨᠠᠮᠨᠠᠬᠤ ᠨᠢ ᠳᠦᠴᠢᠨ ᠲᠠᠪᠤᠨ ᠠᠯᠳᠠ ᠭᠠᠵᠠᠷ ᠢ ᠭᠤᠷᠪᠠ ᠬᠤᠪᠢᠶᠠᠵᠤ᠂ ᠠᠷᠪᠠᠨ ᠲᠠᠪᠤᠨ ᠠᠯᠳᠠ ᠭᠠᠵᠠᠷ ᠲᠤ ᠨᠢᠭᠡᠨ ᠪᠦᠮᠪᠦᠭᠡ ᠶᠢ ᠮᠤᠷᠢ ᠲᠠᠢ ᠬᠦᠮᠦᠨ ᠤ ᠵᠡᠷᠭᠡᠯᠡᠭᠡ ᠪᠠᠷ ᠴᠤᠪᠤᠷᠠᠭᠤᠯᠤᠨ ᠭᠤᠷᠪᠠ ᠪᠤᠰᠬᠠᠨ᠎ᠠ᠂ ᠡᠭᠦᠨ ᠢ ᠬᠡᠳᠦᠨ ᠠᠯᠬᠤᠮ ᠤᠨ ᠵᠠᠢ ᠲᠠᠢ ᠱᠤᠭᠤᠮ ᠢᠶᠠᠷ ᠮᠤᠷᠢᠨ ᠤ ᠬᠤᠷᠳᠤᠨ ᠭᠦᠶᠤᠳᠡᠯ ᠢᠶᠠᠷ ᠬᠦᠮᠤᠨ ᠪᠦᠷᠢ ᠭᠤᠷᠪᠠᠨ ᠪᠤᠭᠤᠨᠢ ᠮᠤᠳᠤᠨ ᠰᠤᠮᠤ ᠪᠠᠷ ᠬᠠᠷᠪᠤᠵᠤ ᠦᠩᠭᠡᠷᠡᠬᠦ ᠳᠤ ᠪᠠᠨ ᠭᠤᠷᠪᠠ ᠬᠤᠶᠠᠷ ᠪᠠ ᠨᠢᠭᠡ ᠪᠦᠮᠪᠦᠭᠡ ᠶᠢ  ᠤᠨᠤᠭᠠᠭᠰᠠᠨ ᠬᠦᠮᠤᠨ ᠢ ᠱᠠᠩᠨᠠᠯ ᠳᠤ ᠤᠷᠤᠭᠤᠯᠳᠠᠭ᠃ [6]    ︵ᠬᠤᠶᠠᠷ︶ ᠮᠣᠩᠭᠤᠯ ᠦᠨᠳᠦᠰᠦᠲᠡᠨ ᠤ ᠣᠯᠠᠮᠵᠢᠯᠠᠯᠲᠣ ᠨᠣᠮᠤ ᠰᠣᠮᠣ ᠶᠢᠨ ᠬᠠᠷᠪᠤᠵᠤ ᠨᠠᠮᠨᠠᠬᠤ ᠳᠦᠷᠢᠮ ᠶᠤᠰᠤᠨ ᠬᠠᠷᠪᠤᠯᠲᠠ ᠶᠢᠨ ᠬᠢᠷᠢ ᠪᠦᠲᠦᠮᠵᠢ ᠶᠢ ᠪᠤᠳᠤᠬᠤ ᠳᠤ ᠰᠠᠷᠠᠨ ᠫᠠᠢ ᠶᠢᠨ ᠭᠤᠤᠯ ︵ᠨᠠᠷᠠᠨ ᠭᠤᠤᠯ︶᠎ ᠢ ᠤᠨᠤᠭᠠᠪᠠᠯ᠂ ᠲᠠᠪᠤᠨ ᠬᠤᠪᠢ ᠲᠡᠮᠳᠡᠭᠯᠡᠵᠤ᠂ ᠲᠠᠯᠠᠪᠠᠢ ᠳᠤ ᠪᠠᠶᠢᠭ᠎ᠠ ᠤᠷᠤᠯᠴᠠᠬᠴᠢᠳ ᠪᠠ ᠦᠵᠡᠭᠴᠢᠳ ᠤᠤᠬᠠᠶᠢᠯᠠᠨ ᠬᠠᠰᠭᠢᠷᠳᠠᠭ᠃ ᠲᠡᠭᠦᠨ ᠤ ᠭᠠᠳᠠᠨᠠᠬᠢ ᠨᠢ ᠳᠦᠷᠪᠡᠨ ᠬᠤᠪᠢ᠂ ᠭᠤᠷᠪᠠᠳᠤᠭᠠᠷ ᠴᠠᠭᠠᠷᠢᠭ ᠨᠢ ᠭᠤᠷᠪᠠᠨ ᠬᠤᠪᠢ᠂ ᠳᠦᠷᠪᠡᠳᠦᠭᠡᠷ ᠴᠠᠭᠠᠷᠢᠭ ᠨᠢ ᠬᠤᠶᠠᠷ ᠬᠤᠪᠢ᠂ ᠬᠠᠮᠤᠭ ᠤᠨ ᠭᠠᠳᠠᠨᠠᠬᠢ ᠨᠢ ᠨᠢᠭᠡ ᠬᠤᠪᠢ᠃ ᠬᠡᠷᠪᠡ ᠬᠠᠷᠪᠤᠯᠲᠠ ᠶᠢᠨ ᠳᠤᠮᠳᠠ ᠰᠤᠮᠤ ᠨᠢ ᠫᠠᠢ ᠳᠡᠭᠡᠷ᠎ᠡ ᠲᠤᠰᠤᠭᠠᠳ ᠬᠤᠶᠠᠷ ᠴᠠᠭᠠᠷᠢᠭ ᠤᠨ ᠳᠤᠮᠳᠠ ᠬᠠᠪᠴᠢᠬᠳᠠᠬᠤ ᠪᠤᠶᠤ ᠴᠠᠭᠠᠷᠢᠭ ᠢ ᠤᠨᠠᠭᠠᠵᠤ ᠳᠡᠶᠢᠯᠬᠦ ᠦᠭᠡᠢ ᠪᠤᠯ ᠭᠠᠳᠠᠨᠠᠬᠢ ᠴᠠᠭᠠᠷᠢᠭ ᠤᠨ ᠬᠤᠪᠢ ᠪᠠᠷ ᠪᠤᠳᠤᠨ᠎ᠠ᠃ [7] ᠣᠳᠣ ᠪᠣᠯ ᠲᠣᠭᠲᠠᠭᠰᠠᠨ ᠬᠡᠮᠵᠢᠶ᠎ᠡ ᠠᠴᠠ ︵ᠡᠷᠡᠭᠲᠡᠢ ᠡᠮᠡᠭᠲᠡᠢ ᠶᠢᠨ 30 ᠮᠧᠳ᠋ᠷ ᠪᠤᠶᠤ 40 ᠮᠧᠳ᠋ᠷ᠂ ᠡᠷᠡᠭᠲᠡᠢ ᠬᠡᠦᠬᠡᠳ ᠨᠠᠰᠤᠨ ᠤ 4 ᠮᠧᠲᠷ᠂ ᠡᠮᠡᠭᠲᠡᠢ ᠬᠡᠦᠬᠡᠳ ᠨᠠᠰᠤᠨ ᠤ 3  ᠮᠧᠲᠷ︶ ᠰᠠᠷᠠᠨ ᠫᠠᠢ᠂ ᠪᠦᠯᠥᠩᠬᠡ ᠵᠡᠷᠭᠡ ᠶᠢ ᠬᠠᠷᠪᠤᠳᠠᠭ᠃ ᠡᠮᠤᠰᠬᠡᠯ ᠵᠠᠰᠠᠯ ᠤᠨ ᠬᠤᠪᠢ ᠠᠴᠠ ᠠᠪᠴᠤ ᠦᠵᠡᠪᠡᠯ᠂ ᠦᠨᠳᠦᠰᠦᠲᠡᠨ ᠤ ᠰᠤᠷ ᠬᠠᠷᠪᠤᠭ᠎ᠠ ᠶᠢ ᠬᠠᠷᠪᠣᠳᠠᠭ ᠬᠦᠮᠦᠨ ᠪᠦᠷ ᠤᠯᠠᠮᠵᠢᠯᠠᠯᠲᠤ ᠮᠣᠩᠭᠤᠯ ᠳᠡᠪᠡᠯ᠂ ᠮᠤᠩᠭᠤᠯ ᠮᠠᠯᠠᠭᠠᠢ᠂ ᠭᠤᠲᠤᠯ ᠡᠮᠦᠰᠬᠦ ᠶᠢᠨ ᠬᠠᠮᠲᠤ ᠲᠤᠬᠤᠢ ᠶᠢᠨ ᠪᠣᠭᠤᠯᠲᠠ ︵ᠬᠠᠨᠴᠤᠢ ᠪᠠᠨ ᠣᠷᠢᠶᠠᠵᠤ ᠪᠣᠭᠤᠳᠠᠭ ᠰᠣᠷ ᠪᠣᠶᠤ ᠤᠳᠠᠰᠤ︶᠂ ᠰᠣᠷ ᠬᠠᠷᠪᠤᠬᠤ ᠪᠠᠷ ᠵᠣᠭᠰᠤᠭᠠᠯ ᠳᠡᠭᠡᠷ᠎ᠡ ᠣᠴᠢᠬᠤ ᠳᠤ ᠪᠠᠨ ᠬᠠᠷᠪᠤᠬᠤ ᠰᠣᠮᠤ ᠪᠠᠨ ᠳᠣᠭᠲᠠᠭᠠᠬᠤ ᠪᠦᠰᠡ ᠬᠡᠷᠡᠭᠯᠡᠨ᠎ᠡ᠃    ︵ᠭᠤᠷᠪᠠ︶ ᠮᠣᠩᠭᠤᠯ ᠦᠨᠳᠦᠰᠦᠲᠡᠨ ᠤ ᠣᠯᠠᠮᠵᠢᠯᠠᠯᠲᠣ ᠨᠣᠮᠤ ᠰᠣᠮᠣ ᠶᠢᠨ ᠬᠠᠷᠪᠤᠵᠤ ᠨᠠᠮᠨᠠᠬᠤ ᠴᠡᠭᠡᠷ ᠶᠤᠰᠤ ᠨᠣᠮᠤ ᠰᠣᠮᠤ ᠨᠢ ᠴᠠᠴᠠ ᠮᠡᠷᠭᠡᠨ ᠦᠵᠡᠵᠦ ᠣᠨᠤᠵᠤ ᠬᠠᠷᠪᠤᠬᠤ ᠶᠢᠨ ᠬᠠᠮᠲᠤ ᠬᠠᠷᠪᠤᠭᠠᠴᠢᠳ ᠨᠢ ᠪᠡᠶ᠎ᠡ ᠪᠡᠶ᠎ᠡ ᠪᠠᠨ ᠬᠦᠨᠳᠦᠳᠭᠡᠬᠦ᠂ ᠠᠬᠠᠮᠠᠳ ᠬᠠᠷᠪᠤᠭᠠᠴᠢᠳ ᠤᠨ ᠦᠭᠡ ᠰᠤᠷᠭᠠᠯ ᠢ ᠰᠣᠨᠤᠰᠬᠤ᠂ ᠠᠬᠠᠮᠠᠳ ᠪᠤᠶᠤ ᠵᠡᠷᠭᠡ ᠴᠤᠯᠠ ᠲᠠᠢ ᠬᠦᠮᠦᠰ ᠢᠶᠠᠨ ᠬᠦᠨᠳᠦᠳᠬᠡᠨ ᠠᠶᠢᠯ ᠳᠤ ᠣᠷᠤᠭᠠᠳ ᠰᠠᠭᠤᠬᠤ ᠳᠤ ᠪᠠᠨ ᠬᠦᠷᠲᠡᠯ᠎ᠡ ᠴᠤᠯᠠ ᠶᠢᠨ ᠲᠠᠷᠠᠭᠠᠯᠠᠯ ᠢᠶᠠᠷ ᠰᠠᠭᠤᠨ᠎ᠠ᠂ ᠲᠤᠬᠠᠶᠢᠯᠠᠪᠠᠯ᠄ ᠮᠡᠷᠭᠡᠨ ᠴᠤᠯᠠ ᠲᠠᠢ ᠬᠦᠮᠦᠰ ᠤᠨ ᠳᠠᠷᠠᠭ᠎ᠠ ᠰᠫᠣᠷᠲ ᠤᠨ ᠮᠠᠰᠲ᠋ᠧᠷ᠂ ᠲᠡᠭᠦᠨ ᠤ ᠳᠠᠷᠠᠭ᠎ᠠ ᠠᠶᠢᠮᠠᠭ ᠰᠣᠮᠤ ᠶᠢᠨ ᠮᠡᠷᠭᠡᠴᠤᠳ ᠵᠡᠷᠭᠡ ᠬᠠᠷᠪᠤᠭᠠᠴᠢᠳ ᠤᠨ ᠰᠠᠭᠤᠬᠤ ᠵᠢᠱᠢᠶ᠎ᠡ ᠲᠠᠢ᠃ ᠬᠡᠨ ᠴᠦ ᠱᠠᠭᠠᠷᠳᠠᠭ᠎ᠠ ᠦᠭᠡᠢ ᠡᠨᠡ ᠭᠦ᠋‍ ᠲᠢᠭ ᠵᠢᠷᠤᠮ ᠨᠢ ᠡᠷᠲᠡ ᠳᠡᠭᠡᠷ᠎ᠡ ᠦᠶ᠎ᠡ ᠠᠴᠠ ᠦᠨᠦᠳᠦᠷ ᠲᠤ ᠬᠦᠷᠲᠡᠯ᠎ᠡ ᠤᠯᠠᠮᠵᠢᠯᠠᠭᠳᠠᠨ᠂ ᠬᠡᠦᠬᠡᠳ ᠵᠠᠯᠠᠭᠤᠴᠤᠳ ᠮᠦᠷᠳᠡᠨ ᠬᠡᠷᠡᠭᠵᠢᠭᠦᠯᠵᠦ ᠪᠠᠶᠢᠭ᠎ᠠ ᠨᠢ ᠵᠠᠩ ᠶᠣᠰᠤ ᠰᠤᠷᠲᠠᠬᠤᠨ ᠢ ᠲᠦᠯᠦᠪᠰᠢᠯ ᠣᠯᠭᠤᠬᠤ ᠳᠤ ᠴᠢᠬᠤᠯᠠ ᠡᠭᠦᠷᠭᠡ ᠶᠢ ᠬᠦᠢᠴᠡᠳᠬᠡᠵᠦ ᠢᠷᠡᠵᠡᠢ᠃ ᠡᠷᠲᠡ ᠳᠡᠭᠡᠷ᠎ᠡ ᠦᠶ᠎ᠡ ᠠᠴᠠ ᠠᠭᠤᠯᠠ ᠣᠪᠤᠭᠠᠨ ᠤ ᠲᠠᠬᠢᠯᠭ᠎ᠠ᠂ ᠮᠣᠩᠭᠤᠯ ᠤᠨ ᠣᠯᠠᠮᠵᠢᠯᠠᠯᠲᠤ ᠴᠠᠭᠠᠨ ᠰᠠᠷ᠎ᠠ ᠳᠤ ᠭᠡᠷ ᠤᠨ ᠲᠣᠭᠤᠨᠣ ᠪᠠᠷ ᠰᠣᠷ ᠬᠠᠷᠪᠣᠵᠤ ᠲᠤᠬᠠᠢ ᠶᠢᠨ ᠠᠶᠢᠯ ᠡᠷᠦᠬᠡ ᠶᠢᠨ ᠰᠢᠨ᠎ᠡ ᠣᠨ ᠳᠤ ᠪᠠᠨ ᠠᠵᠠ ᠵᠢᠷᠭᠠᠯᠲᠠᠢ᠂ ᠣᠯᠵᠠ ᠣᠮᠤᠭ ᠲᠠᠢ᠂ ᠡᠷᠡᠭᠦᠯ ᠡᠩᠬᠡ ᠪᠠᠶᠢᠬᠤ ᠶᠢ ᠪᠡᠯᠭᠡᠳᠡᠨ᠂ ᠮᠠᠭᠤ ᠮᠠᠭᠤᠬᠠᠢ ᠪᠦᠬᠦᠨ ᠢ ᠬᠦᠭᠡᠭᠡᠨ ᠵᠠᠶᠢᠯᠠᠭᠤᠯᠳᠠᠭ ᠵᠠᠩ ᠦᠢᠯᠡ ᠲᠠᠢ ᠪᠠᠶᠢᠭᠰᠠᠨ ᠶᠤᠮ᠃ ᠡᠨᠡ ᠵᠠᠩᠰᠢᠯ ᠣᠳᠣ ᠴᠦ ᠦᠷᠭᠦᠯᠵᠢᠯᠡᠨ ᠣᠯᠠᠮᠵᠢᠯᠠᠭᠳᠠᠵᠣ ᠪᠠᠶᠢᠨ᠎ᠠ᠃ ᠮᠦᠨ ᠠᠶᠢᠯ ᠭᠡᠷ ᠲᠤ ᠵᠢᠪᠠᠷ ᠡᠷᠭᠦᠬᠦ᠂ ᠮᠠᠭᠤ ᠮᠠᠭᠤᠬᠠᠢ ᠶᠢ ᠵᠠᠶᠢᠯᠠᠭᠤᠯᠬᠤ᠂ ᠠᠵᠠ ᠵᠢᠷᠭᠠᠯ ᠢ ᠠᠪᠴᠢᠷᠠᠬᠤ ᠰᠢᠳᠢ ᠲᠠᠢ ᠭᠡᠵᠦ ᠦᠵᠡᠵᠦ᠂ ᠭᠡᠷ ᠲᠤ ᠪᠠᠨ ᠨᠣᠮᠤ ᠰᠤᠮᠤ ᠵᠠᠯᠠᠬᠤ ᠶᠣᠰᠤ ᠶᠢ ᠡᠷᠬᠢᠮᠯᠡᠬᠦ ᠨᠢ ᠵᠢᠯ ᠠᠴᠠ ᠵᠢᠯ ᠳᠤ ᠨᠡᠮᠡᠭᠳᠡᠵᠦ ᠪᠠᠶᠢᠨ᠎ᠠ᠃ ᠰᠡᠭᠦᠯ ᠤᠨ ᠦᠶ᠎ᠡ ᠳᠤ ᠵᠠᠯᠠᠭᠤᠴᠤᠳ ᠡᠷᠲᠡᠨ ᠤ ᠤᠯᠠᠮᠵᠢᠯᠠᠯᠲᠤ ᠵᠠᠩ ᠵᠠᠩᠰᠢᠯ ᠢᠶᠠᠷ ᠭᠡᠷ ᠲᠤ ᠪᠠᠨ ᠮᠣᠷᠢᠨ ᠬᠤᠭᠤᠷ᠂ ᠨᠣᠮᠤ ᠰᠤᠮᠤ ᠶᠢ ᠬᠦᠨᠳᠦᠲᠡᠢ ᠭᠠᠵᠠᠷ ᠢᠶᠠᠨ ᠪᠠᠶᠢᠷᠢᠯᠠᠭᠤᠯᠵᠣ᠂ ᠴᠠᠭᠠᠨ ᠰᠠᠷ᠎ᠠ᠂ ᠦᠨᠳᠦᠰᠦᠲᠡᠨ ᠤ ᠤᠯᠠᠮᠵᠢᠯᠠᠯᠲᠤ ᠪᠠᠶᠠᠷ ᠨᠠᠭᠠᠳᠤᠮ ᠢᠶᠠᠷ ᠬᠦᠨᠳᠦᠳᠭᠡᠯ ᠦᠵᠡᠭᠦᠯᠵᠦ ᠪᠢᠰᠢᠷᠡᠨ ᠰᠢᠳᠦᠳᠡᠭ ᠵᠠᠩ ᠦᠢᠯᠡ ᠲᠠᠯᠭᠡᠷᠡᠵᠦ ᠪᠠᠶᠢᠭ᠎ᠠ ᠨᠢ ᠤᠯᠮᠠᠵᠢᠯᠠᠯᠲᠤ ᠰᠣᠶᠤᠯ ᠢ ᠰᠤᠷᠤᠯᠴᠠᠵᠤ ᠲᠠᠯᠭᠡᠷᠡᠭᠦᠯᠵᠤ ᠪᠠᠶᠢᠭ᠎ᠠ ᠶᠢᠨ ᠢᠯᠡᠷᠡᠯ ᠮᠦᠨ᠃     ᠳᠦᠷᠪᠠ᠂ ᠣᠯᠠᠮᠵᠢᠯᠠᠯᠲᠣ ᠨᠣᠮᠤ ᠰᠣᠮᠣ ᠶᠢᠨ ᠬᠦᠭᠵᠢᠯᠲᠡ ᠶᠢᠨ ᠬᠠᠨᠳᠤᠰᠢ     ᠮᠣᠩᠭᠤᠯ ᠦᠨᠳᠦᠰᠦᠲᠡᠨ ᠤ ᠣᠯᠠᠮᠵᠢᠯᠠᠯᠲᠣ ᠨᠣᠮᠤ ᠰᠣᠮᠣ ᠨᠢ ᠮᠤᠩᠭᠤᠯᠴᠤᠳ ᠤᠨ ᠠᠮᠢᠳᠤᠷᠠᠯ ᠤᠨ ᠴᠢᠬᠤᠯᠠ ᠪᠠᠭᠠᠵᠢ ᠬᠡᠷᠡᠭᠰᠡᠯ ᠪᠠᠶᠢᠵᠤ᠂ ᠠᠩ ᠭᠦᠷᠤᠭᠡ ᠬᠢᠵᠤ ᠠᠳᠠᠯ ᠠᠮᠢᠳᠤᠷᠠᠯ ᠤᠨ ᠬᠡᠷᠡᠭᠴᠡᠭᠡ ᠪᠠᠨ ᠬᠠᠩᠭᠠᠵᠤ᠂ ᠳᠠᠶᠢᠨ ᠤ ᠵᠡᠪᠰᠡᠭ ᠪᠤᠯᠵᠤ ᠳᠠᠶᠢᠰᠤᠨ ᠢ ᠬᠤᠯᠠ ᠠᠴᠠ ᠬᠠᠷᠪᠤᠵᠤ ᠠᠯᠠᠨ᠂ ᠦᠪᠡᠷ ᠤᠨ ᠴᠡᠷᠢᠭ ᠢᠶᠠᠨ ᠵᠤᠬᠢᠬᠤ ᠬᠡᠮᠵᠢᠶ᠎ᠡ ᠪᠠᠷ ᠬᠠᠮᠠᠭᠠᠯᠠᠵᠤ ᠴᠢᠳᠠᠭᠰᠠᠨ ᠪᠠᠶᠢᠳᠠᠭ᠃ ᠨᠡᠶᠢᠭᠡᠮ ᠤᠨ ᠪᠠᠶᠢᠳᠠᠯ ᠡᠩᠬᠡ ᠲᠠᠶᠢᠪᠥᠩ ᠪᠤᠯᠤᠭᠰᠠᠨ ᠤ ᠳᠠᠷᠠᠭ᠎ᠠ ᠨᠤᠮᠤ ᠰᠤᠮᠤ ᠶᠢ ᠴᠦᠭᠡᠨ ᠲᠤᠭᠠᠨ ᠤ ᠬᠦᠮᠤᠨ ᠦᠪᠯᠡᠵᠤ ᠤᠯᠠᠮᠵᠢᠯᠠᠭᠰᠠᠨ ᠪᠠᠶᠢᠨ᠎ᠠ᠃ ᠢᠡᠭᠬᠢᠭᠡᠳ ᠤᠯᠠᠮᠵᠢᠯᠠᠯᠲᠤ ᠪᠡᠶ᠎ᠡ ᠶᠢᠨ ᠲᠠᠮᠢᠷ ᠤᠨ ᠵᠦᠢᠯ ᠪᠤᠯᠵᠤ᠂ ᠡᠨᠡ ᠭᠦ ᠦᠢᠯᠠᠰ ᠢ ᠪᠠᠳᠠᠷᠠᠭᠤᠯᠤᠨ ᠬᠦᠭᠵᠢᠭᠦᠯᠬᠦ ᠳᠤ ᠨᠤᠮᠤ ᠰᠤᠮᠤ ᠶᠢᠨ ᠤᠷᠮ᠎ᠠ ᠪᠠᠭ᠋ᠠᠳᠠᠳ ᠬᠤᠪᠢ ᠬᠤᠪᠢᠨ ᠤ ᠨᠡᠮᠡᠷᠢ ᠪᠠᠨ ᠦᠵᠡᠭᠦᠯᠵᠤ ᠪᠠᠶᠢᠨ᠎ᠠ᠃ ᠤᠳᠤ ᠶᠡᠭᠡ ᠪᠠᠭ᠎ᠠ ᠨᠠᠶᠢᠷ ᠨᠠᠭᠠᠳᠤᠮ ᠳᠤ ᠨᠤᠮᠤ ᠰᠤᠮᠤ ᠤᠷᠤᠯᠳᠤᠨ᠂ ᠴᠦᠭᠡᠨ ᠲᠤᠭᠠᠲᠤ ᠦᠨᠳᠤᠰᠤᠲᠡᠨ ᠤ ᠪᠡᠶ᠎ᠡ ᠶᠢᠨ ᠲᠠᠮᠢᠷ ᠤᠨ ᠮᠦᠷᠦ᠋ᠢᠴᠡᠭᠡᠨ ᠳᠤ ᠦᠵᠡᠭᠦᠯᠭᠡ ᠶᠢᠨ ᠲᠦᠷᠤᠯ ᠵᠦᠢᠯ ᠢᠶᠠᠷ ᠤᠷᠤᠵᠤ᠂ ᠮᠦᠨ ᠴᠤ ᠪᠦᠬᠦ ᠤᠷᠤᠨ ᠤ ᠪᠡᠶ᠎ᠡ ᠶᠢᠨ ᠲᠠᠮᠢᠷ ᠤᠨ ᠮᠦᠷᠦ᠋ᠢᠴᠡᠭᠡᠨ ᠳᠤ ᠤᠯᠠᠨ ᠲᠦᠮᠡᠨᠴᠢ ᠲᠠᠮᠢᠷ ᠤᠨ ᠳᠤᠭᠤᠶᠢᠯᠠᠩ ᠤᠨ ᠲᠦᠷᠤᠯ ᠵᠦᠢᠯ ᠢᠶᠠᠷ ᠤᠷᠤᠬᠰᠠᠨ ᠪᠠᠶᠢᠨ᠎ᠠ᠃     ᠡᠷ᠎ᠡ ᠶᠢᠨ ᠭᠤᠷᠪᠠᠨ ᠨᠠᠭᠠᠳᠤᠮ ᠤᠨ ᠨᠢᠭᠡ ᠪᠤᠯᠤᠭᠰᠠᠨ ᠨᠤᠮᠤ ᠰᠤᠮᠤ ᠨᠢ ᠤᠳᠤ ᠶᠢᠨ ᠮᠤᠩᠭᠤᠯ ᠦᠨᠳᠤᠰᠤᠲᠡᠨ ᠤ ᠳᠤᠮᠳᠠ ᠦᠷᠭᠡᠨ ᠢᠶᠠᠷ ᠲᠠᠷᠬᠠᠭᠠᠭᠳᠠᠵᠤ᠂ ᠶᠡᠭᠡ ᠪᠠᠭ᠎ᠠ ᠨᠠᠶᠢᠷ ᠭᠡᠰᠡᠨ ᠦᠭᠡᠢ ᠪᠦᠭᠦᠳᠡ ᠢᠳᠡᠪᠬᠢᠲᠠᠢ ᠦᠷᠨᠢᠭᠦᠯᠵᠤ᠂ ᠨᠤᠮᠤ ᠰᠤᠮᠤ ᠶᠢᠨ ᠤᠷᠤᠯᠳᠤᠭᠠᠨ ᠳᠤ ᠣᠷᠣᠯᠴᠠᠬᠤ ᠬᠦᠮᠦᠨ ᠴᠦ ᠤᠯᠠᠮ ᠢᠶᠠᠷ ᠤᠯᠠᠰᠢᠷᠠᠵᠤ ᠪᠠᠶᠢᠨ᠎ᠠ᠃ ᠵᠡᠭᠦᠯᠲᠡ᠄[1][2][7] ᠬᠡᠷᠡᠶᠢᠳ ᠪᠠᠬᠢᠪᠠᠲᠦ᠂ ︽ᠮᠣᠩᠭᠤᠯ ᠨᠠᠭᠠᠳᠤᠮ ᠤᠨ ᠤᠴᠢᠷ︾᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2009 ᠤᠨ ᠤ 10 [3][4][5][6] ᠠᠯᠲᠠᠨ᠋ᠧᠴᠢᠷ᠂ ︽ᠡᠷ᠎ᠡ ᠶᠢᠨ ᠭᠤᠷᠪᠠᠨ ᠨᠠᠭᠠᠳᠤᠮ︾᠂ ᠦᠪᠦᠷ ᠮᠣᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2016 ᠤᠨ ᠤ 5 ᠰᠠᠷ᠎ᠠ         ᠬᠠᠶ᠋ᠢᠬ᠄ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠲᠠᠮᠢᠷ ᠤᠨ ᠳᠡᠭᠡᠳᠦ ᠰᠤᠷᠭᠠᠭᠤᠯᠢ       ︵ᠲᠤ᠋ · ᠦᠯᠵᠠᠶᠢᠰᠠᠩ ᠨᠠᠶᠢᠷᠠᠭᠤᠯᠪᠠ︶ 2018 ᠣᠨ ᠤ 9 ᠳ᠋ᠦ᠋ᠭᠡᠷ ᠬᠤᠭᠤᠴᠠᠭ᠎ᠠ 
 
ᠢᠷᠡᠯᠲᠡ᠄ ᠵᠢᠨᠢᠡᠭ ᠲᠤᠭᠤᠷᠢᠭ ᠤᠨ ᠵᠠᠰᠠᠭ ᠤᠨ ᠤᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2